ᠬᠦᠯᠦᠭ ᠴᠢᠨ᠋ᠸ᠎ᠠ ᠨᠤᠳᠤᠭ ᠬᠦᠬᠡ ᠮᠤᠩᠭᠤᠯ ᠤᠨ ᠭᠤᠷᠪᠠᠨ ᠰᠦᠨᠡᠰᠦ
ᠨᠡᠶᠢᠲᠡᠯᠡᠭᠰᠡᠨ ᠴᠠᠭ᠄
2018-12-24
                 ᠬᠦᠯᠦᠭ ᠴᠢᠨ᠋ᠸ᠎ᠠ ᠨᠤᠳᠤᠭ ᠬᠦᠬᠡ ᠮᠤᠩᠭᠤᠯ ᠤᠨ ᠭᠤᠷᠪᠠᠨ ᠰᠦᠨᠡᠰᠦ                      ᠦᠪᠦᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ᠰᠤᠷᠪᠤᠯᠵᠢᠯᠠᠭᠴᠢ            ᠬᠦᠭᠵᠢᠯᠳᠦ            ᠬᠦᠪᠴᠢᠨ            ᠬᠠᠢ ᠵᠢᠶᠦ᠋ᠨ            ᠤᠳᠤᠩᠭᠤᠸ᠎ᠠ    ᠬᠠᠭᠤᠴᠢᠨ ᠤ ︽ᠬᠠᠭᠠᠨ ᠲᠠᠢ ᠰᠠᠶᠢᠨ ᠪᠤᠯᠬᠤ ᠪᠠᠷ ᠬᠠᠭᠠᠯᠭᠠᠴᠢᠨ ᠲᠠᠢ ᠨᠢ ᠰᠠᠶᠢᠨ ᠪᠤᠯ︾ ᠬᠡᠳᠡᠭ ᠤᠷᠦ ᠲᠠᠢ ᠦᠬᠡ ᠪᠠᠶᠢᠯ᠎ᠠ᠃ ᠠᠬᠠᠮᠠᠳ ᠵᠤᠬᠢᠶᠠᠯᠴᠢ ᠮᠠᠨᠳᠤᠮᠤᠢ ᠪᠠᠭᠰᠢ ᠶᠢ ᠰᠤᠷᠪᠤᠯᠵᠢᠯᠠᠬᠤ ᠪᠠᠷ ᠬᠦᠷᠦᠬᠡᠳ ᠬᠤᠷᠢᠶᠠᠯᠠᠯ ᠢ ᠨᠢ ᠬᠡᠳᠦ ᠲᠤᠭᠤᠷᠢᠭᠠᠳ ᠠᠷᠠᠢ ᠬᠡᠵᠦ ᠤᠯᠵᠦ ᠤᠷᠤᠪᠠ᠃    ᠬᠠᠶᠠᠭ᠎ᠠ ᠲᠠᠭᠠᠭᠤᠯᠤᠨ ᠲᠠᠯᠪᠢᠭᠰᠠᠨ ᠬᠠᠭᠤᠴᠢᠨ ᠴᠠᠭ᠂ ᠲᠤᠷᠠᠰᠬᠠᠯ ᠲᠠᠢ ᠰᠡᠬᠦᠳᠡᠷ᠂ ᠬᠢᠮᠠᠯ ᠨᠦᠷ᠎ᠠ ᠶᠢᠨ ᠨᠠᠭᠠᠨ᠎ᠠ ᠪᠢᠴᠢᠵᠦ ᠲᠠᠭᠤᠰᠤᠭ᠎ᠠ ᠦᠭᠡᠢ ᠡᠬᠡ ᠨᠤᠤᠷᠠᠭ ᠰᠢᠷᠡᠭᠡ ᠲᠦᠬᠦᠷᠡᠩ ᠦᠷᠦᠭᠳᠡᠵᠦ᠂ ᠡᠵᠡᠨ ᠴᠢᠩᠭᠢᠰ ᠤᠨ ᠬᠦᠷᠦᠭ᠂ ᠮᠤᠩᠭᠤᠯ ᠴᠦᠳᠡᠨᠵᠡ᠂ ᠨᠤᠮ ᠰᠡᠳᠬᠦᠯ᠂ ᠪᠢᠷ ᠪᠡᠭᠡ ᠨᠢ ᠪᠢᠴᠢᠭ ᠤᠨ ᠦᠷᠦᠬᠡᠨ ᠳᠤᠨᠢ ᠦᠪᠡᠷ ᠦᠪᠡᠷ  ᠤᠨ ᠵᠠᠢ ᠪᠠᠨ ᠡᠵᠡᠯᠡᠨ ᠠᠷᠠᠢ ᠪᠠᠰᠠ ᠪᠠᠭᠳᠠᠵᠦ ᠶᠠᠳᠠᠨ᠎ᠠ᠃ ︽ᠭᠤᠷᠮᠤᠰᠤᠨ ᠲᠠᠭᠠᠳᠬᠠᠯ︾ ᠬᠡᠳᠡᠭ ᠨᠤᠮ ᠤᠨ ᠬᠠᠵᠠᠭᠤ ᠪᠠᠷ ᠵᠢᠯᠤᠭᠤ ᠲᠠᠳᠡᠯ ᠦᠭᠡᠢ ᠦᠩᠭᠡᠷᠡᠵᠦ ᠪᠠᠶᠢᠭᠰᠠᠨ ᠴᠦ ᠡᠳᠦᠢ ᠳᠤ ᠬᠦᠷᠳᠡᠯ᠎ᠡ ᠲᠤᠳᠤᠭᠠᠳᠦ ᠶᠢᠷᠳᠢᠨᠴᠦ  ᠪᠠᠷ ᠨᠢ ᠠᠶᠠᠯᠠᠯ ᠦᠭᠡᠢ ᠶᠠᠪᠤᠵᠦ᠂ ᠡᠳᠦᠬᠡ ᠵᠤᠬᠢᠶᠠᠭᠴᠢ ᠲᠠᠢ ᠨᠢ ᠨᠢᠭᠤᠷᠳᠠᠨ ᠵᠤᠯᠭᠠᠬᠤ ᠪᠤᠯᠤᠭᠰᠠᠨ ᠳᠠᠭᠠᠨ ᠵᠢᠭᠠᠬᠠᠨ ᠪᠠᠯᠢᠳᠡᠵᠦ ᠪᠢᠯᠡ᠃
   ᠮᠠᠨᠳᠤᠮᠤᠢ ᠪᠠᠭᠰᠢ ᠬᠡᠵᠦ ᠦᠩᠭᠡᠷᠡᠵᠦ ᠤᠳᠤᠭᠰᠠᠨ ᠴᠠᠭ ᠤᠨ ᠮᠦᠩᠭᠦᠨ ᠬᠢᠷᠠᠭᠤ ᠰᠠᠨᠴᠢᠭ ᠲᠤᠨᠢ ᠪᠠᠭᠤᠭᠰᠠᠨ ᠴᠦ ᠴᠤᠭ ᠵᠢᠪᠬᠤᠭ᠎ᠠ ᠰᠠᠶᠢᠳᠠᠢ᠂ ᠪᠠᠶ᠎ᠠ ᠲᠡᠩᠬᠡᠯᠡᠬᠦᠨ ᠠᠬᠠᠮᠠᠳ ᠪᠠᠶᠢᠯ᠎ᠠ᠃ ᠶᠡᠷᠦ ᠨᠢ ᠬᠦᠮᠦᠨ ᠤ ᠲᠦᠷᠦᠯᠬᠢ ᠤᠢ ᠪᠢᠯᠢᠭ᠂ ᠠᠪᠢᠶᠠᠰ ᠠᠴᠠ ᠪᠤᠯᠤᠭᠠᠳ ᠲᠠᠷᠡ ᠤᠤ᠂ ᠦᠬᠡ ᠵᠤᠭᠤᠭ ᠶᠠᠷᠢᠨ᠎ᠠ ᠬᠡᠳᠡᠭ ᠴᠦ ᠦᠯᠢᠬᠡᠷ ᠲᠡᠤᠬᠡ᠂ ᠤᠷᠠᠨ ᠵᠤᠬᠢᠶᠠᠯ ᠤᠩᠰᠢᠵᠦ ᠪᠠᠶᠢᠭ᠎ᠠ ᠶᠤᠮ ᠰᠢᠭ᠋ ᠡᠬᠢ ᠠᠳᠠᠭ ᠲᠠᠢ᠂ ᠨᠢᠭᠳᠠ ᠨᠠᠶᠢᠷᠠᠮᠵᠢᠳᠠᠢ ᠪᠠᠶᠢᠪᠠ᠃    — ᠲᠡᠬᠡᠷ᠎ᠡ ᠵᠠᠭᠤᠨ ᠤ 72 ᠤᠨ ᠠᠴᠠ ᠡᠬᠢᠯᠡᠨ ᠵᠤᠬᠢᠶᠠᠯ ᠪᠢᠴᠢᠭᠰᠡᠨ ᠬᠦᠮᠦᠨ᠂ ᠦᠨᠡᠨᠳᠡᠬᠡᠨ ᠪᠢ ᠬᠠᠷᠠᠬᠠᠨ ᠪᠠᠭ᠎ᠠ ᠠᠴᠠ ᠪᠠᠨ ᠤᠷᠠᠨ ᠵᠢᠷᠤᠭ ᠲᠤ ᠪᠠᠭ᠋ᠠᠳᠠᠢ ᠪᠠᠶᠢᠭᠰᠠᠨ᠂ ᠵᠢᠷᠤᠭ ᠵᠢᠷᠤᠭᠰᠠᠨ ᠦᠯᠢᠬᠡᠷ ᠴᠦ ᠶᠡᠭᠡ ᠤᠷᠳᠦ ᠳ᠋ᠠ ᠬᠡᠳ ᠮᠠᠨᠳᠤᠮᠤᠢ ᠪᠠᠭᠰᠢ ᠦᠪᠡᠷ ᠤᠨ ᠲᠡᠤᠬᠡ ᠪᠠᠨ ᠶᠠᠷᠢᠵᠦ ᠡᠬᠢᠯᠡᠪᠠ᠃    — 68 ᠤᠨ ᠳᠤ ᠰᠡᠬᠡᠬᠡᠳᠡᠨ ᠬᠦᠳᠡᠭᠡ ᠪᠠᠭᠤᠵᠦ᠂ ᠪᠢ ᠨᠤᠳᠤᠭ ᠲᠠᠭᠠᠨ ᠪᠤᠴᠠᠵᠠᠢ᠃ ᠮᠠᠨ ᠤ ᠨᠤᠳᠤᠭ ᠲᠦᠷᠪᠡᠳ ᠤᠨ ᠪᠠᠶᠠᠨᠴᠤᠭᠳᠦ ᠭᠡᠰᠡᠨ ᠰᠠᠶᠢᠬᠠᠨ ᠨᠤᠳᠤᠭ᠂ ᠲᠡᠷᠡ ᠦᠶ᠎ᠠ ᠳᠤ ᠲᠦᠷᠪᠡᠨ ᠴᠠᠭ ᠢᠶᠠᠷ ᠨᠡᠬᠦᠳᠡᠯᠯᠠᠵᠦ ᠪᠠᠶᠢᠭᠰᠠᠨ᠃ ᠬᠦᠳᠡᠭᠡ ᠭᠠᠷᠴᠦ ᠬᠤᠨᠢ ᠬᠠᠷᠢᠭᠤᠯᠵᠦ ᠪᠠᠶᠢᠬᠤ ᠳᠠᠭᠠᠨ ᠵᠢᠷᠤᠭ ᠵᠢᠷᠤᠭᠠᠳ ᠨᠢᠬᠡ ᠮᠡᠳᠡᠬᠦ ᠳᠤ ᠬᠤᠨᠢ ᠪᠠᠶᠢᠬᠤ ᠦᠭᠡᠢ᠂ ᠲᠡᠭᠡᠭᠡᠳ ᠬᠤᠨᠢ ᠪᠠᠨ ᠠᠯᠳᠠᠵᠦ ᠬᠠᠷ᠎ᠠ ᠬᠤᠷᠳᠦ ᠪᠠᠷ ᠢᠶᠠᠨ ᠦᠨᠳᠦᠷ ᠭᠠᠵᠠᠷ ᠦᠭᠰᠦᠵᠦ ᠬᠤᠯᠠ  ᠶᠢ ᠬᠠᠷᠠᠬᠤ ᠬᠡᠵᠦ ᠬᠦᠶᠦᠵᠦ ᠪᠠᠶᠢᠯ᠎ᠠ᠃ ᠲᠤᠰᠤᠨ ᠪᠤᠳᠤᠭ ᠲᠠᠭᠤᠰᠴᠦ ᠪᠦᠷᠢᠳᠦᠬᠦᠯᠵᠦ ᠠᠪᠬᠤ ᠬᠡᠰᠡᠨ ᠴᠢᠨᠢ ᠪᠡᠬᠡᠵᠢᠩ ᠳᠤ ᠯᠠ ᠰᠠᠶ᠋ᠢ ᠪᠠᠶᠢᠳᠠᠭ ᠬᠡᠨ᠎ᠠ᠃ ᠪᠡᠭᠡᠵᠢᠩ ᠤᠷᠤᠬᠤ ᠭᠠᠷ ᠬᠦᠢᠴᠡᠳᠬᠡᠯ ᠨᠢ ᠴᠢᠩᠭ᠎ᠠ ᠪᠤᠯᠬᠤᠷ ᠬᠦᠷᠴᠦ ᠲᠠᠶᠢᠯᠦᠭᠰᠡᠨ ᠦᠭᠡᠢ ᠤᠷᠮ᠎ᠠ ᠬᠠᠷᠢᠵᠦ ᠵᠢᠷᠤᠭᠴᠢᠨ ᠪᠤᠯᠵᠦ ᠲᠠᠶᠢᠯᠬᠦ ᠦᠭᠡᠢ ᠪᠤᠯ ᠵᠤᠬᠢᠶᠠᠯ ᠪᠢᠴᠢᠶ᠎ᠠ ᠬᠡᠳ ᠠᠩᠬᠠᠨ  ᠤ ᠪᠦᠳᠦᠬᠡᠯ ᠢᠶᠠᠨ ᠪᠢᠴᠢᠭᠰᠡᠨ᠂ ᠲᠡᠬᠡᠳᠡᠯ᠎ᠡ ᠰᠠᠨᠠᠮᠰᠠᠷ ᠦᠭᠡᠢ ᠲᠤᠬᠢᠶᠠᠯᠳᠤᠯ ᠢᠶᠠᠷ ᠶᠡᠭᠡ ᠵᠤᠬᠢᠶᠠᠯᠴᠢ ᠠ᠊ · ᠤᠳᠽᠠᠷ ᠲᠠᠢ ᠲᠠᠨᠢᠯᠴᠠᠵᠦ᠂ ︽ᠴᠢᠳᠠᠯᠳᠦ ᠶᠠᠭᠠᠬᠢᠭᠠᠳ ᠢᠷᠡᠭᠰᠡᠨ ᠦᠭᠡᠢ ᠪᠤᠢ︾ ᠬᠡᠳᠡᠭ ᠬᠡᠤᠬᠡᠳ ᠤᠨ ᠦᠬᠦᠯᠡᠯᠬᠡ ᠪᠠᠨ ᠤᠩᠰᠢᠵᠦ ᠰᠤᠨᠤᠰᠬᠠᠭᠰᠠᠨ ᠳᠤ ᠡᠪᠦᠬᠡᠨ ᠪᠠᠭᠰᠢ ᠰᠢᠷᠡᠭᠡ ᠠᠯᠠᠭᠠᠳᠠᠨ ᠰᠠᠶᠢᠰᠢᠶᠠᠵᠦ᠂ ᠨᠠᠮ᠎ᠠ ᠶᠢ ᠶᠡᠬᠡᠳᠠ ᠵᠤᠷᠢᠭᠵᠢᠭᠤᠯᠵᠠᠢ᠃
   ᠲᠠᠶᠢᠮᠦ ᠯᠡ ᠬᠠᠳᠠᠭᠤ ᠪᠠᠷᠬᠡ ᠤᠷᠴᠢᠨ ᠳᠤ ᠦᠪᠡᠷ ᠤᠨ ᠬᠡᠰᠡᠨ ᠬᠦᠰᠡᠯ ᠬᠦᠬᠡᠬᠡᠴᠡᠯᠳᠦᠯ ᠤᠨ ᠲᠦᠯᠦᠬᠡ ᠬᠠᠷᠢᠰᠢ ᠦᠭᠡᠢ ᠵᠤᠷᠢᠭ ᠢ ᠪᠠᠷᠢᠵᠦ ᠶᠠᠪᠤᠭᠰᠠᠨ ᠴᠦ᠂ ᠲᠤᠬᠠᠢ ᠶᠢᠨ ᠴᠠᠭ ᠤᠨ ᠨᠦᠬᠦᠴᠡᠯ ᠪᠤᠯᠤᠮᠵᠢ ᠮᠠᠨᠳᠤᠮᠤᠢ ᠪᠠᠭᠰᠢ ᠶᠢ ᠵᠢᠷᠤᠭᠴᠢᠨ ᠪᠢᠰᠢ ᠵᠤᠬᠢᠶᠠᠯᠴᠢ ᠪᠤᠯᠭᠠᠵᠠᠢ᠃ ᠰᠢᠪᠠᠭᠤᠨ ᠦᠨᠳᠡᠭᠡ ᠲᠠᠬᠦᠵᠦ᠂ ᠭᠤᠤᠯ ᠤᠨ ᠵᠢᠷᠠᠭᠠᠬᠠᠢ ︽ᠤᠯᠵᠠᠯᠠᠵᠦ︾ ᠶᠠᠪᠤᠭᠠᠳ ︽ᠠᠯᠠᠭᠠᠨ ᠪᠤᠤᠪᠤ︾ ᠢᠳᠡᠵᠦ᠂ ᠰᠢᠷᠦᠬᠦᠨ ᠬᠠᠷᠠᠴᠠᠨ ᠳᠤ ᠤᠷᠢᠶᠠᠯᠭᠠᠵᠦ ᠶᠠᠪᠤᠭᠰᠠᠨ ᠬᠦᠳᠡᠭᠡ ᠶᠢᠨ ᠪᠤᠷᠦ ᠬᠦᠦ ᠶᠢᠨ ᠠᠮᠢᠳᠤᠷᠠᠯ ᠤᠯᠠᠨ ᠬᠦᠮᠦᠨ ᠳᠤ ᠲᠤᠬᠢᠶᠠᠳᠠᠭ ᠴᠦ ᠮᠠᠨᠳᠤᠮᠤᠢ ᠪᠠᠭᠰᠢ ᠶᠢᠨ ᠬᠤᠵᠢᠮ  ᠤᠨ ᠬᠢᠨᠢ ᠦᠢᠯᠡᠰ ᠪᠦᠳᠦᠬᠡᠯ ᠳᠤ ᠤᠨᠴᠠᠭᠠᠢ ᠱᠠᠭᠠᠷᠳᠠᠯᠭ᠎ᠠ ᠲᠠᠯᠪᠢᠵᠠᠢ᠃ ᠮᠠᠨᠳᠤᠮᠤᠢ ᠪᠠᠭᠰᠢ ᠶᠢᠨ ᠠᠪᠤ ᠨᠢ ᠪᠢᠴᠢᠭ ᠴᠡᠷᠢᠭ ᠤᠨ ᠡᠷᠳᠡᠮ ᠬᠤᠤᠰᠯᠠᠵᠦ᠂ ᠶᠠᠫᠤᠨ᠂ ᠤᠷᠤᠰ᠂ ᠬᠢᠳᠡᠳ᠂ ᠮᠤᠩᠭᠤᠯ ᠵᠡᠷᠬᠡ ᠤᠯᠠᠨ ᠬᠡᠯᠡᠨ ᠳᠤ ᠨᠡᠪᠳᠡᠷᠡᠭᠰᠡᠨ ᠪᠦᠬᠡᠳ ᠤᠢ ᠰᠢᠭᠤᠢ ᠶᠢᠨ ᠰᠢᠨᠵᠢᠯᠡᠬᠡᠨ ᠳᠤ ᠶᠡᠭᠡ ᠰᠤᠨᠢᠷᠬᠠᠯ ᠲᠠᠢ ᠬᠦᠮᠦᠨ ᠪᠠᠶᠢᠵᠦ ᠬᠡᠤᠬᠡᠳ ᠤᠳ ᠢᠶᠠᠨ ᠤᠢ ᠰᠢᠭᠤᠢ ᠶᠢᠨ ᠮᠡᠷᠬᠡᠵᠢᠯ ᠢᠶᠠᠷ ᠶᠡᠭᠡ ᠰᠤᠷᠭᠠᠭᠤᠯᠢ ᠳᠤ ᠶᠠᠪᠤᠭᠤᠯᠵᠠᠢ᠃
   ᠬᠠᠷᠢᠨ ᠲᠤᠷᠠᠰᠤᠮᠵᠢ ᠲᠦᠬᠦᠷᠡᠩ ᠪᠠᠭ᠎ᠠ ᠨᠠᠰᠤᠨ ᠤ ᠬᠢᠨᠢ ᠲᠤᠰᠤᠨ ᠪᠤᠳᠤᠭ ᠤᠨ ᠵᠢᠷᠤᠭ ᠰᠢᠭ᠋ ᠰᠠᠶᠢᠬᠠᠨ ᠨᠤᠳᠤᠭ ᠨᠢ ᠬᠡᠵᠢᠶᠠᠳᠠ ᠲᠤᠳᠤᠬᠠᠨ ᠬᠠᠷᠠᠭᠳᠠᠵᠦ᠂ ᠬᠠᠵᠠᠭᠤ ᠰᠦᠮ᠎ᠠ ᠶᠢᠨ ᠬᠢᠨᠢ ᠬᠠᠪᠢ ᠪᠠᠷ ᠠᠷᠭᠠᠯᠢ ᠤᠭᠠᠯᠵᠠ᠂ ᠶᠠᠩᠭᠢᠷ ᠵᠠᠬᠡᠷ᠎ᠡ ᠪᠠᠯᠴᠢᠳᠡᠭ ᠪᠠᠶᠢᠭᠰᠠᠨ ᠪᠠᠶᠠᠨ ᠲᠠᠩᠰᠤᠭ ᠨᠤᠳᠤᠭ ᠲᠤᠨᠢ ᠠᠭᠤᠷᠬᠠᠢ ᠮᠠᠯᠳᠠᠵᠦ ᠵᠠᠮ ᠲᠠᠪᠢᠰᠤᠭᠡᠳ ᠤᠳᠤᠬᠢᠴᠢᠯᠠᠭᠰᠠᠨ ᠠᠵᠦ ᠠᠬᠤᠢ ᠶᠢ ᠬᠦᠭᠵᠢᠬᠦᠯᠵᠦ᠂ ᠤᠯᠠᠮ ᠢᠶᠠᠷ ᠪᠠᠶᠢᠭᠠᠯᠢ ᠠᠬᠤᠢ ᠦᠬᠡᠷᠡᠳᠠᠵᠦ᠂ ᠤᠩᠭᠤᠨ ᠪᠠᠶᠢᠭᠠᠯᠢ ᠪᠠᠨ ᠤᠯᠠᠮ ᠦᠬᠡᠶᠢᠯᠠᠨ ᠰᠠᠨᠠᠬᠤ ᠮᠠᠨᠳᠤᠮᠤᠢ ᠪᠠᠭᠰᠢ ᠶᠢᠨ ᠰᠡᠳᠬᠢᠯ ᠳᠤ ᠨᠤᠳᠤᠭ ᠤᠨ ᠰᠠᠯᠬᠢ ᠶᠠᠭᠤ ᠨᠢᠬᠡ  ᠶᠢ ᠰᠢᠪᠠᠨᠠᠵᠠᠢ᠃
