ᠳᠠᠬᠢᠯᠭᠠᠨ ᠶᠤᠰᠤᠨ ᠤ ᠤᠷᠴᠢᠯ | ᠤᠢᠢᠷᠠᠳᠴᠤᠳ ᠤᠨ ᠤᠢᠢᠯᠡᠳᠳᠡᠭ ︽ᠤᠪᠤᠭ᠎ᠠ ᠳᠠᠬᠢᠬᠤ ᠶᠤᠰᠤᠨ︾ ᠪᠤᠶᠤ ︽ᠳᠠᠬᠢᠯᠭᠠᠨ ᠶᠤᠰᠤ︾ ᠪᠤᠯᠪᠠᠯ | ᠨᠡᠶᠢᠳᠡ ᠮᠤᠩᠭᠤᠯᠴᠤᠳ ᠤᠨ ᠳᠤᠮᠳᠠ ᠳᠡᠯᠭᠡᠷ ᠪᠠᠶᠢᠳᠠᠭ ᠡᠷᠳᠡ ᠠᠴᠠ ᠤᠯᠠᠮᠵᠢᠯᠠᠯ ᠲᠠᠢ ᠰᠢᠳᠦᠯᠭᠡ ᠪᠢᠰᠢᠷᠠᠯ ᠤᠨ | ᠨᠢᠭᠡᠨ ᠵᠠᠩ ᠤᠢᠢᠯᠡ ᠪᠤᠯᠤᠨ᠎ᠠ᠃ | ᠳᠡᠭᠡᠷ᠎ᠡ ᠦᠶ᠎ᠡ ᠳᠤ ᠲᠦᠷᠦ ᠶᠢᠨ ᠬᠠᠭᠠᠨ ᠠᠴᠠ ᠠᠪᠤᠭᠠᠳ ᠡᠭᠡᠯ ᠠᠷᠠᠳ ᠬᠦᠷᠳᠡᠯ᠎ᠠ ᠭᠡᠨ ᠠᠯᠢ ᠨᠢ ᠴᠤ | ᠴᠤᠭ ᠢᠶᠠᠷ ᠤᠪᠤᠭ᠎ᠠ ᠳᠠᠬᠢᠵᠦ ᠪᠠᠶᠢᠭᠰᠠᠨ ᠪᠠ ᠤᠳᠤ ᠴᠤ ᠭᠡᠰᠡᠨ ᠤᠢᠢᠷᠠᠳ ᠨᠤᠳᠤᠭ ᠤᠨ ᠬᠦᠮᠦᠰ ᠬᠤᠰᠢᠭᠤ | ᠰᠤᠮᠤᠨ ᠠᠴᠠ ᠠᠶᠢᠮᠠᠭ ᠵᠸᠤ ᠬᠦᠷᠳᠡᠯ᠎ᠠ ᠵᠢᠯ ᠳᠠᠷᠠᠭᠠᠯᠠᠨ ᠤᠢᠢᠯᠡᠳᠴᠤ ᠪᠠᠶᠢᠬᠤ ᠪᠦᠭᠡᠳ ᠴᠠᠭ ᠤᠨ ᠦᠡᠭᠭᠡ ᠪᠠᠷ | ᠨᠠᠭᠠᠳᠤᠮ ᠴᠡᠩᠭᠡᠯ ᠤᠨ ᠳᠠᠪᠬᠤᠷ ᠠᠭᠤᠯᠭ᠎ᠠ ᠨᠡᠮᠡᠭᠳᠡᠵᠦ᠂ ᠶᠠᠪᠤᠬᠤ ᠳᠤᠳᠤᠮ ᠢᠶᠠᠨ ᠤᠯᠠᠨ ᠨᠡᠶᠢᠳᠡ ᠪᠠᠷ ᠢᠶᠠᠨ ᠵᠢᠯ | ᠵᠢᠯ ᠴᠤᠭᠯᠠᠷᠠᠬᠤ ︽ᠨᠠᠭᠠᠳᠤᠮ ᠤᠨ ᠬᠤᠷᠠᠯ︾ ᠤᠨ ᠵᠠᠩᠰᠢᠯ ᠪᠤᠯᠵᠦ ᠬᠤᠪᠢᠷᠠᠵᠦ ᠪᠠᠶᠢᠬᠤ ᠶᠤᠮ ᠪᠠᠶᠢᠨ᠎ᠠ᠃ | ᠤᠪᠤᠭᠠᠨ ᠳᠠᠬᠢᠯᠭ᠎ᠠ ᠶᠢᠨ ᠳᠤᠬᠠᠢ ᠬᠤᠶᠠᠷ ᠵᠦᠢᠯ ᠤᠨ ᠭᠡᠯᠡᠯᠭᠡ ᠪᠠᠶᠢᠳᠠᠭ᠃ ᠨᠢᠭᠡ ᠨᠢ ︽ᠪᠠᠯᠠᠷ ᠡᠷᠳᠡᠨ ᠤ | ᠲᠦᠮᠡᠨ ᠪᠤᠳᠠᠰ ᠰᠦᠨᠡᠰᠦ ᠰᠠᠬᠢᠭᠤᠰᠤ ᠲᠠᠢ ᠭᠡᠮᠡᠬᠦ ᠪᠦᠭᠡ ᠮᠦᠷᠬᠦᠯ ᠤᠨ ᠰᠢᠳᠦᠯᠭᠡ ᠲᠠᠢ ᠪᠠᠶᠢᠭᠰᠠᠨ ᠤ ᠬᠤᠪᠢ ᠳᠤ | ