ᠬᠢᠯᠢ ᠶᠢᠨ ᠮᠠᠯᠴᠢᠨ ᠤ ᠠᠮᠢᠳᠤᠷᠠᠯ ᠢᠶᠠᠨ ᠡᠷᠭᠦᠭᠰᠡᠨ ᠦᠢᠯᠡᠰ
ᠨᠡᠶᠢᠲᠡᠯᠡᠭᠰᠡᠨ ᠴᠠᠭ᠄
2018-08-01
    ᠬᠢᠯᠢ ᠨᠤᠳᠤᠭ ᠤᠨ ᠵᠠᠢ ᠳᠤ ᠡᠶᠢᠮᠤ ᠨᠢᠭᠡᠨ ᠠᠶᠢᠯ ᠭᠠᠴᠠᠭ᠎ᠠ ᠬᠤᠰᠢᠭᠤᠨ ᠲᠦᠪ ᠤᠨ ᠬᠤᠭᠤᠷᠤᠨᠳᠤ ᠶᠠᠪᠤᠵᠤ ᠰᠠᠭᠤᠬᠤ ᠠᠮᠢᠳᠤᠷᠠᠯ ᠢ ᠦᠩᠭᠡᠷᠡᠭᠰᠡᠭᠡᠷ ᠭᠤᠷᠪᠠᠨ ᠵᠢᠯ ᠤᠨ ᠨᠢᠭᠤᠷ ᠢ ᠦᠵᠡᠵᠠᠢ᠃ ᠡᠨᠡ ᠠᠶᠢᠯ ᠤᠨ ᠬᠢᠨ ᠪᠤᠯ ᠨᠤᠮᠢᠨᠴᠡᠴᠡᠭ ᠤᠨ ᠬᠢ  ᠪᠢᠯᠡ᠃ ᠲᠦᠷᠪᠡᠳ ᠬᠤᠰᠢᠭᠤᠨ ᠤ ᠵᠠᠩᠭᠠᠨ ᠰᠤᠮᠤᠨ ᠤ ᠡᠷᠳᠡᠨᠢᠴᠤᠭᠳᠤ ᠭᠠᠴᠠᠭ᠎ᠠ ᠪᠠᠷ ᠨᠤᠳᠤᠭᠯᠠᠵᠤ ᠪᠠᠶᠢᠭ᠎ᠠ ᠲᠡᠳᠡᠨᠡᠶᠢᠬᠢᠨ 2016 ᠤᠨ ᠳᠤ ᠬᠤᠰᠢᠭᠤᠨ ᠲᠦᠪ ᠤᠯᠠᠭᠠᠨᠬᠤᠸᠠ ᠪᠠᠯᠭᠠᠰᠤᠨ ᠲᠡᠭᠡᠷ᠎ᠡ  ᠪᠠᠨ  ︽ᠬᠢᠯᠢ ᠨᠤᠳᠤᠭ ᠤᠨ ᠪᠠᠶᠢᠭᠠᠯᠢᠯᠢᠭ ᠬᠤᠨᠢᠨ ᠮᠢᠬᠠᠨ ᠲᠡᠯᠭᠡᠭᠦᠷ︾ ᠢᠶᠠᠨ ᠨᠡᠭᠡᠭᠡᠭᠰᠡᠨ ᠠᠴᠠ ᠨᠠᠰᠢ ᠨᠦᠬᠦᠷ ᠪᠢᠯᠢᠭᠦᠨ ᠨᠢ ᠬᠦᠳᠡᠭᠡ ᠳᠡᠭᠡᠨ ᠮᠠᠯ ᠠᠬᠠᠤᠢ ᠪᠠᠨ ᠲᠤᠳᠤᠮᠳᠠᠵᠤ᠂ ᠨᠤᠮᠢᠨᠴᠡᠴᠡᠭ ᠬᠤᠰᠢᠭᠤᠨ ᠲᠦᠪ ᠲᠡᠭᠡᠨ ᠲᠡᠯᠭᠡᠭᠦᠷ ᠢᠶᠠᠨ ᠡᠵᠡᠩᠨᠡᠨ᠂ ᠬᠤᠶᠠᠷ ᠬᠤᠬᠡᠳ ᠨᠢ ᠴᠢᠯᠤᠭᠡ ᠪᠠᠷ ᠢᠶᠠᠨ ᠬᠠᠮᠵᠢᠨ ᠲᠤᠰᠠᠯᠠᠵᠤ᠂ ᠡᠳᠡᠨᠡᠶᠢᠬᠢᠨ ᠤ ᠬᠦᠳᠡᠭᠡ ᠬᠤᠰᠢᠭᠤᠨ ᠤ ᠬᠤᠭᠤᠷᠤᠨᠳᠤ ᠶᠠᠪᠤᠵᠤ ᠰᠠᠭᠤᠬᠤ ᠪᠤᠯᠵᠠᠢ᠃     ᠪᠤᠷᠤᠭ᠎ᠠ ᠬᠤᠷ᠎ᠠ ᠬᠤᠮᠰᠠᠳᠠᠵᠤ᠂ ᠨᠤᠳᠤᠭ ᠪᠡᠯᠴᠢᠭᠡᠷ ᠲᠠᠴᠢᠷᠰᠢᠨ᠂ ᠬᠦᠳᠡᠭᠡ ᠨᠤᠳᠤᠭ ᠤᠨ ᠮᠠᠯᠴᠢᠳ ᠤᠨ ᠠᠮᠢᠳᠤᠷᠠᠯ ᠳᠤ ᠬᠦᠴᠢᠷ ᠪᠡᠷᠭᠡᠰᠢᠶᠡᠯ ᠲᠤᠯᠭᠠᠷᠠᠵᠤ ᠪᠠᠶᠢᠯ᠎ᠠ᠂ ᠮᠠᠯ ᠪᠡᠯᠴᠢᠭᠡᠷ ᠢ ᠲᠡᠩᠴᠡᠭᠦᠷᠢᠰᠢᠭᠦᠯᠬᠦ ᠲᠦᠷᠦ ᠶᠢᠨ ᠪᠤᠳᠤᠯᠭ᠎ᠠ ᠶᠢᠨ ᠬᠡᠷᠡᠭᠵᠢᠭᠦᠯᠦᠯᠳᠡ ᠲᠤᠤᠷ᠎ᠠ ᠶᠠᠭᠠᠬᠢᠵᠤ ᠬᠡᠳᠦᠬᠡᠨ ᠮᠠᠯ ᠢᠶᠠᠷ ᠠᠮᠢᠳᠤᠷᠠᠯ ᠢᠶᠠᠨ ᠦᠭᠡᠳᠡᠯᠡᠭᠦᠯᠵᠤ ᠶᠠᠪᠤᠬᠤ ᠪᠤᠢ ᠬᠡᠳᠡᠭ ᠨᠢ ᠮᠠᠯᠴᠢᠳ ᠤᠨ ᠲᠤᠯᠭᠠᠮ᠎ᠠ ᠠᠰᠠᠭᠤᠳᠠᠯ ᠪᠤᠯᠵᠤ ᠪᠠᠶᠢᠭᠰᠠᠨ᠂ ᠶᠠᠭᠠᠬᠢᠵᠤ10 ᠭᠠᠷᠤᠢ ᠲᠦᠮᠡᠨ ᠲᠦᠭᠦᠷᠢᠭ ᠤᠨ ᠦᠷᠢ ᠰᠢᠷᠢ ᠪᠠᠨ ᠪᠦᠭᠯᠡᠵᠤ ᠠᠮᠢᠳᠤᠷᠠᠯ ᠢᠶᠠᠨ ᠦᠭᠡᠳᠡ ᠲᠠᠳᠠᠬᠤ ᠪᠤᠢ ᠭᠡᠳᠡᠭ ᠪᠠᠶᠢᠳᠠᠯ ᠳᠤ ᠨᠤᠮᠢᠨᠴᠡᠴᠡᠭ ᠨᠦᠬᠦᠷ ᠲᠠᠢ ᠪᠠᠨ ᠶᠠᠷᠢᠯᠴᠠᠵᠤ ᠬᠤᠰᠢᠭᠤᠨ ᠲᠦᠪ ᠲᠤ ᠮᠢᠬᠠᠨ ᠲᠡᠯᠭᠡᠭᠦᠷ ᠭᠠᠷᠭᠠᠬᠤ ᠪᠠᠷ ᠪᠤᠯᠵᠤ᠂ ᠬᠤᠨᠢ ᠮᠠᠯ ᠤᠨ ᠢᠶᠠᠨ ᠬᠠᠭᠠᠰ ᠢ ᠨᠢ ᠬᠤᠳᠠᠯᠳᠤᠵᠤ ᠲᠡᠯᠭᠡᠭᠦᠷ ᠢᠶᠠᠨ ᠨᠡᠭᠡᠭᠡᠨ᠂ ᠬᠤᠶᠠᠷ ᠵᠢᠯ ᠤᠨ ᠴᠢᠷᠮᠠᠶᠢᠯᠭ᠎ᠠ ᠪᠠᠷ ᠲᠠᠮᠵᠢᠭᠠᠳ ᠦᠷᠢ ᠰᠢᠷᠢ ᠠᠴᠠ ᠪᠠᠨ ᠰᠠᠯᠵᠤ ᠠᠮᠢᠳᠤᠷᠠᠯ ᠨᠢ ᠲᠡᠭᠵᠢᠷᠡᠵᠤ ᠡᠬᠢᠯᠡᠭᠰᠡᠨ ᠪᠢᠯᠡ᠃ ᠤᠷᠴᠢᠮᠬᠠᠨ ᠶᠠᠪᠤᠭᠳᠠᠭᠰᠠᠨ ᠲᠦᠷᠪᠡᠳ ᠬᠤᠰᠢᠭᠤᠨ ᠤ ᠬᠤᠶᠠᠳᠤᠭᠠᠷ ᠤᠳᠠᠭᠠᠨ ᠤ ᠮᠤᠩᠭᠤᠯᠴᠤᠳ ᠤᠨ ᠤᠯᠠᠮᠵᠢᠯᠠᠯᠳᠤ ᠢᠳᠡᠭᠡᠨ ᠤᠮᠳᠠᠭᠠᠨ ᠤ ᠦᠵᠡᠭᠦᠯᠦᠯᠭᠡ ᠶᠢᠨ ᠤᠷᠤᠯᠳᠤᠭᠠᠨ ᠳᠤ ᠤᠷᠤᠯᠴᠠᠵᠤ᠂ ᠮᠤᠩᠭᠤᠯ ᠤᠯᠠᠮᠵᠢᠯᠠᠯᠳᠤ ᠡᠳ᠋ᠯᠡᠯ ᠬᠡᠷᠡᠭᠰᠡᠯ᠂ ᠮᠤᠩᠭᠤᠯ ᠤᠯᠠᠮᠵᠢᠯᠠᠯᠳᠤ ᠢᠳᠡᠭᠡᠨ ᠤᠮᠳᠠᠭᠠᠨ ᠢᠶᠠᠨ ᠲᠡᠯᠭᠡᠨ ᠦᠵᠡᠭᠦᠯᠵᠤ᠂ ᠤᠷᠤᠯᠳᠤᠭᠠᠨ ᠳᠤ ᠲᠡᠷᠢᠭᠦᠨ ᠨᠡᠷ᠎ᠡ ᠳᠤ ᠲᠤᠳᠤᠷᠠᠭᠰᠠᠨ ᠨᠢ ᠨᠤᠮᠢᠨᠴᠡᠴᠡᠭ ᠤᠨ ᠤᠷᠮ᠎ᠠ ᠶᠢ ᠨᠡᠩ ᠬᠦᠭᠵᠢᠶᠡᠵᠠᠢ᠃ ᠲᠡᠷᠡ᠄ ︽ᠤᠷᠤᠯᠳᠤᠭᠠᠨ ᠳᠤ ᠤᠷᠤᠯᠴᠠᠵᠤ ᠲᠡᠷᠢᠭᠦᠨ ᠠᠪᠬᠤ ᠨᠢ ᠴᠢᠬᠤᠯᠠ ᠪᠢᠰᠢ᠂ ᠦᠪ ᠰᠤᠶᠤᠯ ᠢᠶᠠᠨ ᠲᠡᠭᠡᠳᠤᠯᠠᠵᠤ ᠤᠯᠠᠮᠵᠢᠯᠠᠬᠤ ᠨᠢ ᠴᠢᠬᠤᠯᠠ ᠬᠡᠵᠤ ᠪᠤᠳᠤᠵᠠᠢ᠃ ᠲᠡᠭᠡᠭᠡᠳ ᠡᠨᠡ ᠤᠳᠠᠭᠠᠨ ᠤ ᠨᠠᠶᠢᠷ ᠮᠤᠨᠳᠠᠭ ᠭᠤᠶᠤ ᠪᠤᠯᠵᠤ᠂ ᠦᠨᠳᠦᠰᠦᠳᠡᠨ ᠤ ᠬᠠᠭᠤᠴᠢᠨ ᠡᠳ᠋ᠯᠡᠯ ᠬᠦᠮᠦᠨ ᠤ ᠳᠤ ᠪᠠᠶᠢᠬᠤ ᠦᠭᠡᠢ ᠨᠢ ᠮᠠᠨ ᠤ ᠳᠤ ᠪᠠᠶᠢᠵᠤ᠂ ᠮᠠᠨ ᠤ ᠳᠤ ᠪᠠᠶᠢᠬᠤ ᠦᠭᠡᠢ ᠨᠢ ᠬᠦᠮᠦᠨ ᠤ ᠳᠤ ᠪᠠᠶᠢᠨ᠎ᠠ᠃ ᠲᠡᠭᠡᠵᠤ ᠪᠤᠳᠤᠬᠤ ᠪᠠᠷ ᠪᠢᠳᠡᠨ ᠤ ᠮᠤᠩᠭᠤᠯ ᠠᠮᠢᠳᠤᠷᠠᠯ ᠮᠤᠩᠭᠤᠯ ᠰᠤᠶᠤᠯ ᠦᠷᠭᠦᠯᠵᠢᠯᠡᠨ ᠤᠯᠠᠮᠵᠢᠯᠠᠭᠳᠠᠬᠤ ᠨᠢ ᠲᠠᠮᠵᠢᠭ ᠦᠭᠡᠢ︾ ᠬᠡᠵᠤ ᠤᠷᠤᠯᠳᠤᠭᠠᠨ ᠳᠤ ᠤᠷᠤᠯᠴᠠᠭᠰᠠᠨ ᠰᠡᠳᠬᠢᠭᠳᠡᠯ  ᠢᠶᠠᠨ ᠶᠠᠷᠢᠬᠤ ᠶᠢᠨ ᠲᠠᠭᠠᠤ ︽ᠦᠨᠦ ᠵᠢᠯ   ᠢᠶᠠᠷ ᠠᠪᠴᠤ ᠬᠡᠯᠡᠬᠦ ᠳᠤ ᠪᠡᠯᠴᠢᠭᠡᠷ ᠤᠰᠤ ᠭᠠᠩᠳᠠᠭᠠᠳ ᠤᠯᠠᠩᠭᠢ ᠮᠠᠯᠴᠢᠳ ᠵᠢᠭᠡᠯᠡᠯᠭᠡ ᠪᠠᠷ ᠯᠡ ᠡᠪᠡᠰᠦ ᠪᠤᠷᠳᠤᠭ᠎ᠠ ᠠᠪᠤᠭᠠᠳ ᠮᠠᠯ ᠢᠶᠠᠨ ᠲᠡᠵᠢᠭᠡᠭᠡᠳ ᠶᠡᠭᠡ ᠬᠡᠮᠵᠢᠶᠡᠨ ᠤ ᠦᠷᠢᠨ ᠳᠤ ᠤᠷᠤᠭᠠᠳ ᠪᠠᠶᠢᠨ᠎ᠠ᠃ ᠲᠡᠭᠡᠷ᠎ᠡ ᠠᠴᠠ ᠦᠭᠬᠦᠭᠰᠡᠨ ᠬᠡᠮᠵᠢᠶ᠎ᠡ ᠲᠠᠢ ᠨᠦᠬᠦᠪᠦᠷᠢ ᠪᠠᠷ ᠮᠠᠯᠴᠢᠳ ᠶᠠᠭᠠᠬᠢᠵᠤ ᠠᠮᠢᠳᠤᠷᠠᠨ᠎ᠠ ᠳ᠋ᠠ᠂ ᠬᠠᠰᠢᠯᠠ ᠦᠪᠡᠷ ᠤᠨ ᠬᠦᠴᠦ ᠪᠠᠷ ᠢᠶᠠᠨ ᠰᠢᠳᠡ᠂ ᠲᠡᠭᠡᠭᠡᠳ ᠶᠠᠩᠵᠤ ᠶᠠᠩᠵᠤ ᠶᠢᠨ ᠠᠷᠭ᠎ᠠ  ᠪᠤᠳᠤᠵᠤ ᠡᠪᠯᠡᠭᠦᠯᠵᠤ ᠯᠡ ᠪᠠᠶᠢᠨ᠎ᠠ᠃ ᠭᠠᠭᠴᠠ ᠲᠡᠯᠭᠡᠭᠦᠷ ᠭᠠᠷᠭᠠᠬᠤ ᠴᠢᠨᠢ ᠪᠠᠰᠠ ᠯᠡ ᠠᠮᠢᠳᠤᠷᠠᠯ ᠳᠠᠭᠠᠨ ᠬᠦᠷᠬᠦ ᠦᠭᠡᠢ᠃ ᠲᠡᠭᠡᠭᠡᠳ ᠦᠪᠡᠷᠳᠡᠭᠡᠨ ᠪᠠᠰᠠ ᠬᠤᠭᠤᠯᠠᠨ ᠭᠡᠷ ᠡᠷᠬᠢᠯᠡᠬᠦ ᠶᠤᠮ ᠤᠤ ᠭᠡᠰᠡᠨ ᠪᠤᠳᠤᠯ ᠲᠠᠢ  ᠂᠂᠂᠂᠂᠂︾ ᠭᠡᠵᠤ ᠠᠮᠢᠳᠤᠷᠠᠯ ᠢᠶᠠᠨ ᠦᠭᠡᠳᠡ ᠲᠠᠳᠠᠬᠤ ᠪᠠᠰᠠ ᠨᠢᠭᠡᠨ ᠠᠷᠭ᠎ᠠ ᠤᠬᠠᠭᠠᠨ ᠰᠦᠪᠡᠭᠴᠢᠯᠡᠵᠤ ᠰᠠᠭᠤᠨ᠎ᠠ᠃      ᠠᠶᠢᠯ ᠭᠡᠷ ᠤᠨ ᠠᠳᠡᠯ ᠠᠮᠢᠳᠤᠷᠠᠯ ᠢᠶᠠᠨ ᠦᠭᠡᠳᠡᠯᠡᠭᠦᠯᠵᠤ ᠶᠠᠪᠤᠬᠤ ᠠᠴᠠ ᠭᠠᠳᠠᠨ᠎ᠠ ᠶᠠᠳᠠᠭᠰᠠᠨ ᠨᠢᠭᠡᠨ  ᠳᠡᠭᠡᠨ ᠪᠠᠭ᠎ᠠ ᠴᠦ ᠭᠡᠰᠡᠨ ᠲᠤᠰᠠ ᠲᠡᠮ ᠬᠦᠷᠭᠡᠶ᠎ᠡ ᠭᠡᠳᠡᠭ ᠮᠤᠩᠭᠤᠯ ᠬᠦᠮᠦᠨ ᠤ ᠴᠠᠶᠢᠯᠭᠠᠨ ᠰᠡᠳᠬᠢᠯ ᠢᠶᠠᠷ ᠨᠤᠮᠢᠨᠴᠡᠴᠡᠭ ᠪᠠᠰᠠ ᠬᠤᠰᠢᠭᠤᠨ ᠤ ︽ᠲᠦᠷᠪᠡᠳ ᠮᠤᠩᠭᠤᠯ ᠬᠤᠯᠪᠤᠭ᠎ᠠ︾ ᠸᠢᠴᠠᠲ ᠬᠤᠯᠪᠤᠭᠠᠨ ᠳᠤ ᠤᠷᠤᠵᠤ᠂ ᠬᠤᠶᠠᠳᠤᠭᠠᠷ ᠠᠬᠠᠯᠠᠭᠴᠢ ᠪᠤᠯᠵᠠᠢ᠃  ᠲᠡᠷᠡ᠄ ︽ᠤᠳᠤᠬᠠᠨ ᠳᠤ ᠬᠤᠶᠠᠳᠤᠭᠠᠷ ᠤᠳᠠᠭᠠᠨ ᠤ ᠬᠤᠪᠴᠠᠰᠤ ᠴᠤᠭᠯᠠᠭᠠᠤᠯᠵᠤ᠂ ᠮᠤᠩᠭᠤᠯ ᠤᠯᠤᠰ ᠤᠨ ᠦᠨᠦᠴᠢᠨ ᠬᠤᠬᠡᠳ ᠢ ᠲᠤᠰᠠᠯᠠᠬᠤ ᠠᠵᠢᠯᠯᠠᠭ᠎ᠠ ᠪᠠᠨ ᠦᠷᠨᠢᠭᠦᠯᠬᠦ ᠪᠠᠷ ᠪᠠᠶᠢᠭ᠎ᠠ ᠪᠦᠭᠡᠳ ᠬᠠᠨᠳᠢᠪ ᠴᠤᠭᠯᠠᠭᠤᠯᠬᠤ ᠠᠵᠢᠯᠯᠠᠭ᠎ᠠ ᠶᠠᠭ ᠶᠠᠪᠤᠭᠳᠠᠵᠤ ᠪᠠᠶᠢᠨ᠎ᠠ᠃ 8 ᠰᠠᠷ᠎ᠠ ᠦᠩᠭᠡᠷᠡᠭᠡᠳ ᠰᠢᠯᠢ  ᠶᠢᠨ ᠭᠤᠤᠯ ᠠᠶᠢᠮᠠᠭ ᠤᠨ ᠠᠪᠠᠭ᠎ᠠ ᠬᠤᠰᠢᠭᠤᠨ ᠤ ᠬᠦᠬᠡ ᠬᠡᠶᠢᠮᠤᠷᠢ ᠬᠤᠯᠪᠤᠭ᠎ᠠ ᠲᠠᠢ ᠬᠠᠮᠳᠤᠷᠠᠵᠤ ᠡᠷᠢᠶᠡᠨ ᠲᠡᠭᠡᠷ᠎ᠡ ᠠᠭᠤᠯᠵᠠᠵᠤ᠂ ᠨᠢᠭᠡ ᠬᠤᠯᠪᠤᠭᠠᠨ ᠠᠴᠠ ᠬᠤᠶᠠᠷ ᠬᠦᠮᠦᠨ ᠲᠤᠮᠢᠯᠠᠵᠤ ᠮᠤᠩᠭᠤᠯ ᠤᠯᠤᠰ ᠲᠤ ᠬᠦᠷᠭᠡᠬᠦ ᠪᠠᠷ ᠪᠠᠶᠢᠨ᠎ᠠ᠃ ᠡᠨᠡ ᠤᠳᠠᠭᠠᠨ ᠤ ᠠᠵᠢᠯᠯᠠᠭ᠎ᠠ ᠶᠢᠨ ᠭᠤᠤᠯ ᠨᠢ ᠲᠦᠷᠪᠡᠳ ᠮᠤᠩᠭᠤᠯᠴᠤᠳ ᠢᠶᠠᠨ ᠲᠠᠶᠢᠴᠢᠯᠠᠵᠤ ᠮᠤᠩᠭᠤᠯ ᠤᠯᠤᠰ  ᠤᠨ ᠦᠨᠦᠴᠢᠨ ᠬᠤᠬᠡᠳ ᠪᠤᠶᠤ ᠶᠠᠳᠠᠭᠤ ᠬᠦᠴᠢᠷᠳᠡᠯᠳᠠᠢ ᠬᠤᠬᠡᠳ ᠢ ᠲᠤᠰᠠᠯᠠᠬᠤ ᠪᠤᠶᠠᠨ ᠤ ᠠᠵᠢᠯᠯᠠᠭ᠎ᠠ ᠪᠤᠯᠤᠨ᠎ᠠ  ︾ ᠭᠡᠵᠤ ᠲᠠᠨᠢᠯᠴᠠᠭᠤᠯᠤᠯ᠎ᠠ᠃ ᠲᠡᠷᠡᠪᠡᠷ ᠮᠦᠨ ᠴᠦ ︽ᠲᠡᠮ ᠲᠡᠮ ᠳᠡᠭᠡᠨ᠂ ᠲᠡᠭᠡᠰᠦ ᠡᠷᠴᠢᠮ ᠳᠡᠭᠡᠨ︾ ᠭᠡᠳᠡᠭ ᠢᠶᠠᠷ ︽ᠲᠦᠷᠪᠡᠳ ᠮᠤᠩᠭᠤᠯ ᠬᠤᠯᠪᠤᠭ᠎ᠠ︾ ᠶᠢᠨ ᠮᠤᠩᠭᠤᠯ ᠤᠯᠤᠰ ᠤᠨ ᠦᠨᠦᠴᠢᠨ ᠦᠷᠦᠭᠡᠰᠦᠨ ᠶᠠᠳᠠᠭᠤ ᠬᠦᠴᠢᠷᠳᠡᠯᠳᠠᠢ ᠬᠤᠬᠡᠳ ᠢ ᠲᠤᠰᠠᠯᠠᠬᠤ ᠡᠨᠡᠬᠦ ᠪᠤᠶᠠᠨᠰᠠᠭ ᠠᠵᠢᠯᠯᠠᠭ᠎ᠠ ᠳᠤ ᠬᠦᠴᠦᠨ ᠨᠡᠮᠡᠷᠢ ᠪᠠᠨ ᠡᠷᠭᠦᠬᠦ ᠶᠢ ᠬᠦᠰᠡᠵᠤ ᠪᠠᠶᠢᠨ᠎ᠠ ᠭᠡᠯ᠎ᠡ᠃      ᠬᠢᠯᠢ ᠲᠦᠰᠢᠵᠤ ᠰᠠᠭᠤᠷᠢᠰᠢᠭᠰᠠᠨ ᠨᠤᠮᠢᠨᠴᠡᠴᠡᠭ᠂ ᠠᠶᠢᠯ ᠭᠡᠷ ᠤᠨ ᠠᠮᠢᠳᠤᠷᠠᠯ ᠢᠶᠠᠨ ᠡᠷᠭᠦᠵᠤ ᠲᠠᠳᠠᠵᠤ ᠶᠠᠪᠤᠬᠤ ᠶᠢᠨ ᠵᠡᠷᠭᠡ ᠬᠢᠯᠢ ᠶᠢᠨ ᠴᠠᠭᠠᠳᠤᠬᠢ ᠶᠠᠳᠠᠭᠤ ᠬᠦᠴᠢᠷᠳᠡᠯᠳᠠᠢ ᠬᠤᠬᠡᠳ ᠢ ᠲᠤᠰᠠᠯᠠᠶ᠎ᠠ ᠬᠡᠵᠤ ᠬᠤᠯᠪᠤᠭᠠᠨ ᠤ ᠤᠯᠠᠨ ᠲᠠᠢ ᠪᠠᠨ ᠡᠶᠢᠨᠬᠦ ᠴᠢᠷᠮᠠᠶᠢᠵᠤ ᠶᠠᠪᠤᠨ᠎ᠠ᠃ ︽ᠰᠠᠶᠢᠨ ᠰᠠᠨᠠᠭᠠᠨ ᠤ ᠦᠵᠦᠭᠦᠷ ᠲᠤ ᠰᠦ︾ ᠭᠡᠳᠡᠭ ᠢᠶᠠᠷ ᠨᠤᠮᠢᠨᠴᠡᠴᠡᠭ ᠤᠨ ᠰᠠᠨᠠᠭᠰᠠᠨ ᠦᠢᠯᠡᠰ  ᠰᠡᠳᠬᠢᠴᠢᠯᠡᠨ ᠪᠦᠳᠦᠬᠦ ᠪᠤᠯᠳᠤᠭᠠᠢ︕
 
ᠢᠷᠡᠯᠲᠡ᠄ ᠤᠯᠠᠭᠠᠨᠴᠠᠪ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2