   ᠲᠡᠬᠡᠵᠦ 1981 ᠤᠨ ᠠᠴᠠ ᠡᠬᠢᠯᠠᠨ ᠮᠠᠨᠳᠤᠮᠤᠢ ᠠᠮᠢ ᠠᠬᠤᠢ ᠶᠢ ᠰᠤᠳᠤᠯᠵᠦ᠂ ᠠᠮᠢ ᠠᠬᠤᠢ ᠶᠢᠨ ᠰᠡᠳᠦᠪᠳᠦ ᠵᠤᠬᠢᠶᠠᠯ ᠲᠤᠭᠤᠷᠪᠢᠨ᠂ ᠦᠨᠢ ᠡᠷᠳᠡᠨ ᠤ ᠮᠦᠷᠳᠡᠬᠡᠨ ᠦᠨᠢ ᠮᠦᠩᠭᠡ ᠶᠢᠨ ᠪᠠᠶᠢᠭᠠᠯᠢᠯᠢᠭ ᠰᠤᠶᠤᠯ ᠢᠶᠠᠨ ᠪᠦᠳᠦᠨ ᠦᠯᠡᠳᠡᠭᠡᠬᠦ ᠶᠢ ᠬᠠᠳᠠᠭᠤ ᠵᠤᠷᠢᠵᠦ ᠶᠠᠪᠤᠭᠰᠠᠨ ᠪᠦᠬᠡᠳ ᠮᠤᠩᠭᠤᠯ ᠤᠨ ᠦᠨᠳᠦᠷᠯᠢᠭ ᠤᠨ ᠲᠤᠬᠠᠢ ᠶᠡᠭᠡ ᠨᠠᠷᠢᠨ ᠰᠤᠷᠴᠦ ᠰᠤᠳᠤᠯᠤᠨ᠂ ᠡᠮᠵᠡᠭ ᠬᠡᠪᠡᠷᠡᠭ ᠲᠠᠯ᠎ᠠ ᠶᠢ ᠴᠦ ᠬᠢᠷᠠᠬᠠᠢ ᠠᠵᠢᠵᠦ ᠶᠠᠪᠤᠵᠠᠢ᠃ ᠤᠷᠴᠢᠮᠬᠠᠨ ᠬᠡᠪᠯᠡᠭᠳᠡᠭᠰᠡᠨ ︽ᠤᠯᠠᠭᠠᠨᠴᠠᠪ ᠤᠨ ᠤᠪᠤᠭᠠᠨ ᠰᠤᠶᠤᠯ︾ ᠬᠡᠬᠦ ᠨᠤᠮ ᠲᠠᠭᠠᠨ 400 ᠤᠪᠤᠭ᠎ᠠ ᠶᠢ ᠬᠠᠮᠤᠷᠴᠦ᠂ ᠤᠪᠤᠭ᠎ᠠ ᠪᠤᠯ ᠠᠮᠢ ᠠᠬᠤᠢ ᠶᠢᠨ ᠰᠤᠶᠤᠯ᠂ ᠨᠡᠬᠦᠳᠡᠯ ᠰᠤᠶᠤᠯ ᠤᠨ ᠲᠤᠯᠢ ᠬᠡᠳᠡᠭ ᠦᠵᠡᠯᠳᠠ ᠪᠠᠨ ᠲᠤᠷᠠᠳᠴᠠᠢ᠃ ᠡᠨᠡ ᠨᠤᠮ ᠢᠶᠠᠨ ᠪᠢᠴᠢᠬᠦ ᠶᠢᠨ ᠲᠤᠯᠠᠳᠠ ᠠᠯᠳᠠᠢ ᠶᠢᠨ ᠠᠷᠪᠠᠨ ᠭᠤᠷᠪᠠᠨ ᠬᠠᠶᠢᠷᠬᠠᠨ ᠠᠴᠠ ᠯᠢᠶᠤᠤᠨᠢᠩ᠂ ᠬᠢᠷᠢᠨ ᠬᠦᠷᠴᠦ᠂ ᠮᠤᠩᠭᠤᠯ ᠤᠯᠤᠰ ᠲᠤ 5 ᠤᠳᠠᠭ᠎ᠠ ᠪᠠᠶᠢᠴᠠᠭᠠᠨ ᠰᠤᠳᠤᠯᠤᠯᠳᠠ ᠬᠢᠵᠦ᠂ ᠨᠠᠶᠢᠳᠠ 2000 ᠭᠠᠷᠤᠢ ᠤᠪᠤᠭ᠎ᠠ ᠶᠢ ᠰᠢᠨᠵᠢᠯᠠᠵᠠᠢ᠃ ᠰᠤᠨᠢᠷᠬᠠᠯᠳᠠᠢ ᠮᠡᠳᠡᠭᠡ ᠠᠴᠠ ᠲᠤᠷᠠᠳᠪᠠᠯ᠄ ᠪᠦᠬᠦ ᠲᠠᠯᠠᠬᠡᠢ ᠶᠢᠨ ᠬᠡᠪᠴᠢᠶᠠᠨ ᠳᠠᠬᠢ ᠤᠪᠤᠭᠠᠨ ᠲᠠᠷᠬᠠᠯᠳᠠ ᠨᠢ ᠤᠮᠠᠷᠠᠳᠦ ᠦᠷᠬᠡᠷᠢᠭ ᠤᠨ 30 ᠭᠷᠠᠳᠦ᠋ᠰ ᠠᠴᠠ ᠬᠤᠶᠢᠰᠢ ᠤᠮᠠᠷᠠᠳᠦ ᠮᠦᠰᠦᠨ ᠲᠠᠯᠠᠢ ᠬᠦᠷᠳᠡᠯ᠎ᠡ᠂ ᠳ᠋ᠤᠨ ᠮᠦᠷᠡᠨ ᠤ ᠲᠤᠤᠷᠠᠳᠦ ᠰᠠᠪᠠ ᠭᠠᠵᠠᠷ ᠠᠴᠠ ᠵᠠᠬᠦᠨ ᠬᠤᠶᠢᠳᠦ ᠤᠷᠤᠨ ᠬᠦᠷᠳᠡᠯᠡᠬᠢ 29000 ᠺᠢᠯᠤᠮᠧᠲᠷ ᠤᠨ ᠭᠠᠵᠠᠷ ᠲᠤ ᠪᠠᠶᠢᠵᠦ᠂ ᠡᠨᠡᠬᠦ ᠬᠡᠪᠴᠢᠶ᠎ᠠ ᠶᠢ ᠲᠠᠯ᠎ᠠ ᠨᠤᠳᠤᠭ ᠤᠨ ᠪᠦᠰᠡ ᠬᠡᠵᠠᠢ᠃ ᠲᠠᠬᠢᠪᠠᠯ ᠤᠯᠠᠭᠠᠨᠴᠠᠪ ᠤᠨ ᠬᠡᠪᠴᠢᠶᠠᠨ ᠳᠤ ᠸᠧᠢ ᠤᠯᠤᠰ᠂ ᠶᠤᠸᠠᠨ ᠤᠯᠤᠰ ᠤᠨ ᠦᠶ᠎ᠠ ᠶᠢᠨ ᠤᠪᠤᠭ᠎ᠠ ᠪᠠᠶᠢᠬᠤ ᠮᠦᠷᠳᠡᠬᠡᠨ ᠴᠠᠭ ᠦᠶ᠎ᠠ ᠶᠢᠨ ᠬᠦᠭᠵᠢᠯᠳᠠ ᠶᠢ ᠬᠠᠷᠠᠭᠤᠯᠤᠭᠰᠠᠨ ᠲᠢᠶᠠᠨᠵᠢᠨ ᠤ ᠰᠡᠬᠡᠬᠡᠳᠡᠳ ᠤᠨ ᠤᠪᠤᠭ᠎ᠠ ᠴᠦ ᠪᠠᠶᠢᠳᠠᠭ᠃ ᠬᠡᠬᠦ ᠮᠦᠷᠳᠡᠬᠡᠨ ᠲᠤᠰ ᠨᠤᠮ ᠳᠤ ᠤᠪᠤᠭ᠎ᠠ ᠶᠢᠨ ᠰᠢᠨᠵᠢ ᠬᠡᠯᠪᠡᠷᠢ᠂ ᠢᠷᠡᠯ᠂ ᠪᠦᠳᠦᠴᠠ ᠵᠠᠷᠬᠡ ᠪᠦᠬᠦ ᠲᠠᠯ᠎ᠠ ᠶᠢ ᠬᠠᠮᠤᠷᠴᠦ ᠪᠢᠴᠢᠵᠠᠢ᠃
