ᠠᠳᠤᠭᠤᠨ ᠤ ᠡᠪᠡᠷᠯᠢᠭ ᠪᠦᠷᠬᠦᠪᠴᠢ ᠶᠢᠨ ᠦᠷᠪᠢᠰᠤᠯ ᠢ ᠭᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2020/12/15
      ᠠᠳᠤᠭᠤᠨ ᠤ ᠡᠪᠡᠷᠯᠢᠭ ᠪᠦᠷᠬᠦᠪᠴᠢ ᠶᠢᠨ ᠦᠷᠪᠢᠰᠤᠯ ᠢ ᠵᠠᠰᠠᠬᠤ ᠠᠷᠭ᠎ᠠ ᠤᠯᠠᠨ ᠪᠠᠶᠢᠳᠠᠬ ᠴᠦ ᠤᠷᠳᠦ ᠴᠠᠬ ᠭᠡᠷᠡᠭᠰᠡᠬᠦ ᠪᠦᠭᠡᠳ ᠡᠮᠨᠡᠯ ᠤᠨ ᠳᠤᠰᠠ ᠠᠨᠠᠢ ᠪᠠᠶᠢᠳᠠᠬ᠃ ᠵᠠᠷᠢᠮ ᠭᠠᠵᠠᠷ ᠤᠨ ᠬᠢᠨ ᠡᠪᠡᠷᠯᠢᠭ ᠪᠦᠷᠬᠦᠪᠴᠢ ᠶᠢᠨ ᠦᠷᠪᠢᠰᠤᠯ ᠤᠯᠤᠬᠰᠠᠨ ᠮᠤᠷᠢᠨ ᠤ ᠨᠠᠮᠵᠢᠭᠤᠨ ᠰᠤᠳᠠᠯ ᠳᠤ ᠦᠵᠦᠮ ᠤᠨ ᠰᠢᠬᠢᠷᠳᠦ ᠢᠤᠳ᠋ᠳᠤ ᠺᠠᠯᠢ ᠶᠢᠨ ᠠᠭᠤᠰᠤᠮᠠᠯ ᠳᠠᠷᠢᠬᠤ ᠠᠷᠭ᠎ᠠ ᠶᠢ ᠳᠤᠷᠰᠢᠨ ᠭᠡᠷᠡᠭᠯᠡᠭᠡᠳ ᠰᠠᠶᠢᠨ ᠦᠷ᠎ᠠ ᠪᠦᠳᠤᠮᠵᠢ ᠤᠯᠳᠠᠬ᠃ ᠡᠬᠦᠨ ᠳᠤ ᠢᠤᠳ᠋ᠳᠦ ᠺᠠᠯᠢ 5g᠂ 5% ᠶᠢᠨ ᠰᠢᠬᠢᠷ ᠳᠠᠪᠤᠰᠦ ᠲᠠᠢ ᠤᠰᠦ 500ml ᠢ ᠠᠭᠤᠰᠬᠠᠭᠠᠳ ᠨᠠᠮᠵᠢᠭᠤᠨ ᠰᠤᠳᠠᠯ ᠳᠤᠨᠢ ᠳᠠᠷᠢᠨ᠎ᠠ᠃ ᠡᠳᠦᠷ ᠲᠤ ᠨᠢᠭᠡ ᠤᠳᠠᠭ᠎ᠠ᠂ ᠦᠷᠬᠦᠯᠵᠢᠯᠡᠨ 3 ~ 5 ᠡᠳᠦᠷ ᠳᠠᠷᠢᠨ᠎ᠠ᠃ ᠦᠵᠦᠮ ᠤᠨ ᠰᠢᠬᠢᠷᠳᠦ ᠢᠤᠳ᠋ᠳᠦ ᠺᠠᠯᠢ ᠶᠢᠨ ᠠᠭᠤᠰᠤᠮᠠᠯ ᠮᠤᠷᠢᠨ ᠤ ᠡᠪᠡᠷᠯᠢᠭ ᠪᠦᠷᠬᠦᠪᠴᠢ ᠶᠢᠨ ᠦᠷᠪᠢᠰᠤᠯ ᠢ ᠵᠠᠰᠠᠬᠤ ᠳᠤ ᠰᠠᠶᠢᠨ ᠳᠤᠬᠢᠷᠠᠵᠦ᠂ ᠨᠢᠳᠤᠨ ᠤ ᠡᠪᠡᠷᠯᠢᠭ ᠪᠦᠷᠬᠦᠪᠴᠢ ᠶᠢᠨ ᠢᠳᠡᠭᠡᠮᠤᠷᠳᠤᠬᠦ ᠦᠷᠪᠢᠰᠤᠯ ᠢ ᠵᠠᠰᠠᠬᠤ ᠳᠤ ᠳᠤᠬᠢᠷᠠᠬᠤ ᠦᠭᠡᠢ᠃ ᠦᠵᠦᠮ ᠤᠨ ᠰᠢᠬᠢᠷᠳᠦ ᠢᠤᠳ᠋ᠳᠤ ᠺᠠᠯᠢ ᠶᠢᠨ ᠠᠭᠤᠰᠤᠮᠠᠯ ᠢ ᠨᠠᠮᠵᠢᠭᠤᠨ ᠰᠤᠳᠠᠯ ᠳᠤᠨᠢ ᠠᠭᠠᠵᠢᠮᠬᠠᠨ ᠳᠠᠷᠢᠬᠤ ᠭᠡᠷᠡᠭᠳᠠᠢ᠂ ᠦᠭᠡᠢ ᠪᠤᠯ ᠮᠠᠯ ᠤᠨᠤᠭ᠎ᠠ ᠮᠠᠨᠠᠷᠠᠵᠦ ᠮᠡᠳᠡᠨ᠎ᠠ᠃ ᠦᠵᠦᠮ ᠤᠨ ᠰᠢᠬᠢᠷᠳᠦ ᠢᠤᠳ᠋ᠳᠦ ᠺᠠᠯᠢ ᠶᠢᠨ ᠠᠭᠤᠰᠤᠮᠠᠯ ᠢ ᠨᠠᠶᠢᠷᠠᠭᠤᠯᠤᠬᠰᠠᠨ ᠳᠠᠷᠤᠢ ᠳᠤᠨᠢ ᠭᠡᠷᠡᠭᠯᠡᠬᠦ ᠭᠡᠷᠡᠭᠳᠠᠢ᠃ ᠤᠳᠠᠭᠠᠨ ᠳᠠᠯᠪᠢᠪᠠᠯ ᠦᠵᠦᠮ ᠤᠨ ᠰᠢᠬᠢᠷᠳᠦ ᠳᠠᠪᠤᠰᠤᠨ ᠠᠭᠤᠰᠤᠮᠠᠯ ᠳᠤᠳᠤᠷᠠᠬᠢ ᠪᠠᠭ᠎ᠠ ᠭᠡᠮᠵᠢᠶᠡᠨ ᠤ ᠰᠢᠬᠢᠷ ᠪᠤᠯᠤᠨ ᠢᠤᠳ᠋ᠳᠦ ᠺᠠᠯᠢ ᠨᠢ ᠠᠭᠠᠵᠢᠮ ᠢᠶᠠᠷ ᠤᠷᠪᠠᠯᠳᠤᠵᠦ ᠦᠢᠯᠡᠳᠤᠯ ᠢᠶᠠᠨ ᠠᠯᠳᠠᠬᠤ ᠪᠤᠯᠤᠨ᠎ᠠ᠃  ᠢᠷᠡᠯᠳᠠ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠭᠢᠮ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠭᠢᠮ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2