ᠤᠷᠴᠢᠮ ᠤᠨ ᠵᠢᠯ ᠤᠳ ᠲᠤ ᠮᠠᠨ ᠤ ᠤᠷᠤᠨ ᠳᠤ ᠬᠤᠷ᠎ᠠ ᠪᠤᠷᠤᠭᠠᠨ ᠪᠠᠭ᠎ᠠ᠂ ᠭᠠᠩ ᠬᠠᠭᠤᠷᠠᠢ᠂ ᠰᠠᠯᠭᠢᠨ | ᠶᠡᠭᠡ᠂ ᠤᠷᠭᠤᠮᠠᠯ ᠤᠨ ᠪᠦᠷᠭᠦᠴᠡ ᠡᠪᠳᠡᠭᠳᠡᠭᠰᠡᠨ ᠵᠡᠷᠭᠡ ᠰᠢᠯᠳᠠᠭᠠᠨ ᠠᠴᠠ ᠪᠤᠯᠵᠤ᠂ ᠤᠯᠠᠩᠭᠢ ᠰᠢᠮ᠎ᠡ ᠲᠡᠵᠢᠭᠡᠯᠳᠤ | ᠡᠪᠡᠰᠤ ᠤᠷᠭᠤᠮᠠᠯ ᠤᠷᠭᠤᠬᠤ ᠪᠠᠨ ᠪᠤᠯᠢᠬᠰᠠᠨ ᠪᠠᠶᠢᠨ᠎ᠠ᠃ ᠮᠦᠨ ᠡᠭᠦᠨ ᠠᠴᠠ ᠪᠤᠯᠵᠤ ᠦᠭᠡᠷ ᠰᠦᠷᠦᠭ ᠤᠨ | ᠳᠤᠮᠳᠠ ᠶᠠᠰᠤ ᠵᠦᠭᠡᠯᠡᠷᠡᠭᠦ ᠭᠡᠮ ᠤᠯᠠᠨ ᠭᠠᠷᠬᠤ ᠪᠤᠯᠵᠠᠢ᠃ ᠡᠪᠡᠳᠴᠢᠨ ᠤ ᠰᠢᠯᠳᠠᠭᠠᠨ᠄ ᠤᠷᠳᠤ ᠬᠤᠭᠤᠴᠠᠭ᠎ᠠ ᠪᠠᠷ | ᠹᠤᠰᠹᠤᠷ᠂ ᠺᠠᠯᠼ ᠲᠤᠳᠠᠬᠤ ᠪᠤᠶᠤ ᠹᠤᠰᠹᠤᠷ᠂ ᠺᠠᠯᠼ ᠤᠨ ᠬᠠᠷᠢᠴᠠᠯ ᠨᠢ ᠲᠡᠩᠴᠡᠭᠦᠷᠢ ᠪᠠᠨ ᠠᠯᠳᠠᠬᠤ ᠠᠴᠠ ᠪᠤᠯᠵᠤ | ᠶᠠᠰᠤ ᠵᠦᠭᠡᠯᠡᠷᠡᠭᠦ ᠭᠡᠮ ᠡᠭᠦᠰᠳᠡᠭ᠃ ᠲᠠᠷᠤᠢ ᠤᠳᠤᠷᠯᠠᠨ ᠶᠠᠪᠤᠬᠤ ᠭᠠᠵᠠᠷ ᠦᠭᠡᠢ᠂ ᠳᠤᠬᠳᠠᠬᠰᠠᠨ ᠭᠠᠵᠠᠷ ᠲᠠᠭᠠᠨ | ᠤᠷᠳᠤ ᠬᠤᠭᠤᠴᠠᠭ᠎ᠠ ᠮᠠᠯᠵᠢᠬᠤ᠂ ᠲᠡᠵᠢᠭᠡᠯ ᠪᠤᠷᠳᠤᠭ᠎ᠠ᠂ ᠤᠷᠭᠤᠮᠠᠯ ᠤᠨ ᠲᠤᠳᠤᠷ᠎ᠠ ᠸᠢᠲ᠋ᠠᠮᠢᠨ ᠲᠤᠳᠠᠭᠳᠠᠬᠤ᠂ | ᠪᠠᠮᠪᠠᠢ ᠪᠤᠯᠴᠢᠷᠬᠠᠢ ᠶᠢᠨ ᠠᠵᠢᠯᠯᠠᠭ᠎ᠠ ᠴᠢᠩᠭᠠᠷᠠᠬᠤ ᠵᠡᠷᠭᠡ ᠠᠴᠠ ᠪᠤᠯᠵᠤ ᠮᠦᠨ ᠡᠭᠦᠰᠳᠡᠭ᠃ ᠡᠭᠦᠨ ᠠᠴᠠ ᠭᠠᠳᠠᠨ᠎ᠠ᠂ | ᠬᠤᠳᠤᠭᠤᠳᠤ ᠭᠡᠳᠡᠰᠤᠨ ᠤ ᠠᠵᠢᠯᠯᠠᠭ᠎ᠠ ᠰᠤᠯᠠᠷᠠᠬᠤ᠂ ᠤᠳᠠᠭᠠᠨ ᠴᠢᠨᠠᠷᠳᠠᠢ ᠰᠢᠩᠭᠡᠭᠡᠯᠳᠡ ᠮᠠᠭᠤᠳᠠᠬᠤ ᠵᠡᠷᠭᠡ ᠠᠴᠠ | ᠪᠤᠯᠵᠤ ᠮᠦᠨ ᠳᠤᠰ ᠡᠪᠡᠳᠴᠢᠨ ᠡᠭᠦᠰᠳᠡᠭ᠃ ᠰᠢᠨᠵᠢ ᠲᠡᠮᠳᠡᠭ᠄ ᠠᠭᠠᠵᠢᠮ ᠢᠶᠠᠷ ᠡᠴᠡᠵᠤ ᠲᠤᠷᠠᠭᠠᠳ ᠭᠦᠳᠡᠯᠭᠦ | ᠲᠤᠷ᠎ᠠ ᠦᠭᠡᠢ ᠭᠡᠪᠳᠡᠭᠦ᠂ ᠨᠢᠷᠤᠭᠤ ᠭᠦᠯ ᠨᠢ ᠭᠦᠰᠢᠭᠦᠨ ᠪᠤᠯᠬᠤ᠂ ᠠᠮᠠᠷᠬᠠᠨ ᠶᠠᠳᠠᠷᠠᠵᠤ ᠭᠦᠯᠦᠷᠡᠭᠦ᠂ ᠭᠡᠨᠡᠳᠳᠡ ᠪᠠᠷ | ᠪᠠᠶᠢᠨ ᠪᠠᠶᠢᠨ ᠲᠤᠭᠤᠯᠬᠤ ᠪᠠᠶᠢᠳᠠᠯ ᠲᠠᠢ᠃ ᠡᠪᠡᠳᠴᠢᠨ ᠨᠢ ᠭᠦᠨᠳᠤᠷᠠᠭᠦ ᠶᠢ ᠲᠠᠭᠠᠯᠳᠤᠨ ᠲᠤᠯᠤᠭᠠᠢ ᠨᠢ ᠬᠠᠪᠤᠳᠬᠤ᠂ | ᠲᠠᠩᠨᠠᠢ ᠨᠢ ᠬᠤᠳᠦ᠋ᠢᠭᠠᠳ ᠨᠠᠷᠢᠨ ᠰᠤᠪᠠᠭ ᠭᠠᠷᠬᠤ᠂ ᠪᠦᠷ ᠰᠡᠭᠦᠯ ᠳᠡᠭᠡᠨ ᠦᠶ᠎ᠡ ᠭᠡᠰᠢᠭᠦᠤ ᠨᠢ ᠬᠠᠪᠤᠳᠤᠨ | ᠪᠦᠳᠦᠭᠦᠷᠡᠭᠦ᠂ ᠲᠦᠷᠪᠡᠨ ᠮᠦᠴᠢ ᠪᠤᠯᠤᠨ ᠨᠢᠷᠤᠭᠤᠨ ᠤ ᠶᠠᠰᠤ ᠨᠢ ᠮᠤᠷᠦ᠋ᠢᠵᠤ᠂ ᠬᠠᠪᠢᠷᠭᠠᠨ ᠤ ᠶᠠᠰᠤ ᠨᠢ ᠲᠡᠭᠰᠢᠷᠡᠨ | ᠬᠠᠪᠳᠠᠭᠠᠶᠢᠢᠷᠠᠵᠤ᠂ ᠶᠠᠰᠤ ᠨᠢ ᠭᠦᠭᠡᠷᠡᠨ ᠬᠠᠷᠠᠯᠠᠵᠤ ᠠᠮᠠᠷᠬᠠᠨ ᠬᠤᠭᠤᠷᠠᠨ᠎ᠠ᠃ ᠡᠮᠨᠡᠨ ᠵᠠᠰᠠᠬᠤ ᠠᠷᠭ᠎ᠠ᠄ | ᠠᠷᠠᠴᠢᠯᠠᠭ᠎ᠠ ᠮᠠᠯᠵᠢᠯᠭ᠎ᠠ ᠪᠠᠨ ᠴᠢᠩᠭᠠᠳᠬᠠᠨ᠂ ᠡᠪᠡᠰᠤ ᠪᠤᠷᠳᠤᠭ᠎ᠠ ᠨᠦᠭᠦᠪᠤᠷᠢᠯᠡᠭᠦ ᠳᠡᠭᠡᠨ ᠢᠯᠡᠭᠦᠭᠡᠨ ᠹᠤᠰᠹᠤᠷ᠂ | ᠺᠠᠯᠼ ︵ᠶᠠᠰᠤ ᠭᠡᠮᠭᠡᠴᠢᠨ ᠦᠭᠭᠦ᠂ ᠶᠠᠰᠤᠨ ᠲᠠᠯᠬ᠎ᠠ ᠦᠭᠭᠦ︶᠂ ᠸᠢᠲ᠋ᠠᠮᠢᠨ ᠢ ᠬᠤᠯᠢᠵᠤ ᠦᠭᠭᠦᠨ᠎ᠡ᠃ 1᠂ ᠭᠦᠭᠦᠷ | ᠭᠦᠴᠢᠯ ᠤᠨ ᠬᠤᠶᠠᠷ ᠤᠰᠤᠳᠦ᠋ᠷᠦᠭᠴᠢᠳᠤ ᠨᠠᠳ᠋ᠷᠢ ᠶᠢᠨ ᠨᠤᠨᠳᠠᠭ ᠢ ᠪᠦᠳᠦᠭᠦᠨ ᠦᠭᠡᠷ ᠲᠤ 50 — 70 ᠭᠷᠡᠮ᠂ | 0.3 ᠭᠷᠡᠮ ᠤᠨ ᠺᠠᠯᠼ ᠢ 100 ᠦᠷᠢᠯ ᠢᠶᠠᠷ ᠡᠳᠤᠷ ᠲᠤ ᠨᠢᠭᠡ ᠤᠳᠠᠭ᠎ᠠ ᠦᠭᠭᠦᠨ᠎ᠡ᠃ ᠪᠢᠷᠠᠭᠤᠨ ᠳᠤ ᠭᠦᠭᠦᠷ | ᠭᠦᠴᠢᠯ ᠤᠨ ᠤᠰᠤᠳᠦ᠋ᠷᠦᠭᠴᠢᠳᠤ ᠨᠠᠳ᠋ᠷᠢ ᠶᠢᠨ ᠨᠤᠨᠳᠠᠭ 30 ᠭᠷᠡᠮ᠂ ᠺᠠᠯᠼ 50 ᠦᠷᠢᠯ ᠢ ᠡᠳᠤᠷ ᠲᠤ ᠨᠢᠭᠡ | ᠤᠳᠠᠭ᠎ᠠ᠂ 3 ᠠᠴᠠ 7 ᠡᠳᠤᠷ ᠦᠷᠭᠦᠯᠵᠢᠯᠡᠨ ᠦᠭᠭᠦᠨ᠎ᠡ᠃ 2᠂ 20% ᠶᠢᠨ ᠬᠦᠭᠦᠷ ᠭᠦᠴᠢᠯ ᠤᠨ ᠬᠤᠶᠠᠷ | ᠤᠰᠤᠳᠦ᠋ᠷᠦᠭᠴᠢᠳᠤ ᠨᠠᠳ᠋ᠷᠢ ᠶᠢᠨ ᠲᠠᠷᠢᠯᠭ᠎ᠠ ᠶᠢᠨ ᠰᠢᠩᠭᠡᠨ ᠢ ᠪᠦᠳᠦᠭᠦᠨ ᠦᠭᠡᠷ ᠲᠤ 500 ᠮᠢᠯᠢᠯᠢᠲ᠋ᠧᠷ᠂ | ᠪᠢᠷᠠᠭᠤ ᠳᠤ 250 ᠮᠢᠯᠢᠯᠢᠲ᠋ᠧᠷ ᠤᠨ ᠭᠡᠮᠵᠢᠶ᠎ᠡ ᠪᠠᠷ ᠡᠳᠤᠷ ᠲᠤ ᠨᠢᠭᠡ ᠤᠳᠠᠭ᠎ᠠ ᠭᠦᠭᠡ ᠰᠤᠳᠠᠯ ᠢᠶᠠᠷ ᠨᠢ ᠲᠠᠷᠢᠵᠤ᠂ | ᠦᠷᠭᠦᠯᠵᠢᠯᠡᠨ 3 ᠠᠴᠠ 5 ᠡᠳᠤᠷ ᠲᠠᠷᠢᠨ᠎ᠠ᠃ ᠮᠦᠨ ᠳᠡᠭᠡᠷᠡᠭᠢ ᠭᠡᠮᠵᠢᠶ᠎ᠡ ᠪᠠᠷ ᠴᠢᠳᠬᠤᠨ ᠦᠭᠴᠤ ᠪᠤᠯᠤᠨ᠎ᠠ᠃ 3 | ᠂ ᠰᠤ᠋ ᠫᠦ᠋ ᠯᠢᠨ ᠺᠠᠯᠼ ᠤᠨ ᠨᠤᠨᠳᠠᠭ ᠢ ᠪᠦᠳᠦᠭᠦᠨ ᠦᠭᠡᠷ ᠲᠤ 100 ᠠᠴᠠ 150 ᠭᠷᠡᠮ᠂ ᠪᠢᠷᠠᠭᠤ ᠳᠤ 60 ᠠᠴᠠ | 80 ᠭᠷᠡᠮ ᠤᠨ ᠭᠡᠮᠵᠢᠶ᠎ᠡ ᠪᠠᠷ ᠡᠳᠤᠷ ᠲᠤ ᠨᠢᠭᠡ ᠤᠳᠠᠭ᠎ᠠ᠂ ᠦᠷᠭᠦᠯᠵᠢᠯᠡᠨ 3 ᠠᠴᠠ 7 ᠡᠳᠤᠷ ᠴᠢᠳᠬᠤᠨ᠎ᠠ᠃ 4᠂ | ᠶᠠᠰᠤᠨ ᠲᠠᠯᠬ᠎ᠠ ᠶᠢ ᠡᠳᠤᠷ ᠪᠦᠷᠢ ᠵᠤᠭᠢᠰᠳᠠᠢ ᠨᠦᠭᠦᠪᠤᠷᠢᠯᠡᠨ ᠦᠭᠪᠡᠯ ᠰᠠᠶᠢᠨ ᠪᠠᠶᠢᠳᠠᠭ᠃ | ᠢᠷᠡᠯᠳᠠ᠄ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠤᠨ | ᠲᠡᠪᠰᠢᠭᠦᠯᠦᠭᠰᠡᠨ ᠨᠢ᠄ ᠤᠶᠠᠬᠠᠨ |