    ᠪᠠᠶᠢᠭᠠᠯᠢ ᠤᠷᠴᠢᠨ ᠤ ᠡᠪᠳᠡᠭᠳᠡᠯ ᠳᠤ ᠰᠡᠳᠬᠢᠯ ᠡᠮᠵᠡᠭᠯᠡᠨ᠂ ᠪᠦᠬᠡ ᠰᠢᠳᠦᠯᠬᠡ ᠲᠠᠢ ᠮᠤᠩᠭᠤᠯ ᠤᠭᠰᠠᠭᠠᠨ ᠤ 7000 ᠵᠢᠯ ᠤᠨ ᠡᠮᠦᠨᠡᠬᠢ ᠬᠦᠮᠦᠨ ᠰᠤᠶᠤᠯ᠂ ᠲᠡᠭᠷᠢᠯᠢᠭ ᠤᠬᠠᠭᠠᠨ ᠢ ᠡᠨᠡ ᠴᠠᠭ ᠤᠨ ᠬᠦᠮᠦᠰ ᠲᠤ ᠤᠬᠠᠭᠠᠷᠠᠭᠤᠯᠬᠤ ᠬᠡᠵᠦ 40 ᠵᠢᠯ ᠲᠡᠮᠡᠴᠡᠵᠦ ᠶᠠᠪᠤᠵᠠᠢ᠂ ᠮᠠᠨᠳᠤᠮᠤᠢ ᠭᠤᠸᠠᠢ᠃ ᠲᠡᠬᠡᠬᠦ ᠳᠤ ᠲᠡᠬᠦᠨ ᠢ ᠤᠷᠠᠨ ᠵᠤᠬᠢᠶᠠᠯ ᠤᠨ ᠵᠠᠮ ᠳᠤ ᠲᠡᠳᠬᠦᠨ ᠲᠡᠮᠵᠢᠵᠦ ᠶᠠᠪᠤᠭᠰᠠᠨ ᠨᠠᠮ ᠵᠠᠰᠠᠭ᠂ ᠬᠦᠮᠦᠨ ᠠᠷᠠᠳ ᠤᠨ ᠢᠶᠠᠨ ᠠᠴᠢ ᠲᠤᠰᠠ ᠶᠢ ᠶᠡᠷᠦ ᠮᠠᠷᠳᠠᠭ᠎ᠠ ᠦᠭᠡᠢ ᠬᠡᠪ ᠢᠶᠠᠷ ᠢᠶᠠᠨ᠃    — ᠦᠬᠡᠷᠡᠴᠢᠯᠡᠯᠳᠠ ᠨᠡᠭᠡᠭᠡᠯᠳᠠ ᠬᠢᠭᠰᠡᠨ ᠨᠢ ᠮᠠᠨ ᠤ ᠦᠪᠦᠷ ᠮᠤᠩᠭᠤᠯ ᠤᠨ ᠤᠳᠬ᠎ᠠ ᠵᠤᠬᠢᠶᠠᠯ ᠳᠤ ᠤᠷᠢᠬᠠᠨ ᠬᠠᠪᠤᠷ ᠪᠤᠯᠤᠯ᠎ᠠ ᠬᠡᠵᠦ ᠦᠵᠡᠳᠡᠭ᠃ ᠲᠤᠬᠠᠢ ᠶᠢᠨ ᠦᠶ᠎ᠠ ᠳᠤ ᠬᠡᠳᠦᠶᠢᠪᠠᠷ ᠵᠤᠬᠢᠶᠠᠯ ᠪᠢᠴᠢᠳᠡᠭ ᠬᠦᠮᠦᠨ ᠴᠦᠬᠡᠨ ᠪᠠᠶᠢᠭᠰᠠᠨ ᠴᠦ ᠵᠤᠬᠢᠶᠠᠯ ᠤᠨ ᠴᠢᠨᠠᠷ ᠰᠠᠶᠢᠨ ᠪᠠᠶᠢᠭᠰᠠᠨ᠂ ᠵᠢᠱᠢᠶ᠎ᠠ ᠬᠡᠯᠡᠪᠡᠯ᠂ ᠦᠵᠦᠮᠦᠴᠢᠨ ᠤ ᠵᠤᠬᠢᠶᠠᠯᠴᠢ ᠫ᠊᠂ ᠲᠤᠭᠠᠷ ︽ᠦᠨᠢᠷ ᠴᠡᠴᠡᠭ︾ ᠰᠡᠳᠬᠦᠯ ᠳᠤ ᠪᠠᠷᠤᠭ ᠵᠠᠭᠤᠭᠠᠳ ᠡᠬᠡ ᠪᠢᠴᠢᠭ ᠢᠯᠡᠬᠡᠬᠡᠳ ᠰᠠᠶ᠋ᠢ ᠨᠠᠶᠢᠳᠠᠯᠠᠵᠦ ᠦᠭᠬᠦᠭᠰᠡᠨ ᠭᠡᠳᠡᠭ᠃ ᠲᠡᠷᠡ ᠦᠶ᠎ᠠ ᠶᠢᠨ ᠨᠠᠶᠢᠷᠠᠭᠤᠯᠤᠭᠴᠢ ᠶᠡᠭᠡ ᠬᠡᠴᠡᠬᠦᠦ ᠪᠠᠶᠢᠭᠰᠠᠨ᠂ ᠲᠤᠭᠠᠷ ᠭᠤᠸᠠᠢ ᠰᠡᠬᠦᠯ  ᠳᠤᠨᠢ ᠶᠡᠭᠡ ᠲᠤᠷᠬᠢᠭᠤᠯᠤᠭᠰᠠᠨ ᠰᠠᠶᠢᠨ ᠵᠤᠬᠢᠶᠠᠯᠴᠢ ᠬᠦᠮᠦᠨ ᠪᠤᠯᠤᠭᠰᠠᠨ ᠰᠢᠳᠠ᠃ ᠲᠡᠬᠡᠪᠡᠯ ᠲᠡᠷᠡ ᠦᠶ᠎ᠠ ᠳᠤ ᠲᠦᠷᠦ ᠶᠢᠨ ᠪᠤᠳᠤᠯᠭ᠎ᠠ ᠰᠠᠶᠢᠵᠢᠷᠠᠵᠦ᠂ 6 ᠠᠶᠢᠮᠠᠭ ᠲᠤ ᠨᠢᠬᠡ ᠨᠢᠬᠡ ᠰᠡᠳᠬᠦᠯ ᠤᠨ ᠳ᠋ᠤᠭᠠᠷ ᠦᠭᠬᠦᠭᠰᠡᠨ᠂ ᠡᠮᠦᠨ᠎ᠠ  ᠨᠢ ︽ᠦᠪᠦᠷ ᠮᠤᠩᠭᠤᠯ ᠤᠨ ᠡᠳᠦᠷ ᠤᠨ ᠰᠤᠨᠢᠨ︾᠂ ︽ᠦᠨᠢᠷ ᠴᠡᠴᠡᠭ︾᠂ ︽ᠬᠤᠨ ᠭᠠᠯᠠᠭᠤ︾ ᠵᠡᠷᠬᠡ ᠬᠡᠳᠦᠬᠡᠨ ᠭᠠᠵᠠᠷ ᠵᠤᠬᠢᠶᠠᠯ ᠨᠠᠶᠢᠳᠠᠯᠠᠵᠦ ᠪᠤᠯᠳᠠᠭ ᠶᠤᠮ ᠴᠢᠨᠢ᠃ ᠲᠡᠭᠡᠭᠰᠡᠨ ᠠᠴᠠ ᠬᠤᠶᠢᠰᠢ ᠮᠠᠨ ᠤ ᠦᠪᠦᠷ ᠮᠤᠩᠭᠤᠯ ᠳᠤ ᠵᠤᠬᠢᠶᠠᠯᠴᠢ ᠤᠯᠠᠰᠢᠷᠠᠵᠦ᠂ ᠰᠠᠶᠢᠨ ᠵᠤᠬᠢᠶᠠᠯ ᠤᠯᠠᠨ ᠪᠢᠴᠢᠵᠦ ᠰᠢᠷᠦᠬᠦᠨ ᠬᠦᠭᠵᠢᠭᠰᠡᠨ ᠰᠢᠤ᠃ ᠡᠬᠦᠨ ᠢᠶᠠᠷ ᠪᠠᠷᠠᠬᠤ ᠦᠭᠡᠢ ᠵᠤᠬᠢᠶᠠᠯ ᠤᠨ ᠠᠭᠤᠯᠭ᠎ᠠ ᠰᠡᠳᠦᠪ ᠴᠢᠯᠤᠬᠡᠳᠠᠢ ᠪᠤᠯᠵᠦ᠂ ᠱᠠᠰᠢᠨ᠂ ᠠᠮᠢᠳᠤᠷᠠᠯ ᠤᠨ ᠤᠯᠠᠨ ᠲᠠᠯ᠎ᠠ ᠶᠢ ᠪᠢᠴᠢᠬᠦ ᠪᠤᠯᠵᠠᠢ᠃    — ᠤᠳᠦ ᠪᠤᠯᠵᠦ ᠢᠷᠡᠬᠦ ᠳᠤ ᠮᠤᠩᠭᠤᠯ ᠤᠷᠠᠨ ᠵᠤᠬᠢᠶᠠᠯᠴᠢᠳ ᠤᠨ ᠡᠮᠵᠡᠭ ᠲᠠᠯ᠎ᠠ ᠪᠠᠰᠠ ᠭᠠᠷᠴᠦ ᠢᠷᠡᠵᠦ ᠪᠠᠶᠢᠨ᠎ᠠ᠃ ᠡᠮᠦᠨ᠎ᠠ ᠨᠢ ᠨᠢᠬᠡ ᠴᠦ ᠪᠦᠳᠦᠬᠡᠯ ᠭᠠᠷᠭᠠᠭ᠎ᠠ ᠦᠭᠡᠢ ᠬᠦᠮᠦᠨ ᠬᠡᠨᠡᠳᠳᠠ ᠷᠤᠮᠠᠨ ᠪᠢᠴᠢᠬᠡᠳ ᠨᠠᠶᠢᠳᠡᠯᠡᠴᠢᠬᠡᠭᠰᠡᠨ ᠪᠠᠶᠢᠨ᠎ᠠ᠂ ᠡᠨᠡ ᠪᠤᠯ ᠰᠢᠷᠭᠠᠭᠠᠯᠳᠠ ᠲᠤᠳᠠᠮᠠᠭ ᠭᠡᠰᠡᠨ ᠦᠬᠡ᠃ ᠡᠬᠦᠨ ᠢᠶᠠᠷ ᠪᠠᠷᠠᠬᠤ ᠦᠭᠡᠢ ᠵᠠᠷᠢᠮ ᠪᠦᠳᠦᠬᠡᠯ ᠨᠢ ᠤᠳᠬ᠎ᠠ ᠰᠠᠨᠠᠭ᠎ᠠ ᠶᠡᠷᠦᠮᠳᠡᠭ ᠪᠤᠯᠤᠭᠰᠠᠨ᠂ ᠬᠡᠯᠡ ᠬᠡᠯᠡᠯᠬᠡ᠂ ᠦᠬᠡᠰ ᠤᠨ ᠰᠠᠩ ᠶᠠᠳᠠᠭᠤ᠂ ᠨᠠᠩ ᠴᠢᠬᠤᠯᠠ ᠨᠢ ᠰᠡᠳᠬᠢᠬᠦᠢ ᠶᠠᠳᠠᠭᠤᠷᠠᠵᠦ᠂ ᠬᠤᠯᠢᠮᠠᠭ ᠪᠤᠶᠤ ᠮᠤᠩᠭᠤᠯ ᠪᠢᠰᠢ ᠪᠤᠯᠵᠦ ᠪᠤᠢ᠃ ᠡᠨᠡ ᠶᠠᠷᠢᠶᠠᠨ ᠦᠭᠡᠢ ᠰᠡᠬᠦᠯ ᠤᠨ ᠦᠶ᠎ᠠ ᠳᠤ ᠨᠠᠶᠢᠬᠡᠮ ᠤᠨ ᠤᠯᠠᠨ ᠲᠠᠯ᠎ᠠ ᠶᠢᠨ ᠰᠢᠯᠳᠠᠭᠠᠨ ᠠᠴᠠ ᠪᠤᠯᠵᠦ ᠬᠡᠯᠡ ᠠᠮᠢᠳᠤᠷᠠᠯ ᠠᠴᠠ ᠵᠠᠶᠢᠳᠠᠭᠰᠠᠨ᠂ ᠰᠡᠳᠬᠢᠬᠦᠢ ᠰᠠᠭᠠᠷᠮᠠᠭᠵᠢᠭᠰᠠᠨ ᠲᠠᠢ ᠬᠤᠯᠪᠤᠭ᠎ᠠ ᠲᠠᠢ᠃
   ᠮᠠᠨᠳᠤᠮᠤᠢ ᠪᠠᠭᠰᠢ ᠦᠪᠡᠷ ᠤᠨ ᠬᠢᠵᠦ ᠲᠠᠶᠢᠯᠦᠬᠡ ᠦᠭᠡᠢ ᠠᠵᠢᠯ᠂ ᠰᠠᠨᠠᠭᠠᠨ ᠳᠤ ᠬᠦᠷᠦᠬᠡ ᠦᠭᠡᠢ ᠶᠡᠭᠡ ᠤᠯᠠᠨ ᠵᠦᠢᠯ ᠢ ᠪᠤᠳᠤᠵᠦ ᠶᠠᠪᠤᠳᠠᠭ ᠤᠨ ᠬᠢᠨᠢ ᠨᠢᠬᠡᠨ ᠪᠠᠶᠢᠵᠠᠢ᠃ ︽ᠤᠯᠠᠭᠠᠨᠴᠠᠪ ᠤᠨ ᠤᠪᠤᠭᠠᠨ ᠰᠤᠶᠤᠯ︾ ᠬᠡᠬᠦ ᠨᠤᠮ  ᠤᠨ ᠮᠤᠩᠭᠤᠯ ᠬᠡᠪ ᠢ ᠭᠠᠷᠭᠠᠬᠤ᠂ ︽ᠬᠦᠯᠦᠭ · ᠴᠢᠨ᠋ᠸ᠎ᠡ · ᠨᠤᠳᠤᠭ︾ ᠬᠡᠬᠦ ᠨᠤᠮ ᠢᠶᠠᠨ ᠮᠤᠩᠭᠤᠯ ᠤᠨ ᠺᠢᠨᠤ᠋ ᠤᠳᠤᠷᠢᠳᠤᠭᠠᠴᠢ ᠪᠠᠯᠵᠢᠨᠢᠮ᠎ᠠ ᠭᠤᠸᠠᠢ ᠶᠢᠨ ︽ᠵᠤᠳᠤᠭ ᠲᠠᠶᠢᠯᠬᠤ︾ ᠪᠦᠳᠦᠬᠡᠯ ᠪᠤᠯᠭᠠᠬᠤ ᠳᠤ ᠬᠠᠮᠵᠢᠬᠤ…… ᠬᠡᠳ ᠬᠢᠬᠦ ᠵᠤᠶᠢᠯ ᠤᠯᠠᠨ ᠪᠠᠶᠢᠵᠦ᠂ ᠶᠠᠷᠦᠨᠢ ᠴᠠᠭ ᠶᠡᠭᠡ ᠱᠠᠭᠠᠷᠳᠠᠭᠳᠠᠵᠦ ᠪᠠᠶᠢᠬᠤ ᠪᠠᠨ ᠬᠡᠯᠡᠵᠦ᠂ ᠬᠠᠷᠠᠴᠠᠨ ᠠᠴᠠ  ᠨᠢ ᠬᠦᠰᠡᠯ᠂ ᠭᠤᠨᠢᠭ᠂ ᠬᠠᠷᠠᠮᠰᠠᠯ᠂ ᠬᠦᠴᠦ ᠮᠠᠬᠦᠰᠳᠡᠯ ᠤᠨ ᠠᠯᠢ ᠶᠢ ᠨᠢ ᠦᠯᠦ ᠮᠡᠳᠡᠬᠦ ᠵᠤᠶᠢᠯ ᠬᠠᠷᠠᠭᠳᠠᠵᠦ ᠪᠢᠯᠡ
ᠤᠩᠰᠢᠪᠤᠷᠢ᠄ ᠮᠠᠨᠳᠤᠮᠤᠢ᠄ 1947 ᠤᠨ ᠳᠤ ᠵᠤᠰᠤᠳᠦ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ᠤ ᠱᠤᠳ ︵ᠬᠢᠶᠠᠳ︶ ᠶᠠᠰᠤᠳᠠᠨ ᠡᠯᠳᠡᠬᠦᠳ ᠤᠪᠤᠭᠳᠦ ᠪᠢᠴᠢᠭ ᠤᠨ ᠬᠦᠮᠦᠨ ᠡᠩᠭᠡᠪᠦ᠋ᠷᠢᠨ ᠤ ᠬᠤᠶᠠᠳᠤᠭᠠᠷ ᠬᠦᠪᠡᠬᠦᠨ ᠪᠤᠯᠵᠦ ᠵᠠᠶᠠᠭᠠᠵᠦ᠂ ᠦᠩ ᠲᠠᠩᠰᠤᠭ ᠲᠦᠷᠪᠡᠳ ᠤᠨ ᠲᠠᠯ᠎ᠠ ᠨᠤᠳᠤᠭ ᠲᠤ ᠦᠰᠦᠨ ᠪᠤᠶᠢᠵᠢᠵᠠᠢ᠃ ᠲᠠᠷᠠ ᠲᠤᠮᠳᠠᠳᠦ ᠤᠯᠤᠰ ᠤᠨ ᠵᠤᠬᠢᠶᠠᠯᠴᠢᠳ ᠤᠨ ᠡᠪᠯᠡᠯ ᠤᠨ ᠭᠡᠰᠢᠬᠦᠨ᠂ ᠲᠤᠮᠳᠠᠳᠦ ᠤᠯᠤᠰ ᠤᠨ ᠤᠷᠠᠨ ᠪᠢᠴᠢᠭᠡᠯᠳᠠᠨ ᠤ ᠨᠠᠶᠢᠬᠡᠮᠯᠢᠭ  ᠤᠨ ᠭᠡᠰᠢᠬᠦᠨ᠂ ᠲᠤᠮᠳᠠᠳᠦ ᠤᠯᠤᠰ ᠤᠨ ᠠᠷᠠᠳ ᠤᠨ ᠠᠮᠠᠨ ᠵᠤᠬᠢᠶᠠᠯ ᠤᠨ ᠨᠠᠶᠢᠬᠡᠮᠯᠢᠭ ᠤᠨ ᠬᠡᠰᠢᠬᠦᠨ᠂ ᠤᠯᠠᠭᠠᠨᠴᠠᠪ ᠬᠤᠳᠠ ᠶᠢᠨ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ᠨᠠᠷ᠎ᠠ ᠬᠦᠨᠳᠦᠳᠦ ᠲᠠᠷᠢᠬᠦᠯᠡᠭᠴᠢ᠂ ᠦᠪᠦᠷ ᠮᠤᠩᠭᠤᠯ  ᠤᠨ ᠦᠪᠡᠷᠳᠡᠬᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠨᠠᠷ᠎ᠠ ᠬᠦᠨᠳᠦᠳᠦ ᠲᠡᠳ᠋ ᠲᠡᠷᠢᠬᠦᠯᠡᠭᠴᠢ᠂ ᠦᠪᠦᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠨᠠᠷ᠎ᠠ ᠬᠦᠨᠳᠦᠳᠦ ᠲᠡᠷᠢᠬᠦᠯᠡᠭᠴᠢ᠂ ︽ᠴᠡᠯᠡᠭᠡᠷ ᠲᠠᠯ᠎ᠠ︾ ᠰᠡᠳᠬᠦᠯ ᠤᠨ ᠶᠡᠷᠦᠩᠭᠡᠢ ᠨᠠᠶᠢᠷᠠᠭᠤᠯᠤᠭᠴᠢ᠂ ᠤᠯᠠᠭᠠᠨᠴᠠᠪ ᠬᠤᠳᠠ ᠶᠢᠨ ᠰᠤᠶᠤᠯ ᠰᠤᠳᠤᠯᠭᠠᠨ ᠢ ᠠᠬᠢᠭᠤᠯᠬᠤ ᠨᠠᠶᠢᠬᠡᠮᠯᠢᠭ ᠤᠨ ᠤᠨᠴᠠ ᠤᠷᠢᠭᠰᠠᠨ ᠵᠦᠪᠯᠡᠭᠴᠢ ᠵᠡᠷᠬᠡ ᠡᠬᠦᠷᠬᠡ ᠲᠤᠰᠢᠶᠠᠯ ᠢ ᠬᠠᠷᠢᠭᠤᠴᠠᠵᠦ ᠶᠠᠪᠤᠵᠠᠢ᠃
