ᠶᠠᠮᠠᠷ ᠪᠠᠶᠢᠳᠠᠯ ᠲᠤᠤᠷ᠎ᠠ ᠬᠠᠮᠳᠤ ᠠᠷᠢᠬᠢ ᠤᠤᠭᠤᠭᠰᠠᠳ ᠬᠠᠤᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠬᠦ ᠪᠤᠢ︖
ᠨᠡᠶᠢᠲᠡᠯᠡᠭᠰᠡᠨ ᠴᠠᠭ᠄
2019-09-18
      ︽ᠢᠷᠭᠡᠨ ᠤ ᠬᠠᠤᠯᠢ ᠶᠢᠨ ᠶᠡᠷᠦᠩᠭᠡᠢ ᠲᠦᠷᠢᠮ︾᠂ ︽ᠡᠷᠭᠡ ᠳᠤ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ︾ ᠵᠡᠷᠭᠡ ᠬᠠᠤᠯᠢ ᠲᠤᠭᠳᠠᠭᠠᠯ ᠢ ᠦᠨᠳᠦᠰᠦᠯᠡᠪᠡᠯ᠂ ᠤᠯᠠᠩᠭᠢ ᠪᠠᠶᠢᠳᠠᠯ ᠲᠤᠤᠷ᠎ᠠ ᠠᠷᠢᠭᠢ ᠤᠤᠭᠤᠭᠠᠳ ᠠᠳᠡᠯ ᠭᠠᠷᠪᠠᠯ ᠠᠷᠢᠬᠢ ᠤᠤᠭᠤᠭᠰᠠᠨ ᠲᠤᠰ ᠬᠦᠮᠦᠨ ᠬᠤᠬᠢᠷᠠᠯ ᠢᠶᠠᠨ ᠦᠪᠡᠰᠦᠪᠡᠨ ᠡᠭᠦᠷᠭᠡᠯᠡᠨ᠎ᠡ᠃ ᠬᠡᠪᠡᠴᠦ ᠬᠠᠮᠢᠶᠠᠳᠠᠨ ᠰᠠᠳᠤᠨ ᠪᠠ ᠨᠠᠶᠢᠵᠠ ᠨᠦᠬᠦᠳ ᠬᠠᠮᠳᠤ ᠳᠠᠭᠠᠨ ᠠᠷᠢᠬᠢ ᠤᠤᠭᠤᠬᠤ ᠦᠶ᠎ᠡ ᠳᠤ ᠲᠤᠤᠷᠠᠬᠢ ᠬᠡᠳᠦᠨ ᠵᠦᠢᠯ ᠤᠨ ᠪᠠᠶᠢᠳᠠᠯ ᠡᠭᠦᠰᠬᠦ ᠳᠤ ᠬᠦᠷᠪᠡᠯ ᠬᠠᠮᠳᠤ ᠠᠷᠢᠬᠢ ᠤᠤᠭᠤᠭᠰᠠᠳ ᠨᠢ ᠬᠠᠮᠢᠶ᠎ᠠ ᠪᠦᠬᠦᠢ ᠬᠠᠤᠯᠢ ᠴᠠᠭᠠᠵᠠ  ᠶᠢᠨ ᠬᠠᠷᠢᠭᠤᠴᠠᠯᠭ᠎ᠠ ᠡᠭᠦᠷᠭᠡᠯᠡᠬᠦ ᠪᠤᠯᠤᠨ᠎ᠠ᠃     1. ᠠᠯᠪᠠᠳᠠᠯᠭ᠎ᠠ ᠶᠢᠨ ᠴᠢᠨᠠᠷ ᠲᠠᠢ ᠠᠷᠢᠬᠢ ᠱᠠᠯᠠᠵᠤ᠂ ᠤᠤᠭᠤᠯᠭᠠᠬᠤ᠂ ᠲᠠᠷᠤᠢ ︽ᠮᠢᠨᠤ ᠪᠠᠷᠢᠵᠤ ᠪᠠᠶᠢᠭ᠎ᠠ ᠠᠷᠢᠬᠢ ᠶᠢ ᠤᠤᠭᠤᠬᠤ ᠦᠭᠡᠢ ᠪᠤᠯ ᠪᠢᠳᠡ ᠬᠤᠶᠠᠷ ᠨᠠᠶᠢᠵᠠ ᠪᠢᠰᠢ︾᠂ ︽ᠮᠢᠨᠤ ᠪᠠᠷᠢᠭᠰᠠᠨ ᠠᠷᠢᠬᠢ ᠶᠢ ᠤᠤᠭᠤᠬᠤ ᠦᠭᠡᠢ ᠪᠠᠶᠢᠬᠤ ᠨᠢ ᠨᠠᠮ᠎ᠠ ᠶᠢ ᠬᠦᠮᠦᠨ ᠢᠶᠠᠷ ᠦᠵᠡᠬᠦ ᠦᠭᠡᠢ ᠪᠠᠶᠢᠨ᠎ᠠ︾ ᠬᠡᠬᠦ ᠮᠡᠳᠤ ᠶᠢᠨ ᠬᠤᠷᠴᠠ ᠰᠢᠷᠦᠭᠦᠨ ᠦᠭᠡ ᠪᠠᠷ ᠨᠦᠬᠦᠭᠡ ᠡᠳᠡᠭᠡᠳ ᠢᠶᠠᠨ ᠱᠠᠯᠠᠨ ᠤᠤᠭᠤᠯᠭᠠᠬᠤ᠂ ᠨᠦᠬᠦᠭᠡ ᠡᠳᠡᠭᠡᠳ ᠨᠢ ᠦᠪᠡᠷ ᠢ ᠪᠠᠨ ᠡᠵᠡᠮᠳᠡᠬᠦ ᠴᠢᠳᠠᠪᠦᠷᠢ ᠪᠠᠨ ᠠᠯᠳᠠᠵᠤ᠂ ᠤᠬᠠᠭᠠᠨ ᠨᠢ ᠰᠡᠷᠭᠦᠭᠡ ᠦᠭᠡᠢ ᠪᠠᠶᠢᠳᠠᠯ ᠲᠤᠤᠷ᠎ᠠ ᠠᠷᠢᠬᠢ ᠱᠠᠯᠠᠨ ᠤᠤᠭᠤᠯᠭᠠᠭᠰᠠᠨ ᠪᠤᠯ ᠬᠠᠤᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠨ᠎ᠡ᠃     2. ᠨᠦᠬᠦᠭᠡ ᠡᠳᠡᠭᠡᠳ ᠢᠶᠠᠨ ᠠᠷᠢᠬᠢ ᠤᠤᠭᠤᠵᠤ ᠪᠤᠯᠬᠤ ᠦᠭᠡᠢ ᠬᠡᠳᠡᠭ ᠢ ᠮᠡᠳᠡᠵᠤ ᠪᠠᠶᠢᠭᠠᠳ ᠠᠷᠢᠬᠢ ᠱᠠᠯᠠᠵᠤ ᠤᠤᠭᠤᠯᠭᠠᠬᠤ᠂ ᠲᠠᠷᠤᠢ ᠨᠦᠬᠦᠭᠡ ᠡᠳᠡᠭᠡᠳ ᠤᠨ ᠪᠠᠶ᠎ᠡ ᠶᠢᠨ ᠪᠠᠶᠢᠳᠠᠯ᠂ ᠡᠷᠡᠭᠦᠯ ᠮᠡᠨᠳᠦ ᠪᠤᠶᠤ ᠡᠪᠡᠳᠴᠢᠨ  ᠤ ᠪᠠᠶᠢᠳᠠᠯ ᠢ ᠮᠡᠳᠡᠵᠤ ᠪᠠᠶᠢᠭᠠᠳ ᠠᠷᠢᠬᠢ ᠱᠠᠯᠠᠵᠤ ᠤᠤᠭᠤᠯᠭᠠᠭᠰᠠᠨ ᠪᠤᠯ ᠬᠠᠤᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠨ᠎ᠡ᠃     3. ᠰᠤᠭᠳᠤᠭᠰᠠᠨ ᠡᠳᠡᠭᠡᠳ ᠢᠶᠠᠨ ᠠᠮᠤᠷ ᠲᠦᠪᠰᠢᠨ ᠢᠶᠠᠷ ᠭᠡᠷ ᠲᠤ ᠨᠢ ᠬᠦᠷᠭᠡᠭᠰᠡᠨ ᠦᠭᠡᠢ᠃ ᠲᠠᠷᠤᠢ ᠨᠦᠬᠦᠭᠡ ᠡᠳᠡᠭᠡᠳ ᠨᠢ ᠠᠷᠢᠬᠢ ᠤᠤᠭᠤᠵᠤ ᠤᠬᠠᠭᠠᠨ ᠰᠠᠨᠠᠭ᠎ᠠ ᠨᠢ ᠪᠠᠯᠠᠷᠠᠭᠰᠠᠨ ᠪᠠᠶᠢᠳᠠᠯ ᠲᠤᠤᠷ᠎ᠠ᠂ ᠬᠠᠮᠳᠤ ᠠᠷᠢᠬᠢ ᠤᠤᠭᠤᠭᠰᠠᠳ ᠨᠢ ᠲᠡᠭᠦᠨ ᠢ ᠠᠮᠤᠷ ᠲᠦᠪᠰᠢᠨ ᠢᠶᠠᠷ ᠬᠡᠷ ᠪᠤᠶᠤ ᠡᠮᠨᠡᠯᠭᠡ ᠳᠤ ᠬᠦᠷᠭᠡᠭᠰᠡᠨ ᠦᠭᠡᠢ ᠠᠴᠠ ᠪᠤᠯᠵᠤ ᠠᠳᠡᠯ ᠭᠠᠷᠤᠭᠰᠠᠨ ᠪᠤᠯ ᠬᠠᠤᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠨ᠎ᠡ᠃     4. ᠨᠦᠬᠦᠭᠡ ᠡᠳᠡᠭᠡᠳ ᠨᠢ ᠰᠤᠭᠳᠤᠭᠤ ᠪᠠᠷ ᠲᠡᠷᠭᠡ ᠵᠢᠯᠤᠭᠤᠳᠴᠦ ᠬᠡᠷᠡᠭ ᠲᠠᠳᠠᠨ ᠬᠤᠬᠢᠷᠠᠯ ᠭᠠᠷᠭᠠᠭᠰᠠᠨ ᠦᠶᠡᠰ ᠬᠠᠮᠳᠤ ᠠᠷᠢᠬᠢ ᠤᠤᠭᠤᠭᠰᠠᠳ ᠨᠢ ᠬᠠᠤᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠨ᠎ᠡ᠃                                          ᠲᠤᠰ ᠰᠦᠯᠵᠢᠶᠡᠨ ᠳᠤ ᠲᠡᠪᠰᠢᠭᠦᠯᠦᠭᠰᠡᠨ ᠨᠢ   ᠤᠶᠠᠩᠭ᠎ᠠ
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2