ᠬᠠᠭᠤᠴᠢᠨ ᠵᠠᠩᠰᠢᠯ ᠢᠶᠠᠷ ᠢᠶᠠᠨ ᠮᠤᠩᠭᠤᠯ ᠨᠤᠲᠤᠭ ᠤᠨ ᠬᠠᠪᠤᠷ ᠤᠨ ᠰᠡᠭᠦᠯ ᠰᠠᠷ᠎ᠠ ᠪᠤᠶᠤ ᠵᠤᠨ ᠤ ᠡᠬᠢᠨ | ᠰᠠᠷ᠎ᠠ ᠳᠤ ᠨᠢᠭᠦᠯ ᠬᠢᠯᠢᠨᠴᠡ ᠬᠢᠳᠡᠭ ᠦᠭᠡᠢ᠂ ᠠᠮᠢᠲᠠᠨ ᠬᠤᠷᠤᠭᠠᠳᠠᠭ ᠦᠭᠡᠢ ᠴᠡᠭᠡᠷ ᠲᠠᠢ ᠪᠤᠯᠬᠤᠷ ᠡᠨᠡ ᠰᠠᠷ᠎ᠠ ᠶᠢ | ᠰᠠᠬᠢᠳᠠᠸᠠ ᠭᠡᠵᠤ ᠨᠡᠷᠡᠯᠡᠳᠡᠭ᠃ ᠡᠨᠡ ᠪᠣᠯ ᠬᠠᠭᠤᠴᠢᠨ ᠲᠤᠭᠠᠯᠠᠯ ᠤᠨ ᠲᠦᠷᠪᠡᠳᠦᠭᠡᠷ ᠰᠠᠷ᠎ᠠ ᠪᠤᠯᠤᠨ᠎ᠠ᠃ ᠡᠨᠡ | ᠰᠠᠷ᠎ᠠ ᠳᠤ ᠡᠪᠡᠰᠦ ᠨᠤᠭᠤᠭᠠᠷᠠᠵᠤ ᠢᠰᠢᠭᠡ ᠬᠤᠷᠠᠭ᠎ᠠ ᠨᠢᠯᠬ᠎ᠠ ᠨᠤᠭᠤᠭᠠᠨ ᠳᠤ ᠴᠠᠳᠴᠦ ᠪᠠᠶᠢᠳᠠᠭ ᠪᠢᠯᠡ᠃ | ᠬᠤᠷᠠᠭ᠎ᠠ ᠢᠰᠢᠭᠡ ᠬᠦᠩᠭᠡᠯᠡᠬᠦ ᠶᠢ ᠲᠦᠷᠪᠡᠳ ᠨᠤᠲᠤᠭ ᠲᠤ ︽ᠴᠠᠭᠠᠯᠠᠬᠤ᠂ ᠵᠠᠰᠠᠬᠤ᠂ ᠬᠦᠩᠭᠡᠯᠡᠬᠦ︾ ᠭᠡᠵᠤ | ᠨᠡᠷᠡᠯᠡᠳᠡᠭ᠃ ᠬᠠᠭᠤᠴᠢᠨ ᠤᠯᠠᠷᠢᠯ ᠤᠨ ᠰᠢᠨ᠎ᠡ ᠶᠢᠨ ᠶᠢᠰᠦᠨ᠂ ᠠᠷᠪᠠᠨ ᠨᠢᠭᠡᠨ᠂ ᠠᠷᠪᠠᠨ ᠲᠤᠯᠤᠭᠠᠨ᠂ ᠬᠤᠷᠢᠨ | ᠨᠢᠭᠡᠨ᠂ ᠬᠤᠷᠢ ᠶᠢᠰᠦᠨ ᠳᠤ ᠴᠠᠭᠠᠯᠠᠨ᠎ᠠ᠃ ᠵᠠᠷᠢᠮ ᠭᠠᠵᠠᠷ ᠡᠳᠦᠷ ᠰᠤᠳᠤᠷ ᠦᠵᠡᠭᠦᠯᠵᠤ᠂ ᠲᠠᠥᠯᠠᠢ᠂ ᠪᠡᠴᠢᠨ᠂ | ᠮᠤᠷᠢᠨ ᠵᠡᠷᠭᠡ ᠡᠳᠦᠷ ᠢ ︽ᠬᠦᠩᠭᠡᠨ ᠬᠤᠷᠳᠤᠨ ᠰᠠᠶᠢᠨ ᠡᠳᠦᠷ︾ ᠭᠡᠵᠤ ᠬᠤᠷᠠᠭ᠎ᠠ ᠢᠰᠢᠭᠡ ᠪᠠᠨ ᠵᠠᠰᠠᠳᠠᠭ᠃ | ᠬᠤᠷᠠᠭ᠎ᠠ ᠪᠠᠨ ᠵᠠᠰᠠᠬᠤ ᠶᠢᠨ ᠤᠷᠢᠳᠠᠯ ᠨᠢ ᠲᠤᠰᠬᠠᠢ ᠬᠤᠷᠠᠭ᠎ᠠ ᠢᠰᠢᠭᠡ ᠬᠦᠩᠭᠡᠯᠡᠭᠴᠢ ᠪᠠᠨ ᠵᠠᠯᠠᠵᠤ ᠢᠷᠡᠨ᠎ᠡ᠃ | ᠵᠠᠯᠠᠭᠰᠠᠨ ᠬᠦᠮᠦᠨ ᠢᠶᠠᠨ ᠬᠦᠨᠳᠦᠯᠡᠵᠤ᠂ ᠢᠳᠡᠭᠡᠨ ᠤ ᠳᠡᠭᠡᠵᠢ ᠪᠠᠨ ᠰᠢᠷᠡᠭᠡ ᠲᠦᠭᠦᠷᠡᠩ ᠦᠷᠦᠵᠤ᠂ ᠴᠠᠢ | ᠠᠶᠠᠭᠠᠯᠠᠵᠤ ᠴᠠᠭᠠᠨ ᠢᠳᠡᠭᠡ ᠠᠮᠰᠠᠭᠤᠯᠤᠨ᠂ ᠠᠷᠢᠬᠢ ᠪᠠᠷᠢᠵᠤ᠂ ᠴᠠᠭᠠᠨ ᠬᠠᠳᠠᠭ ᠲᠡᠭᠡᠷ᠎ᠡ ᠲᠤᠷᠭ᠎ᠠ ᠴᠠᠢ ᠪᠤᠶᠤ | ᠵᠤᠭᠤᠰ ᠮᠦᠩᠭᠦ ᠲᠠᠯᠪᠢᠨ ᠪᠡᠯᠡᠭ ᠪᠠᠷᠢᠨ᠎ᠠ᠃ ᠵᠠᠷᠢᠮ ᠬᠦᠮᠦᠨ ᠤ ᠭᠠᠷ ᠬᠦᠨᠳᠦ ᠭᠡᠵᠤ ᠬᠦᠩᠭᠡᠯᠡᠭᠰᠡᠨ ᠬᠤᠷᠠᠭ᠎ᠠ | ᠢᠰᠢᠭᠡᠨ ᠤ ᠡᠰᠭᠡᠭᠰᠡᠨ ᠤᠷᠤᠮ ᠨᠢ ᠰᠢᠷᠬᠠᠯᠠᠵᠤ ᠬᠠᠪᠤᠳᠤᠬᠤ ᠪᠤᠶᠤ ᠦᠭᠡᠷᠢᠯᠡᠵᠤ ᠬᠠᠯᠠᠭᠤᠷᠠᠭᠠᠳ ᠦᠬᠦᠵᠤ ᠭᠡᠮᠳᠦᠬᠦ | ᠤᠴᠢᠷ ᠭᠠᠷᠳᠠᠭ ᠲᠤᠯᠠ ᠬᠦᠩᠭᠡᠨ ᠭᠠᠷ ᠲᠠᠢ ᠬᠦᠮᠦᠨ ᠵᠠᠯᠠᠬᠤ ᠨᠢ ᠮᠠᠰᠢ ᠴᠢᠬᠤᠯᠠ ᠪᠠᠶᠢᠳᠠᠭ᠃ ᠢᠩᠬᠢᠵᠤ ᠵᠠᠯᠠᠭᠰᠠᠨ | ᠬᠦᠮᠦᠨ ᠢᠶᠠᠨ ᠬᠦᠨᠳᠤᠯᠡᠨ ᠵᠤᠴᠢᠯᠠᠭᠰᠠᠨ ᠤ ᠲᠠᠷᠠᠭ᠎ᠠ ᠡᠮᠦᠨ᠎ᠡ ᠨᠢ ᠰᠠᠭᠤᠯᠭ᠎ᠠ᠂ ᠵᠠᠰᠠᠭᠠᠨ ᠤ ᠬᠢᠳᠤᠭ᠎ᠠ᠂ ᠴᠠᠭᠠᠨ | ᠬᠤᠨᠢᠨ ᠤ ᠨᠤᠤᠰᠤ ᠵᠡᠷᠭᠡ ᠶᠢ ᠲᠠᠯᠪᠢᠵᠤ ᠦᠭᠬᠦ ᠳᠤ ᠲᠡᠷᠡ ᠬᠦᠮᠦᠨ ᠴᠠᠭᠠᠨ ᠨᠤᠤᠰᠤ ᠪᠠᠷ ᠪᠤᠷᠤᠭᠤ ᠡᠷᠴᠢᠲᠡᠢ | ᠤᠳᠠᠰᠤ ᠲᠠᠮᠤᠵᠤ᠂ ᠰᠠᠭᠤᠯᠭ᠎ᠠ ᠶᠢᠨ ᠠᠮᠠ ᠶᠢ ᠭᠤᠷᠪᠠ ᠤᠷᠢᠶᠠᠵᠤ᠂ ᠰᠠᠭᠤᠯᠭ᠎ᠠ ᠶᠢᠨ ᠤᠭᠤᠰᠤᠷ ᠠᠴᠠ ᠬᠠᠳᠠᠭ | ᠤᠶᠠᠵᠤ ᠮᠢᠯᠢᠶᠠᠨ᠎ᠠ᠃ ᠬᠢᠳᠤᠭᠠᠨ ᠤ ᠪᠠᠨ ᠡᠰᠢ ︵ᠵᠠᠷᠢᠮ ᠨᠢ ᠥᠪᠡᠷ ᠤᠨ ᠲᠤᠰᠬᠠᠢ ᠵᠠᠰᠠᠭᠠᠨ ᠤ ᠬᠢᠲᠤᠭ᠎ᠠ ᠲᠠᠢ︶ ᠶᠢ | ᠪᠠᠰᠠ ᠤᠷᠢᠶᠠᠨ᠎ᠠ᠃ ᠭᠡᠷ ᠤᠨ ᠡᠵᠡᠨ ᠠᠴᠠ ᠵᠠᠰᠠᠭᠠᠨ ᠤ ᠰᠠᠭᠤᠯᠭ᠎ᠠ ᠶᠢᠨ ᠢᠷᠤᠭᠠᠷ ᠲᠤ ᠠᠳᠬᠤ ᠲᠦᠭᠦᠬᠡᠢ ᠪᠤᠳᠠᠭ᠎ᠠ | ᠬᠢᠵᠤ᠂ ᠰᠦ ᠲᠤᠰᠤᠭᠠᠨ᠎ᠠ᠃ ᠡᠨᠡ ᠨᠢ ᠦᠷ᠎ᠡ ᠦᠷᠡᠯᠡᠵᠤ ᠦᠨᠳᠦᠰᠦᠯᠡᠨ᠂ ᠮᠠᠯ ᠰᠥᠷᠥᠭ ᠢᠶᠠᠨ ᠪᠤᠳᠠᠭ᠎ᠠ ᠰᠢᠭ | ᠤᠯᠠᠨ ᠦᠷᠡᠵᠢᠬᠦ ᠶᠢ ᠪᠡᠯᠭᠡᠳᠡᠵᠤ ᠪᠠᠶᠢᠭ᠎ᠠ ᠭᠡᠳᠡᠭ᠃ | ᠬᠤᠨᠢᠨ ᠤ ᠬᠠᠰᠢᠶᠠᠨ ᠲᠤᠮᠳᠠ ᠴᠠᠭᠠᠨ ᠢᠰᠡᠭᠡᠢ ᠲᠡᠪᠢᠰᠴᠦ᠂ ᠬᠦᠩᠭᠡᠯᠡᠳᠡᠭ ᠬᠦᠮᠦᠨ ᠢᠶᠠᠨ ᠵᠠᠯᠠᠵᠤ | ᠰᠠᠭᠤᠯᠭᠠᠭᠠᠳ ᠬᠤᠷᠠᠭ᠎ᠠ ᠪᠠᠨ ᠪᠠᠷᠢᠵᠤ ᠢᠷᠡᠭᠡᠳ ᠭᠤᠤᠯᠯᠠᠨ ᠤᠨᠠᠭᠠᠵᠤ ᠲᠦᠷᠪᠡᠨ ᠬᠦᠯ ᠢ ᠨᠢ ᠪᠠᠭᠯᠠᠨ ᠪᠠᠷᠢᠵᠤ | ᠬᠠᠮᠵᠢᠨ᠎ᠠ᠃ ᠬᠤᠪᠤᠩ ᠳᠤ ᠬᠦᠷᠵᠡᠩ ᠤᠨ ᠴᠤᠭ ᠠᠪᠴᠤ᠂ ᠲᠡᠭᠡᠷ᠎ᠡ ᠨᠢ ᠰᠢᠷ᠎ᠠ ᠲᠤᠰᠤ᠂ ᠨᠦᠢᠳᠠᠨ ᠦᠷᠦᠮ᠎ᠡ | ᠵᠡᠷᠭᠡ ᠶᠢ ᠤᠭᠤᠭᠢᠭᠤᠯᠤᠨ ᠬᠡᠩᠰᠢᠭᠦᠤ ᠭᠠᠷᠭᠠᠵᠤ᠂ ᠰᠠᠯᠬᠢᠨ ᠲᠡᠭᠡᠷ᠎ᠡ ᠨᠢ ᠤᠳᠤᠭ᠎ᠠ ᠲᠠᠯᠪᠢᠨ᠎ᠠ᠃ ᠡᠨᠡ ᠨᠢ ᠬᠤᠷᠠᠭ᠎ᠠ | ᠢᠰᠢᠭᠡ ᠵᠠᠰᠠᠬᠤ ᠳᠤ ᠰᠢᠩᠬᠤ ᠪᠠᠭᠤᠵᠤ᠂ ᠰᠠᠶᠤᠩᠭᠠᠳᠤᠬᠤ ᠠᠴᠠ ᠬᠢᠴᠢᠶᠡᠨ ᠲᠤᠮᠨᠠᠵᠤ ᠪᠠᠶᠢᠬᠤ ᠤᠬᠠᠭᠠᠨᠲᠠᠢ᠃ | ᠬᠠᠮᠤᠭ ᠲᠥᠷᠥᠭᠦᠤ ᠬᠦ᠋ᠩᠭᠡᠯᠡᠬᠦ ᠳᠤ ᠢᠰᠢᠭᠡ ᠪᠠᠷᠢᠳᠠᠭ ᠦᠭᠡᠢ᠂ ︽ᠴᠠᠳᠤᠯ᠎ᠠ ᠭᠡᠵᠤ ᠴᠠᠭᠠᠨ ᠢ ᠪᠠᠶᠢᠭ᠂ ᠬᠠᠨᠤᠯ᠎ᠠ | ᠭᠡᠵᠤ ᠬᠠᠷ᠎ᠠ ᠶᠢ ᠪᠠᠶᠢᠭ︾ ᠭᠡᠵᠤ ᠲᠡᠭᠰᠢ ᠵᠢᠰᠦᠮ ᠤᠨ ᠬᠤᠷᠠᠭ᠎ᠠ ᠠᠴᠠ ᠡᠬᠢᠯᠡᠨ ᠴᠠᠭᠠᠯᠠᠳᠠᠭ ᠵᠠᠩᠰᠢᠯ ᠲᠠᠢ᠃ | ᠪᠠᠭᠠᠨ᠎ᠠ ᠪᠡᠯᠡᠳᠬᠡᠵᠤ᠂ ᠠᠩᠬ᠎ᠠ ᠬᠦᠩᠭᠡᠯᠡᠭᠰᠡᠨ ᠬᠤᠷᠠᠭ᠎ᠠ ᠪᠠᠨ ᠰᠦ ᠪᠠᠷ ᠮᠢᠯᠢᠶᠠᠵᠤ᠂ ︽ᠪᠠᠭᠠᠨ᠎ᠠ ᠶᠢᠨ ᠪᠠᠷ᠎ᠠ ᠶᠡᠭᠡ᠂ | ᠪᠠᠯᠠᠬᠤ ᠶᠢᠨ ᠢᠷᠸ᠎ᠠ ᠪᠠᠭ᠎ᠠ︾ ᠭᠡᠵᠤ ᠰᠢᠪᠰᠢᠭᠡᠳ ᠤᠭᠤᠴᠠᠨ ᠲᠡᠭᠡᠷ᠎ᠡ ᠨᠢ ᠰᠤᠯᠠᠬᠠᠨ ᠲᠡᠪᠰᠢᠵᠤ᠂ ᠪᠠᠭᠠᠨ᠎ᠠ ᠲᠡᠭᠡᠭᠦᠷ | ᠠᠯᠬᠤᠭᠤᠯᠵᠤ ᠲᠤᠮᠨᠠᠨ᠎ᠠ᠂ ᠡᠨᠡ ᠨᠢ ᠮᠠᠰᠢ ᠭᠦᠨ ᠪᠡᠯᠭᠡᠳᠡᠯ ᠤᠨ ᠤᠳᠬ᠎ᠠ ᠲᠠᠢ ᠠᠵᠠᠢ᠃ ᠬᠤᠷᠠᠭ᠎ᠠ ᠢᠰᠢᠭᠡ ᠶᠢ | ᠬᠦᠩᠭᠡᠯᠡᠵᠤ ᠪᠠᠶᠢᠭ᠎ᠠ ᠨᠢ ᠪᠠᠰᠠ ᠴᠦ ᠲᠡᠭᠦᠨ ᠤ ᠠᠮᠢᠳᠤᠷᠠᠯ ᠤᠨ ᠱᠠᠲᠤ ᠦᠶ᠎ᠡ ᠶᠢᠨ ᠨᠢᠭᠡ ᠵᠠᠭᠠᠭ ᠪᠤᠶᠤ ᠰᠢᠯᠵᠢᠯᠲᠡ | ᠶᠤᠮ᠃ ᠬᠦᠩᠭᠡᠯᠡᠬᠦ ᠠᠴᠠ ᠡᠮᠦᠨ᠎ᠡ ᠬᠤᠷᠠᠭ᠎ᠠ ᠢᠰᠢᠭᠡ ᠡᠬᠡ ᠠᠴᠠ ᠲᠦᠷᠦᠭᠰᠡᠨ ᠤᠨᠠᠭᠠᠨ ᠪᠠᠶᠢᠭᠠᠯᠯᠢᠭ | ᠲᠦᠷᠬᠦ ᠪᠠᠷ ᠢᠶᠠᠨ ᠪᠠᠶᠢᠭᠰᠠᠨ ᠪᠤᠯ ᠬᠦᠩᠭᠡᠯᠡᠭᠰᠡᠨ ᠠᠴᠠ ᠬᠤᠶᠢᠰᠢ ᠦᠭᠡᠷ᠎ᠡ ᠪᠤᠯᠤᠭᠰᠠᠨ ᠡᠨᠡ ᠤᠳᠬ᠎ᠠ ᠶᠢ ᠪᠡᠯᠭᠡᠳᠡᠨ | ᠢᠯᠡᠳᠬᠡᠬᠦ ᠶᠢᠨ ᠲᠦᠯᠦᠭᠡ ᠪᠠᠭᠠᠨ᠎ᠠ ᠠᠯᠬᠤᠭᠤᠯᠵᠤ ᠲᠡᠮᠳᠡᠭᠯᠡᠳᠡᠭ ᠪᠠᠶᠢᠨ᠎ᠠ᠃ | ᠬᠤᠷᠠᠭ᠎ᠠ ᠬᠦᠩᠭᠡᠯᠡᠭᠰᠡᠨ ᠵᠢᠵᠢᠭ ᠬᠢᠳᠤᠭ᠎ᠠ ᠪᠠᠨ ᠴᠠᠭᠠᠨ ᠬᠤᠨᠢᠨ ᠨᠤᠤᠰᠤ ᠪᠠᠷ ᠤᠷᠢᠶᠠᠵᠤ᠂ ᠲᠤᠳᠤᠭᠤᠨ | ᠲᠤᠰᠢᠶ᠎ᠠ ᠤᠨᠢᠨ ᠳᠤ ᠬᠠᠪᠴᠢᠭᠤᠯᠤᠨ᠂ ᠲᠤᠯᠤᠭ᠎ᠠ ᠬᠤᠨᠤᠭ ᠬᠦᠨᠳᠡᠳᠡᠭ ᠦᠭᠡᠢ᠃ ᠡᠨᠡ ᠨᠢ ᠬᠤᠶᠠᠷ ᠵᠦᠢᠯ ᠤᠨ | ᠤᠳᠬ᠎ᠠ ᠢᠯᠡᠳᠬᠡᠵᠤ ᠪᠠᠶᠢᠭ᠎ᠠ ᠭᠡᠨ᠎ᠡ᠃ ᠨᠢᠭᠡ ᠳᠤ ᠬᠢᠳᠤᠭᠠᠨ ᠳᠤ ᠨᠢᠭᠡ ᠶᠤᠰᠤᠨ ᠤ ᠠᠮᠠᠷᠠᠯᠲᠠ ᠦᠭᠴᠦ ᠪᠠᠶᠢᠭ᠎ᠠ | ᠤᠬᠠᠭᠠᠨ ᠲᠠᠢ ᠭᠡᠨ᠎ᠡ᠂ ᠤᠯᠠᠨ ᠬᠤᠷᠠᠭ᠎ᠠ ᠬᠦᠩᠭᠡᠯᠡᠭᠰᠡᠨ ᠬᠢᠲᠤᠭ᠎ᠠ ᠶᠢ ᠴᠦ ᠭᠡᠰᠡᠨ ᠬᠦᠮᠦᠨᠴᠢᠯᠡᠨ ᠰᠡᠳᠬᠢᠵᠤ᠂ | ᠠᠮᠠᠷᠠᠭᠤᠯᠵᠤ ᠪᠠᠶᠢᠬᠤ ᠤᠬᠠᠭᠠᠨ ᠲᠠᠢ ᠠᠵᠠᠢ᠃ ᠬᠤᠶᠠᠷ ᠲᠤ ᠬᠢᠲᠤᠭᠠᠨ ᠤ ᠲᠤᠬᠠᠢ ᠲᠤᠮᠤᠭ ᠰᠡᠳᠬᠢᠯᠭᠡᠨ ᠤ | ᠡᠭᠦᠳᠡᠨ ᠠᠴᠠ ᠨᠢᠭᠡ ᠶᠤᠰᠤᠨ ᠤ ᠲᠤᠷᠭᠠᠭᠤᠯᠢ ᠬᠢᠵᠦ ᠪᠠᠶᠢᠭ᠎ᠠ ᠭᠡᠨ᠎ᠡ᠂ ᠬᠢᠲᠤᠭ᠎ᠠ ᠪᠠᠷ ᠦᠭᠡᠬᠦ ᠮᠢᠬ᠎ᠠ ᠤᠭᠳᠤᠯᠬᠤ | ᠦᠭᠡᠢ ᠤᠳᠠᠭᠠᠨ ᠲᠠᠯᠪᠢᠪᠠᠯ ᠵᠢᠪᠡᠷᠡᠵᠤ᠂ ᠦᠩᠭᠡ ᠴᠢᠷᠠᠢ ᠮᠠᠭᠤᠲᠠᠬᠤ ᠪᠤᠯᠬᠤᠷ ᠡᠵᠡᠨ ᠳᠡᠭᠡᠨ ᠭᠤᠮᠤᠳᠠᠳᠠᠭ ᠭᠡᠳᠡᠭ | ᠶᠤᠮ᠃ ᠡᠨᠡ ᠤᠳᠬ᠎ᠠ ᠪᠠᠷ ᠢᠶᠠᠨ ᠬᠤᠷᠠᠭ᠎ᠠ ᠶᠢᠨ ᠡᠬᠡ ᠪᠠᠶᠢᠭᠠᠯᠢ ᠶᠢᠨ ᠤᠨᠠᠭᠠᠨ ᠲᠦᠷᠢ ᠲᠦᠷᠬᠦ ᠶᠢ ᠥᠭᠡᠷᠡᠴᠢᠯᠡᠨ᠂ | ᠲᠡᠶᠢᠮᠤ ᠤᠯᠠᠨ ᠬᠤᠷᠠᠭ᠎ᠠ ᠢᠰᠢᠭᠡ ᠬᠦᠩᠭᠡᠯᠡᠭᠰᠡᠨ ᠠᠴᠠ ᠪᠤᠯᠵᠤ ᠲᠤᠯᠤᠭᠠᠨ ᠡᠳᠦᠷ ᠦᠭᠡᠬᠦ ᠮᠢᠬ᠎ᠠ ᠤᠭᠳᠤᠯᠬᠤ | ᠦᠭᠡᠢ ᠪᠠᠷ ᠲᠤᠷᠭᠠᠵᠤ ᠪᠠᠶᠢᠭ᠎ᠠ ᠤᠬᠠᠭᠠᠨ ᠲᠠᠢ ᠭᠡᠨ᠎ᠡ᠃ ᠡᠨᠡ ᠮᠡᠲᠥᠴᠢᠯᠡᠨ ᠮᠤᠩᠭᠤᠯ ᠵᠠᠩ ᠦᠢᠯᠡ ᠶᠢᠨ | ᠡᠭᠦᠰᠦᠯ ᠤᠨ ᠦᠨᠳᠦᠰᠦ ᠪᠡ ᠮᠠᠯᠴᠢᠨ ᠠᠷᠠᠳ ᠤᠨ ᠮᠢᠨᠢ ᠤᠶᠤᠨ ᠤᠬᠠᠭᠠᠨ ᠤ ᠪᠠᠶᠠᠯᠢᠭ ᠭᠡᠵᠤ ᠭᠠᠶᠢᠬᠠᠭᠠᠳ ᠪᠠᠷᠠᠰᠢ | ᠥᠭᠡᠢ ᠥᠪ ᠬᠥᠷᠥᠩᠭᠡ ᠪᠠᠶᠢᠳᠠᠭ ᠪᠢᠯᠡ᠃ | ᠬᠤᠷᠠᠭᠠᠨ ᠵᠠᠰᠠᠭ᠎ᠠ ᠳᠤ ᠤᠭᠤᠷᠠᠭ ᠶᠡᠭᠡ ᠠᠭᠤᠯᠤᠭᠳᠠᠵᠤ᠂ ᠵᠠᠰᠠᠭ᠎ᠠ ᠢᠳᠡᠭᠦ ᠨᠢ ᠪᠠᠶ᠎ᠡ ᠶᠢ ᠳᠠᠮᠢᠷᠵᠢᠭᠤᠯᠬᠤ᠂ | ᠭᠦᠴᠦᠵᠢᠭᠦᠯᠭᠦ ᠪᠠ ᠴᠢᠬᠢ ᠱᠤᠤᠬᠢᠵᠤ᠂ ᠨᠢᠷᠤᠭᠤ ᠭᠦᠰᠢᠭᠦ ᠶᠢ ᠵᠠᠰᠠᠵᠤ᠂ ᠪᠠᠶ᠎ᠡ ᠶᠢᠨ ᠶᠠᠳᠠᠷᠠᠭ᠎ᠠ ᠶᠢ ᠳᠠᠶᠢᠯᠳᠠᠭ | ᠥᠢᠯᠡᠳᠥᠯ ᠲᠠᠢ ᠪᠤᠯᠬᠤᠷ ᠵᠢᠯ ᠳᠤ ᠪᠠᠨ ᠨᠢᠭᠡ ᠢᠳᠡᠵᠤ ᠪᠠᠶ᠎ᠡ ᠶᠢᠨ ᠢᠶᠠᠨ ᠡᠷᠴᠢ ᠭᠦᠴᠤ ᠶᠢ ᠰᠠᠯᠪᠢᠳᠡᠭ ᠤᠴᠢᠷ ᠲᠠᠢ᠃ | ᠬᠤᠷᠠᠭᠠᠨ ᠵᠠᠰᠠᠭ᠎ᠠ ᠨᠢ ᠰᠢᠮ᠎ᠡ ᠲᠡᠵᠢᠭᠡᠯᠲᠥ ᠢᠲᠡᠭᠡᠨ᠂ ᠬᠤᠷᠠᠭᠠᠨ ᠵᠠᠰᠠᠭ᠎ᠠ ᠢᠳᠡᠬᠦ ᠶᠢ ︽ᠠᠮᠢᠳᠤ ᠮᠠᠯ ᠢᠳᠡᠨ᠎ᠡ︾ | ᠭᠡᠵᠤ ᠭᠡᠯᠴᠡᠳᠡᠭ᠃ | ᠬᠤᠷᠠᠭ᠎ᠠ ᠪᠠᠨ ᠬᠦᠩᠭᠡᠯᠡᠵᠤ ᠪᠠᠷᠠᠭᠰᠨ ᠤ ᠲᠠᠷᠠᠭ᠎ᠠ᠂ ᠪᠦᠭᠦᠳᠡ ᠭᠡᠷ ᠲᠡᠭᠡᠨ ᠤᠷᠤᠵᠤ᠂ ᠠᠭᠰᠢᠭᠠᠭᠰᠠᠨ | ᠪᠤᠳᠠᠭ᠎ᠠ᠂ ᠴᠢᠨᠠᠭᠰᠠᠨ ᠮᠢᠬ᠎ᠠ᠂ ᠵᠠᠰᠠᠭ᠎ᠠ ᠪᠠᠨ ᠢᠳᠡᠵᠤ ᠨᠠᠶᠢᠷᠯᠠᠨᠠ᠃ ᠵᠠᠰᠠᠭ᠎ᠠ ᠶᠢ ᠢᠳᠡᠬᠦ ᠶᠢᠨ ᠶᠤᠰᠤᠨ ᠳᠤ ᠰᠢᠷ᠎ᠠ | ᠲᠤᠰᠤᠨ ᠳᠤ ᠳᠥᠷᠢᠵᠤ ᠢᠳᠡᠬᠦ ᠪᠥᠭᠡᠳ ᠬᠢᠲᠤᠭ᠎ᠠ ᠮᠡᠰᠡ ᠬᠥᠳᠡᠯᠭᠡᠵᠤ ᠬᠠᠭᠠᠯᠵᠤ ᠢᠳᠡᠳᠡᠭ ᠥᠭᠡᠢ᠂ ᠲᠤᠰ | ᠡᠳᠥᠷ ᠲᠤᠨᠢ ᠢᠳᠡᠵᠤ ᠳᠠᠭᠤᠰᠬᠠᠳᠠᠭ ᠤᠨ ᠤᠴᠢᠷ ᠨᠢ ᠬᠤᠷᠠᠭᠠᠨ ᠳᠤᠨᠢ ᠬᠥᠩᠭᠡᠨ᠂ ᠰᠠᠶᠢᠨ ᠮᠠᠯ ᠪᠤᠯᠳᠠᠭ᠃ ᠮᠥᠨ | ᠪᠠᠰᠠ ᠬᠤᠷᠠᠭᠠᠨ ᠵᠠᠰᠠᠭ᠎ᠠ ᠶᠢᠨ ᠥᠢᠯᠡ ᠶᠠᠪᠤᠭᠳᠠᠭᠰᠠᠨ ᠤ ᠭᠤᠷᠪᠠᠨ ᠡᠳᠥᠷ ᠤᠨ ᠳᠤᠲᠤᠷ᠎ᠠ ᠭᠡᠷ ᠠᠴᠠ ᠶᠠᠭᠤᠮ᠎ᠠ | ᠭᠠᠳᠠᠭᠰᠢ ᠭᠠᠷᠭᠠᠳᠠᠭ ᠥᠭᠡᠢ ᠵᠠᠩᠰᠢᠯ ᠲᠠᠢ᠃ | ᠵᠠᠰᠠᠭ᠎ᠠ ᠴᠢᠨᠠᠭᠰᠠᠨ ᠱᠦᠯᠦ ᠪᠠᠨ ᠲᠤᠷ᠎ᠠ ᠪᠠᠷ ᠢᠶᠠᠨ ᠠᠰᠬᠠᠳᠠᠭ ᠦᠭᠡᠢ᠂ ᠨᠤᠬᠠᠢ ᠳᠤ ᠦᠭᠳᠡᠭ ᠦᠭᠡᠢ᠂ ᠬᠤᠷᠤᠭ᠎ᠠ | ᠬᠦᠷᠢᠶ᠎ᠡ᠂ ᠫᠦᠩᠵᠢ ᠲᠡᠭᠡᠭᠦᠷ ᠢᠶᠠᠨ ᠠᠰᠬᠠᠳᠠᠭ᠃ ᠪᠠᠰᠠ ᠨᠢᠭᠡ ᠰᠤᠨᠢᠷᠬᠠᠯᠲᠠᠢ ᠵᠠᠩᠰᠢᠯ ᠨᠢ ᠬᠤᠷᠠᠭ᠎ᠠ ᠵᠠᠰᠠᠭᠰᠠᠨ | ᠬᠦᠮᠦᠨ ᠤ ᠭᠠᠷ ᠤᠭᠢᠶᠠᠭᠰᠠᠨ ᠤᠰᠤ ᠶᠢ ᠬᠤᠨᠤᠭᠤᠲᠠ ᠲᠠᠯᠪᠢᠵᠤ᠂ ᠵᠠᠰᠠᠭᠰᠠᠨ ᠬᠤᠷᠠᠭ᠎ᠠ ᠢᠰᠢᠭᠡ ᠲᠠᠭ᠎ᠠ ᠦᠭᠡᠢ | ᠪᠠᠶᠢᠳᠠᠯ ᠢᠯᠡᠷᠡᠪᠡᠯ ᠴᠢᠳᠬᠤᠵᠤ ᠦᠭᠭᠦᠨ᠎ᠡ᠂ ᠢᠩᠬᠢᠪᠡᠯ ᠲᠤᠤᠷ᠎ᠠ ᠪᠠᠨ ᠵᠦᠭᠡᠷ ᠪᠤᠯᠴᠢᠬᠠᠳᠠᠭ ᠠᠵᠠᠢ᠃ | ᠬᠦᠩᠭᠡᠯᠡᠭᠰᠡᠨ ᠬᠤᠷᠠᠭ᠎ᠠ ᠢᠰᠢᠭᠡ ᠪᠠᠨ ᠲᠤᠯᠤᠭᠠᠠ ᠬᠤᠨᠤᠭ ᠲᠤᠲᠤᠷ᠎ᠠ ᠤᠰᠤ ᠭᠤᠤᠯ ᠭᠡᠳᠦᠯᠭᠡᠬᠦ ᠦᠭᠡᠢ᠂ ᠴᠤᠬᠢᠵᠤ | ᠴᠠᠪᠳᠠᠬᠤ ᠦᠭᠡᠢ᠂ ᠮᠦᠨ ᠡᠳᠦᠷ ᠲᠤᠨᠢ ᠤᠳᠠᠭᠠᠨ ᠬᠡᠪᠳᠡᠭᠦᠯᠬᠦ ᠦᠭᠡᠢ᠂ ᠪᠠᠶᠢᠨ ᠪᠠᠶᠢᠨ ᠪᠤᠰᠬᠠᠵᠤ ᠲᠠᠭᠤᠵᠤ | ᠬᠦᠳᠡᠯᠭᠡᠵᠦ ᠪᠠᠶᠢᠳᠠᠭ᠃ ᠢᠩᠬᠢᠪᠡᠯ ᠠᠨᠠᠬᠤ ᠨᠢ ᠬᠤᠷᠳᠤᠨ ᠪᠠᠶᠢᠳᠠᠭ ᠭᠡᠵᠤ ᠬᠡᠯᠡᠳᠡᠭ᠃ ᠢᠰᠢᠭᠡ ᠬᠤᠷᠠᠭ᠎ᠠ | ᠬᠦᠩᠭᠡᠯᠡᠬᠦ ᠳᠤ ᠡᠨᠡ ᠵᠢᠯ ᠤᠨ ᠲᠦᠯ ᠠᠴᠠ ᠬᠤᠴᠠ ᠤᠬᠤᠨ᠎ᠠ ᠲᠠᠯᠪᠢᠬᠤ ᠰᠠᠨᠠᠭ᠎ᠠ ᠲᠠᠢ ᠪᠤᠯ ᠰᠢᠯᠢᠨ ᠰᠤᠩᠭᠤᠭᠰᠠᠨ | ᠰᠠᠶᠢᠨ ᠤᠳᠤᠮ ᠤᠨ ᠲᠦᠯ ᠢᠶᠠᠨ ᠲᠡᠪᠡᠷᠢᠨ ᠠᠪᠴᠢᠷᠠᠵᠤ᠂ ᠬᠦᠩᠭᠡᠯᠡᠭᠴᠢ ᠶᠢᠨ ᠡᠮᠦᠨ᠎ᠡ ᠬᠦᠷᠭᠡᠨ᠎ᠡ᠃ | ᠬᠦᠩᠭᠡᠯᠡᠭᠴᠢ ᠠᠴᠠ ᠲᠡᠷᠡ ᠲᠦᠯ ᠤᠨ ᠡᠷᠡᠤ᠂ ᠮᠠᠩᠨᠠᠢ᠂ ᠡᠪᠡᠷ ᠲᠤᠭᠤᠷᠠᠢ ᠳᠤ ᠨᠢ ᠲᠤᠰᠤ ᠪᠤᠶᠤ ᠰᠦ ᠴᠠᠭ᠎ᠠ | ᠲᠦᠷᠬᠢᠵᠤ ᠮᠢᠯᠢᠶᠠᠭᠠᠳ ︽ᠲᠦᠮᠡᠨ ᠬᠤᠨᠢᠨ ᠤ ᠲᠦᠷᠦᠭᠦᠤ᠂ ᠮᠢᠩᠭᠠᠨ ᠬᠤᠨᠢᠨ ᠤ ᠮᠠᠩᠯᠠᠢ ᠪᠤᠯᠤᠭ︾ ᠭᠡᠵᠤ | ᠢᠷᠦᠭᠡᠨᠠ᠃ ᠵᠠᠷᠢᠮ ᠨᠤᠲᠤᠭ ᠲᠤ ᠪᠠᠰᠠ ᠮᠢᠯᠢᠶᠠᠭᠠᠳ ︽ᠠᠷᠴᠠ᠂ ᠬᠦᠵᠢ᠂ ᠠᠭᠢ ᠤᠩᠭᠤᠰᠬᠠᠭᠰᠠᠨ ᠰᠠᠩ ᠪᠤᠶᠤ | ᠬᠤᠪᠤᠩ ᠢ ᠭᠤᠷᠪᠠᠨᠳᠠ ᠲᠤᠭᠤᠷᠢᠭᠤᠯᠵᠤ︾ ᠢᠷᠦᠭᠡᠭᠡᠳ ᠰᠦᠷᠦᠭ ᠲᠤᠨᠢ ᠨᠡᠶᠢᠯᠡᠭᠦᠯᠳᠡᠭ ᠪᠠᠶᠢᠨ᠎ᠠ᠃ | ※ ᠲᠤᠰ ᠵᠤᠬᠢᠶᠠᠯ ᠨᠢ ᠨᠤᠲᠤᠭ ᠤᠨ ᠪᠤᠭᠤᠷᠤᠯ ᠭᠡᠩᠰᠡᠩᠫᠢᠯ ᠨᠠᠰᠤᠲᠠᠨ ᠤ ᠶᠠᠷᠢᠶ᠎ᠠ ᠶᠢ ᠡᠮᠬᠢᠳᠬᠡᠨ᠂ | ᠡᠷᠳᠡᠮᠳᠡᠨ ᠰᠠᠷᠠᠩᠭᠡᠷᠡᠯ ᠤᠨ ᠵᠤᠬᠢᠶᠠᠭᠰᠠᠨ ︽ᠮᠤᠩᠭᠤᠯ ᠤᠭᠰᠠᠭᠠᠲᠠᠨ ᠤ ᠵᠠᠩᠰᠢᠯ ᠰᠤᠶᠤᠯ ᠤᠨ ᠦᠨᠳᠦᠰᠦ︾ ︵ | ᠪᠡᠭᠡᠵᠢᠩ ᠤᠨ ᠦᠨᠳᠦᠰᠦᠲᠡᠨ ᠤ ᠰᠤᠶᠣᠯ ᠤᠨ ᠬᠡᠪᠯᠡᠯ ᠤᠨ ᠬᠤᠷᠢᠶ᠎ᠠ᠂ 2011 ᠤᠨ︶ ᠭᠡᠬᠦ ᠨᠤᠮ ᠤᠨ ᠲᠠᠪᠤᠳᠤᠭᠠᠷ | ᠪᠦᠯᠦᠭ ᠤᠨ ᠬᠤᠷᠠᠭ᠎ᠠ ᠬᠦᠩᠭᠡᠯᠡᠬᠦ ᠶᠤᠰᠤ ᠵᠠᠩᠰᠢᠯ ᠭᠡᠬᠦ ᠵᠤᠬᠢᠶᠠᠯ ᠢᠶᠠᠷ ᠬᠢᠨᠠᠯᠲᠠ ᠪᠤᠯᠭᠠᠪᠠ᠃ |