ᠲᠦᠷᠪᠡᠤᠨ ᠬᠤᠰᠢᠭᠤᠨ ᠤ ᠮᠤᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ
ᠨᠡᠶᠢᠲᠡᠯᠡᠭᠰᠡᠨ ᠴᠠᠭ᠄
2018-04-10
   ᠲᠦᠷᠪᠡᠤᠨ ᠬᠤᠰᠢᠭᠤᠨ ᠤ ᠮᠤᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠨᠢ ᠪᠦᠬᠦ ᠬᠤᠰᠢᠭᠤᠨ ᠳᠤ ᠴᠤᠷ ᠤᠨ ᠭᠠᠭᠴᠠ ᠨᠢᠭᠡ ᠰᠠᠭᠤᠷᠢ ᠮᠤᠩᠭᠤᠯ ᠪᠠᠷ ᠬᠢᠴᠢᠶᠠᠯᠯᠡᠬᠦ ᠠᠩᠭ᠍ᠬ᠎ᠠ ᠵᠡᠷᠭᠡ ᠶᠢᠨ ᠳᠤᠮᠳᠠᠳᠤ ᠰᠤᠷᠭᠠᠭᠤᠯᠢ ᠪᠤᠯᠤᠨ᠎ᠠ᠃ ᠰᠤᠷᠭᠠᠭᠤᠯᠢ ᠨᠢ 1958 ᠤᠨ ᠳᠤ ᠪᠠᠶᠢᠭᠤᠯᠵᠤ᠂ ᠤᠯᠠᠨ ᠵᠢᠯ ᠤᠨ ᠲᠤᠷᠰᠢ ᠦᠨᠳᠦᠷ ᠳᠤᠮᠳᠠ ᠪᠤᠯᠤᠨ ᠳᠤᠮᠳᠠ ᠳᠡᠰ ᠤᠨ ᠲᠤᠰᠬᠠᠢ ᠮᠡᠷᠭᠡᠵᠢᠯ ᠤᠨ ᠰᠤᠷᠭᠠᠭᠤᠯᠢ ᠳᠤ 6000 ᠭᠠᠷᠤᠢ ᠮᠤᠩᠭᠤᠯ ᠪᠠᠷ ᠬᠢᠴᠢᠶᠡᠯᠯᠡᠭᠰᠡᠨ ᠰᠤᠷᠤᠭᠴᠢ ᠶᠢ ᠬᠦᠷᠭᠡᠭᠰᠡᠨ ᠪᠠᠶᠢᠨ᠎ᠠ᠃   ᠤᠳᠤ 9 ᠠᠩᠭᠢ ᠬᠢᠴᠢᠶᠡᠯ ᠤᠷᠤᠵᠤ᠂ 210 ᠰᠤᠷᠤᠭᠴᠢ ᠲᠠᠢ ᠪᠠᠶᠢᠵᠤ᠂ 75 ᠪᠠᠭᠰᠢ ᠠᠵᠢᠯᠲᠠᠨ ᠲᠠᠢ ᠪᠠᠶᠢᠨ᠎ᠠ᠃ ᠰᠤᠷᠭᠠᠭᠤᠯᠢ ᠶᠢᠨ ᠡᠵᠡᠯᠡᠬᠦ ᠪᠦᠬᠦ ᠲᠠᠯᠠᠪᠠᠢ ᠨᠢ 51875 ᠬᠠᠪᠲᠠᠭᠠᠢ ᠲᠦᠷᠪᠡᠯᠵᠢᠨ ᠮᠧᠲᠷ ᠪᠠᠶᠢᠵᠤ᠂ ᠪᠠᠷᠢᠯᠭ᠎ᠠ ᠶᠢᠨ ᠲᠠᠯᠠᠪᠠᠢ ᠨᠢ 7898 ᠬᠠᠪᠲᠠᠭᠠᠢ ᠲᠦᠷᠪᠡᠯᠵᠢᠨ ᠮᠧᠲᠷ ᠪᠠᠶᠢᠵᠤ᠂ ᠡᠭᠦᠨ ᠤ ᠳᠤᠲᠤᠷ᠎ᠠ ᠵᠢᠭᠠᠨ ᠰᠤᠷᠭᠠᠬᠤ ᠠᠰᠠᠷ ᠨᠢ 4458 ᠬᠠᠪᠲᠠᠭᠠᠢ ᠲᠦᠷᠪᠡᠯᠵᠢᠨ ᠮᠧᠲᠷ ᠪᠠᠶᠢᠨ᠎ᠠ᠃ ᠪᠠᠶᠢᠷᠢ ᠶᠢᠨ ᠠᠰᠠᠷ ᠨᠢ1705 ᠬᠠᠪᠲᠠᠭᠠᠢ ᠲᠦᠷᠪᠡᠯᠵᠢᠨ ᠮᠧᠲᠷ ᠪᠠᠶᠢᠵᠤ᠂ ᠬᠤᠭᠤᠯᠠᠨ ᠭᠡᠷ ᠨᠢ 770 ᠬᠠᠪᠲᠠᠭᠠᠢ ᠲᠦᠷᠪᠡᠯᠵᠢᠨ ᠮᠧᠲᠷ ᠪᠠᠶᠢᠵᠤ᠂ 300 ᠬᠦᠮᠦᠨ ᠤ ᠢᠳᠡᠬᠦ᠂ ᠰᠠᠭᠤᠬᠤ ᠶᠢ ᠬᠠᠨᠭ᠍ᠭᠠᠵᠤ ᠳᠠᠶᠢᠯᠦᠨ᠎ᠠ᠃ ᠤᠨᠳᠤᠤ ᠠᠮᠢᠳᠤᠷᠠᠯ ᠤᠨ ᠲᠠᠯ᠎ᠠ ᠪᠠᠷ ᠬᠢ ᠪᠠᠷᠢᠯᠭ᠎ᠠ᠂ ᠲᠠᠮᠢᠷ ᠤᠨ ᠲᠠᠯᠠᠪᠠᠢ᠂ ᠰᠠᠭᠰᠤᠨ ᠪᠦᠮᠪᠦᠭᠡᠨ ᠤ ᠲᠠᠯᠠᠪᠠᠢ᠂ ᠰᠤᠷᠭᠠᠭᠤᠯᠢ ᠶᠢᠨ ᠬᠦᠷᠢᠶᠠᠨ ᠤ ᠨᠤᠭᠤᠭᠠᠷᠠᠭᠤᠯᠤᠯᠲᠠ᠂ ᠬᠠᠲᠠᠷᠠᠭᠤᠯᠤᠭᠰᠠᠨ ᠵᠠᠮ ᠵᠡᠷᠭᠡ ᠨᠡᠶᠢᠲᠡ4 ᠲᠦᠮᠡ ᠭᠠᠷᠤᠢ ᠬᠠᠪᠲᠠᠭᠠᠢ ᠲᠦᠷᠪᠡᠯᠵᠢᠨ ᠮᠧᠲᠷ ᠪᠠᠶᠢᠨ᠎ᠠ᠃
 
ᠢᠷᠡᠯᠲᠡ᠄ ᠲᠦᠷᠪᠡᠤᠨ ᠬᠤᠰᠢᠭᠤᠨ ᠤ ᠮᠤᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2