| ᠳᠦᠷᠪᠡᠨ ᠬᠡᠦᠬᠡᠳ ᠤᠨ ᠠᠶᠢᠮᠠᠭ ᠤᠨ ᠬᠤᠰᠢᠭᠤᠨ ᠤ ᠸᠠᠩ ᠤᠨ ᠤᠷᠳᠤᠨ ᠨᠢ ᠤᠯᠠᠭᠠᠨᠬᠤᠸᠠ ᠠᠴᠠ ᠤᠮᠠᠷᠠᠰᠢ | 24 ᠺᠢᠯᠤᠮᠧᠲᠷ ᠵᠠᠶᠢᠳᠠᠢ ᠪᠠᠶᠢᠭ᠎ᠠ ᠴᠠᠭᠠᠨᠪᠤᠯᠠᠭ ᠰᠤᠮᠤᠨ ᠤ ᠰᠠᠭᠤᠭ᠎ᠠ ᠭᠠᠵᠠᠷ ᠪᠤᠢ᠃ ᠸᠠᠩ ᠤᠨ ᠤᠷᠳᠤᠨ ᠨᠢ 1905 | ᠤᠨ ᠳᠤ ᠪᠠᠶᠢᠭᠤᠯᠤᠭᠳᠠᠵᠤ᠂ ᠤᠷᠳᠤᠨ ᠤ ᠬᠦᠷᠢᠶᠡᠨ ᠳᠡᠭᠡᠨ ᠡᠮᠦᠨ᠎ᠡ ᠬᠤᠶᠢᠨ᠎ᠠ ᠬᠤᠶᠡᠷ ᠳᠠᠩᠭᠢᠮ ᠳᠤᠨᠢ ᠸᠠᠩ ᠨᠤᠶᠠᠨ ᠤ | ᠵᠠᠰᠠᠭ ᠶᠠᠪᠤᠭᠤᠯᠬᠤ ᠭᠠᠵᠠᠷ᠂ ᠠᠷᠤ ᠶᠢᠨ ᠳᠠᠩᠭᠢᠮ ᠨᠢ ᠸᠠᠩ ᠨᠤᠶᠠᠨ ᠪᠤᠯᠤᠨ ᠬᠠᠳᠤᠨ ᠤ ᠰᠠᠭᠤᠳᠠᠭ ᠰᠠᠭᠤᠴᠠ᠃ ᠡᠮᠦᠨ᠎ᠡ | ᠳᠠᠩᠭᠢᠮ ᠤᠨ ᠬᠤᠶᠡᠷ ᠵᠢᠬᠦᠷ ᠲᠤᠨᠢ ᠸᠠᠩ ᠤᠨ ᠳᠤᠤᠷᠠᠬᠢ ᠳᠦᠰᠢᠮᠡᠳ ᠤᠨ ᠬᠢᠨᠢ ᠠᠯᠪᠠ ᠬᠢᠳᠡᠭ ᠬᠤᠶᠡᠷ ᠵᠢᠬᠦᠷ ᠤᠨ | ᠳᠠᠩᠭᠢᠮ ᠲᠠᠢ᠃ ᠡᠬᠦᠨ ᠠᠴᠠ ᠭᠠᠳᠠᠨ᠎ᠠ ᠪᠠᠰᠠ ᠤᠷᠳᠤᠨ ᠤ ᠪᠠᠷᠠᠭᠤᠨ ᠭᠠᠷ ᠲᠠᠯ᠎ᠠ ᠳᠤ ᠬᠤᠶᠡᠷ ᠶᠡᠭᠡ ᠳᠦᠪᠡᠳ ᠮᠠᠶ᠋ᠢᠭ | ᠤᠨ ᠳᠤᠭᠠᠩ ᠪᠠᠶᠢᠳᠠᠭ ᠨᠢ ᠳᠦᠷᠪᠡᠨ ᠬᠡᠦᠬᠡᠳ ᠤᠨ ᠠᠶᠢᠮᠠᠭ ᠤᠨ ᠠᠷᠪᠠᠨ ᠭᠤᠷᠪᠠᠳᠤᠭᠠᠷ ᠦᠶ᠎ᠡ ᠶᠢᠨ ᠵᠠᠰᠠᠭ ᠸᠠᠩ | ᠯᠾᠸᠠᠩᠨᠤᠷᠪᠤ ᠠᠴᠠ ᠸᠠᠩ ᠤᠨ ᠤᠷᠳᠤᠨ ᠪᠠᠶᠢᠭᠤᠯᠵᠤ ᠪᠠᠷᠠᠭᠰᠠᠨ ᠤ ᠳᠠᠷᠠᠭ᠎ᠠ 1908 ᠤᠨ ᠳᠤ ᠬᠤᠰᠢᠭᠤ ᠶᠠᠮᠤᠨ ᠠᠴᠠ | ᠵᠤᠭᠤᠰ ᠮᠦᠩᠭᠦ ᠵᠠᠷᠤᠴᠠᠭᠤᠯᠵᠤ ᠪᠠᠶᠢᠭᠠᠳ ᠴᠤᠭᠴᠠᠯᠠᠭᠰᠠᠨ ᠳᠤᠭᠠᠩ ᠪᠤᠯᠤᠨ᠎ᠠ᠃ ᠸᠠᠩ ᠤᠨ ᠤᠷᠳᠤᠨ ᠪᠤᠯᠤᠨ ᠬᠤᠶᠡᠷ | ᠳᠤᠭᠠᠩ ᠨᠢ ᠤᠳᠠᠭᠠᠨ ᠤᠨ ᠰᠡᠯᠪᠢᠵᠤ ᠵᠠᠰᠠᠭᠰᠠᠨ ᠦᠬᠡᠢ ᠪᠤᠯᠬᠤᠷ ᠮᠠᠰᠢ ᠬᠠᠭᠤᠴᠢᠷᠠᠵᠤ ᠡᠪᠳᠡᠷᠡᠭᠰᠡᠨ ᠢ 1989 ᠤᠨ | ᠠᠴᠠ ᠡᠬᠢᠯᠡᠨ ᠦᠪᠦᠷ ᠮᠤᠩᠭᠤᠯ ᠤᠨ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠪᠤᠯᠤᠨ ᠬᠤᠰᠢᠭᠤᠨ ᠤ ᠡᠳ᠋ ᠶᠢᠨ ᠵᠠᠰᠠᠭ | ᠠᠴᠠ ᠵᠤᠭᠤᠰ ᠭᠠᠷᠭᠠᠵᠤ ᠪᠠᠶᠢᠭᠠᠳ ᠸᠠᠩ ᠤᠨ ᠤᠷᠳᠤᠨ ᠤ ᠡᠮᠦᠨ ᠳᠠᠩᠭᠢᠮ ᠪᠤᠯᠤᠨ ᠨᠢᠭᠡ ᠳᠤᠭᠠᠩ ᠢ ᠰᠡᠯᠪᠢᠨ ᠵᠠᠰᠠᠭᠠᠳ | ᠦᠵᠡᠭᠴᠢᠳ ᠲᠤ ᠨᠡᠭᠡᠭᠡᠵᠤ ᠪᠤᠢ᠃ | ᠴᠢᠩ ᠤᠯᠤᠰ ᠤᠨ ᠳᠡᠭᠡᠳᠦ ᠡᠷᠳᠡᠮᠳᠦ ᠶᠢᠨ ᠳᠡᠷᠢᠬᠦᠨ ᠤᠨ ︵ᠨᠡᠶᠢᠳᠡ ᠶᠢᠨ ᠤᠨ ᠳᠤᠭᠠᠯᠠᠯ ᠤᠨ 1636 ᠤᠨ︶ | ᠳᠤ ᠳᠦᠷᠪᠡᠨ ᠬᠡᠦᠬᠡᠳ ᠤᠨ ᠠᠶᠢᠮᠠᠭ ᠨᠢ ᠬᠤᠰᠢᠭᠤ ᠪᠤᠯᠵᠤ ᠪᠠᠶᠢᠭᠤᠯᠤᠭᠳᠠᠭᠰᠠᠨ ᠠᠴᠠ ᠠᠪᠤᠭᠠᠳ ᠴᠢᠯᠦᠭᠡᠯᠡᠭᠳᠡᠬᠦ | ᠪᠤᠯᠳᠠᠯ᠎ᠠ ᠠᠷᠪᠠᠨ ᠳᠠᠪᠤᠨ ᠦᠶ᠎ᠡ ᠶᠢᠨ ᠸᠠᠩ ᠨᠤᠶᠠᠨ ᠵᠠᠰᠠᠭ ᠪᠠᠷᠢᠵᠤ ᠬᠤᠰᠢᠭᠤ ᠶᠢ ᠵᠠᠬᠢᠷᠤᠭᠰᠠᠨ ᠪᠠᠶᠢᠨ᠎ᠠ᠃ ᠡᠮᠦᠨᠡᠬᠢ | ᠠᠷᠪᠠᠨ ᠬᠤᠶᠠᠷ ᠦᠶ᠎ᠡ ᠶᠢᠨ ᠸᠠᠩ ᠨᠤᠶᠠᠨ ᠤ ᠤᠷᠳᠤᠨ ᠨᠢ ᠪᠠᠶᠢᠰᠢᠩ ᠬᠦᠷᠢᠶ᠎ᠡ ᠭᠡᠵᠤ ᠴᠤᠭᠴᠠᠯᠠᠭᠰᠠᠨ ᠦᠬᠡᠢ᠂ ᠪᠦᠷ | ᠮᠤᠩᠭᠤᠯ ᠭᠡᠷ ᠤᠳ ᠪᠠᠶᠢᠵᠠᠢ᠃ ᠠᠷᠪᠠᠨ ᠭᠤᠷᠪᠠᠳᠤᠭᠠᠷ ᠦᠶ᠎ᠡ ᠶᠢᠨ ᠵᠠᠰᠠᠭ ᠸᠠᠩ ᠯᠾᠸᠠᠩᠨᠤᠷᠪᠤ ᠶᠢᠨ ᠦᠶ᠎ᠡ ᠪᠤᠯᠤᠭᠠᠳ | ᠰᠠᠶ᠋ᠢ ᠳᠦᠷᠪᠡᠳ ᠸᠠᠩ ᠤᠨ ᠤᠷᠳᠤᠨ ᠢ ᠪᠠᠶᠢᠭᠤᠯᠵᠤ ᠰᠠᠭᠤᠷᠢᠰᠢᠵᠠᠢ᠃ ᠳᠡᠬᠦᠨ ᠠᠴᠠ ᠠᠪᠤᠭᠠᠳ ᠰᠠᠶ᠋ᠢ ᠳᠦᠷᠪᠡᠳ ᠸᠠᠩ | ᠤᠨ ᠤᠷᠳᠤᠨ ᠤ ᠨᠡᠷ᠎ᠡ ᠳᠠᠷᠬᠠᠵᠤ᠂ ᠤᠶᠢᠷ᠎ᠠ ᠤᠷᠴᠢᠮ ᠤᠨ ᠴᠢᠭᠤᠯᠭᠠᠨ ᠬᠤᠰᠢᠭᠤᠳ ᠤᠨ ᠸᠠᠩ ᠬᠦᠩ᠂ ᠢᠵᠠᠭᠤᠷᠳᠠᠳ | ᠦᠷᠬᠦᠯᠵᠢ ᠵᠠᠯᠠᠷᠠᠨ ᠰᠠᠭᠠᠳᠠᠬᠤ ᠪᠤᠯᠤᠭᠰᠠᠨ ᠪᠦᠭᠡᠳ ᠤᠷᠳᠤᠨ ᠤ ᠰᠦᠮ᠎ᠡ ᠳᠤᠨᠢ ᠴᠤ ᠵᠠᠭᠤ ᠢᠯᠡᠬᠦᠤ ᠯᠠᠮᠠ ᠨᠠᠷ ᠱᠠᠰᠢᠨ ᠤ | ᠦᠢᠯᠡ ᠦᠢᠯᠡᠳᠴᠤ᠂ ᠪᠤᠰᠤᠳ ᠰᠦᠮ᠎ᠡ ᠬᠡᠶᠢᠳ ᠤᠨ ᠭᠡᠭᠡᠨ ᠬᠤᠪᠢᠯᠭᠠᠳ ᠴᠤ ᠦᠷᠬᠦᠯᠵᠢ ᠰᠠᠭᠠᠳᠠᠵᠤ ᠬᠤᠷᠠᠯ ᠬᠤᠷᠠᠵᠤ | ᠨᠤᠮ ᠳᠠᠯᠪᠢᠳᠠᠭ ᠪᠤᠯᠤᠭᠰᠠᠨ ᠪᠠᠶᠢᠨ᠎ᠠ᠃ | | |