ᠦᠷᠪᠡᠭᠡ ᠦᠤᠨᠬᠡᠬᠦ
ᠨᠡᠶᠢᠲᠡᠯᠡᠭᠰᠡᠨ ᠴᠠᠭ᠄
2018-04-10
   ᠬᠡᠤᠬᠡᠤᠨ ᠤᠨ ᠭᠤᠷᠪᠠᠨ ᠨᠠᠰᠤ ᠪᠤᠶᠤ ᠲᠠᠪᠤᠨ ᠨᠠᠰᠤᠨ ᠳᠡᠭᠡᠷ᠎ᠡ ᠨᠢ ᠦᠷᠪᠡᠭᠡ ᠦᠤᠨᠬᠡᠬᠦ ᠨᠠᠶᠢᠷ ᠬᠢᠬᠦ ᠳᠡᠭᠡᠨ ᠡᠳᠦᠷ ᠤᠨ ᠰᠠᠶᠢᠨ ᠢ ᠰᠤᠩᠭᠤᠵᠤ ᠬᠢᠬᠦ ᠪᠤᠶᠤ ᠲᠦᠷᠦᠭᠰᠡᠨ ᠡᠳᠦᠷ ᠲᠤᠨᠢ ᠡᠨᠡᠬᠦ ᠨᠡᠶᠢᠷ ᠢ ᠬᠢᠳᠡᠭ᠃ ᠤᠯᠠᠩᠭᠢ  ᠳᠠᠭᠠᠨ ᠵᠤᠨ ᠤ ᠰᠠᠷ᠎ᠠ ᠨᠠᠷᠠ ᠪᠤᠴᠠᠬᠤ ᠠᠴᠠ ᠡᠮᠦᠨ᠎ᠡ ᠬᠢᠨ᠎ᠡ᠂ ᠬᠡᠷᠪᠡ ᠶᠠᠮᠠᠷ ᠨᠢᠭᠡᠨ ᠰᠢᠯᠲᠠᠭᠠᠨ ᠠᠴᠠ ᠪᠤᠯᠵᠤ ᠨᠠᠷᠠ ᠪᠤᠴᠠᠬᠤ ᠠᠴᠠ ᠡᠮᠦᠨ᠎ᠡ ᠬᠢᠵᠦ ᠴᠢᠳᠠᠬᠤ ᠦᠭᠡᠢ ᠪᠤᠯ ᠡᠳᠦᠷ ᠤᠨ ᠰᠠᠶᠢᠨ ᠢ ᠦᠵᠡᠵᠦ ᠢᠪᠡᠭᠡᠯ ᠬᠦᠮᠦᠨ ᠢ ᠭᠤᠶᠤᠵᠤ ᠦᠷᠪᠡᠭᠡ ᠶᠢ ᠤᠷᠤᠮ ᠭᠠᠷᠭᠠᠵᠤ ᠨᠠᠮᠤᠷ ᠤᠨ ᠰᠠᠷ᠎ᠠ ᠨᠠᠶᠢᠷ ᠢ ᠨᠢ ᠬᠢᠭᠰᠡᠨ ᠴᠤ ᠪᠠᠰᠠ ᠪᠤᠯᠤᠨ᠎ᠠ᠃ ᠦᠷᠪᠡᠭᠡ ᠦᠤᠨᠬᠡᠬᠦ ᠳᠡᠭᠡᠨ ᠵᠠᠪᠠᠯ ᠢᠪᠡᠭᠡᠯ ᠬᠦᠮᠦᠨ ᠢᠶᠠᠷ ᠦᠰᠦ ᠶᠢ ᠠᠪᠤᠭᠤᠯᠤᠨ᠎ᠠ᠃ ᠭᠡᠬᠦ ᠳᠡᠭᠡᠨ ᠲᠡᠷᠡᠬᠦ ᠢᠪᠡᠭᠡᠯ ᠬᠦᠮᠦᠨ  ᠨᠢ ᠵᠠᠪᠠᠯ ᠡᠯᠢᠭᠡ ᠪᠦᠲᠦᠨ ᠦᠷ᠎ᠡ ᠠᠴᠢᠷ ᠲᠠᠢ ᠬᠦᠮᠦᠨ ᠪᠠᠶᠢᠳᠠᠭ᠃ ᠬᠡᠤᠬᠡᠤᠨ ᠤᠨ ᠦᠰᠦ ᠶᠢ ᠬᠡᠬᠡᠷ᠎ᠡ ᠭᠠᠳᠠᠨ᠎ᠠ ᠬᠠᠶᠠᠬᠤ ᠦᠭᠡᠢ᠂ ᠬᠠᠳᠠᠭ ᠢᠶᠠᠷ ᠪᠤᠭᠤᠵᠤ ᠠᠪᠳᠠᠷ᠎ᠠ ᠳᠠᠭᠠᠨ ᠬᠠᠳᠠᠭᠠᠯᠠᠨ᠎ᠠ᠃
 
ᠢᠷᠡᠯᠲᠡ᠄ 《ᠲᠦᠷᠪᠡᠤᠨ ᠤᠨ ᠰᠤᠶᠤᠯ ᠲᠡᠤᠬᠡ ᠶᠢᠨ ᠬᠡᠯᠬᠢᠶᠡᠰᠦ》 ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2