ᠨᠢᠬᠡᠳᠦᠭᠡᠷ᠂ ᠬᠤᠶᠠᠳᠤᠭᠠᠷ᠂ ᠭᠤᠷᠪᠠᠳᠤᠭᠠᠷ ᠬᠤᠭᠤᠴᠠᠭᠠᠨ ᠤ ︽ᠰᠤᠯᠤᠩᠭ᠎ᠠ︾ ᠱᠠᠩᠨᠠᠯᠳᠦ ᠵᠤᠬᠢᠶᠠᠯᠴᠢ᠃ 2002 ᠤᠨ ᠳᠤ ︽ᠮᠠᠨᠳᠤᠮᠤᠢ ᠶᠢᠨ ᠦᠬᠦᠯᠡᠯᠬᠡ ᠲᠤᠭᠤᠵᠢ ᠶᠢᠨ ᠰᠤᠩᠭᠤᠮᠠᠯ︾ ᠢᠶᠠᠷ ᠢᠶᠠᠨ ︽ᠠᠵᠢᠨᠠᠢ ᠬᠦᠯᠦᠭ ︾ ᠱᠠᠩᠨᠠᠯ ᠲᠤᠰᠴᠠᠢ᠃ ︽ᠲᠠᠯ᠎ᠠ ᠶᠢᠨ ᠬᠦᠨ ᠳᠤ︾᠂ ︽ᠠᠭᠳᠠ ᠦᠤᠷᠰᠡᠵᠦ᠂ ᠨᠤᠬᠠᠳ ᠬᠤᠴᠢᠭᠠᠳ᠂ ᠬᠦᠮᠦᠨ ᠤᠬᠢᠯᠠᠨ᠎ᠠ︾᠂ ︽ᠭᠤᠷᠮᠤᠰᠤᠨ ᠲᠠᠭᠠᠳᠬᠠᠯ︾᠂ ︽ᠮᠠᠨᠳᠤᠮᠤᠢ ᠶᠢᠨ ᠲᠤᠭᠤᠵᠢᠰ ᠤᠨ ᠲᠡᠭᠦᠪᠦᠷᠢ︾᠂ ︽ᠮᠠᠨᠳᠤᠮᠤᠢ ᠶᠢᠨ ᠬᠡᠤᠬᠡᠳ ᠤᠨ ᠵᠤᠬᠢᠶᠠᠯ ᠤᠨ ᠰᠤᠩᠭᠤᠮᠠᠯ︾ ᠵᠡᠷᠬᠡ ᠠᠷᠪᠠ ᠭᠠᠷᠤᠢ ᠦᠬᠦᠯᠡᠯᠬᠡ ᠲᠤᠭᠤᠵᠢ ᠶᠢᠨ ᠲᠡᠬᠦᠪᠦᠷᠢ ᠲᠠᠢ᠃ ︽ᠮᠠᠨᠳᠤᠮᠤᠢ ᠶᠢᠨ ᠬᠡᠤᠬᠡᠳ ᠤᠨ ᠤᠷᠠᠨ ᠵᠤᠬᠢᠶᠠᠯ︾᠂ ︽ᠤᠩᠭᠤᠨ ᠰᠢᠳᠦᠬᠡᠨ ᠤᠪᠤᠭ᠎ᠠ ᠰᠠᠬᠢᠭᠤᠯᠰᠤᠨ︾ ᠬᠡᠮᠡᠬᠦ ᠵᠢᠷᠭᠤᠭᠠᠨ ᠪᠦᠯᠦᠭᠳᠦ ᠪᠠᠷᠢᠮᠳᠠᠳᠦ ᠲᠧᠯᠸᠢᠰ ᠹᠢᠯᠢᠮ ᠢᠶᠠᠷ ᠢᠶᠠᠨ ᠪᠦᠬᠦ ᠤᠷᠤᠨ ᠤ ︽ᠲᠠᠪᠤ ᠨᠢᠬᠡ ᠶᠢᠨ ᠢᠨᠵᠧᠨᠧᠷᠢᠩ︾ ᠤᠨ ᠱᠠᠩᠨᠠᠯ ᠬᠦᠷᠳᠡᠵᠠᠢ᠃
2004 ᠤᠨ ᠳᠤ ᠲᠤᠮᠳᠠᠳᠦ ᠤᠯᠤᠰ ᠤᠨ ᠵᠤᠬᠢᠶᠠᠯᠴᠢᠳ ᠤᠨ ᠡᠪᠯᠡᠯ ᠠᠴᠠ ᠪᠡᠬᠡᠵᠢᠩ ᠳᠤ ᠴᠢᠯᠦᠭᠡᠯᠡᠭᠳᠡᠭᠰᠡᠨ ᠠᠴᠠ ᠨᠠᠰᠢᠬᠢ ᠠᠩᠬᠠᠳᠠᠭᠴᠢ ᠴᠦᠬᠡᠨ ᠲᠤᠭᠠᠳᠦ ᠦᠨᠳᠦᠰᠦᠳᠡᠨ ᠤ ᠡᠬᠡ ᠬᠡᠯᠡᠨ ᠤ ᠵᠤᠬᠢᠶᠠᠯᠴᠢ ︽ᠮᠠᠨᠳᠤᠮᠤᠢ ᠶᠢᠨ ᠵᠤᠬᠢᠶᠠᠯ ᠪᠦᠳᠦᠬᠡᠯ ᠢ ᠰᠤᠳᠤᠯᠤᠨ ᠶᠠᠷᠢᠯᠴᠠᠬᠤ ᠬᠤᠷᠠᠯ︾ ᠢ ᠲᠤᠮᠳᠠᠳᠦ ᠤᠯᠤᠰ ᠤᠨ ᠤᠳᠦ ᠦᠶ᠎ᠠ ᠶᠢᠨ ᠰᠤᠶᠤᠯ  ᠤᠨ ᠤᠷᠳᠤᠨ ᠳᠤ ᠶᠠᠪᠤᠭᠤᠯᠤᠭᠰᠠᠨ ᠪᠠᠶᠢᠨ᠎ᠠ᠃ ᠦᠬᠦᠯᠡᠯᠬᠡ ︽ᠲᠦᠷᠪᠡᠨ ᠴᠢᠬᠢᠳᠦ ᠴᠢᠨ᠋ᠸ᠎ᠠ ᠬᠢᠬᠡᠳ ᠠᠩᠴᠢᠨ︾ ᠨᠢ ︽ᠲᠤᠮᠳᠠᠳᠦ ᠤᠯᠤᠰ ᠤᠨ ᠤᠷᠠᠨ ᠵᠤᠬᠢᠶᠠᠯ︾ ᠰᠡᠳᠬᠦᠯ ᠳᠤ ᠠᠩᠭ᠍ᠯᠢ᠂ ᠹᠷᠠᠨᠽᠢ ᠬᠡᠯᠡᠨ ᠳᠤ ᠤᠷᠴᠢᠭᠤᠯᠤᠭᠳᠠᠨ᠂ ︽ᠲᠠᠯ᠎ᠠ ᠶᠢᠨ ᠬᠦᠨ ᠳᠤ︾ ︵ᠦᠬᠦᠯᠡᠯᠬᠡ︶᠂ ︽ᠪᠡᠯᠭᠡᠳᠡᠯ ᠤᠨ ᠰᠤᠷᠪᠤᠯᠵᠢ︾ ︵ᠦᠬᠦᠯᠡᠯᠬᠡ︶᠂ ︽ᠡᠬᠡ ᠤᠷᠤᠨ ᠤ ᠨᠤᠭᠤᠭᠠᠨ ᠰᠦᠨᠡᠰᠦ ᠬᠤᠷᠤᠢ ᠬᠤᠷᠤᠢ︾ ︵ᠨᠠᠶᠢᠷᠠᠭᠤᠯᠤᠯ︶ ᠨᠢ ᠨᠠᠢᠮᠠᠨ ᠮᠤᠵᠢ ᠤᠷᠤᠨ ᠤ ᠨᠢᠬᠡᠳᠦᠯᠳᠠᠢ ᠵᠢᠭᠠᠬᠤ ᠮᠠᠲ᠋ᠧᠷᠢᠶᠠᠯ ᠤᠨ ᠠᠩᠬ᠎ᠠ ᠲᠤᠮᠳᠠᠳᠦ ᠪᠠ ᠲᠡᠭᠡᠳᠦ ᠲᠤᠮᠳᠠᠳᠦ ᠶᠢᠨ ︽ᠮᠤᠩᠭᠤᠯ ᠬᠡᠯᠡ ᠪᠢᠴᠢᠭ︾ ᠤᠨ ᠰᠤᠷᠬᠤ ᠪᠢᠴᠢᠭ ᠲᠤ ᠰᠤᠩᠭᠤᠭᠳᠠᠵᠠᠢ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2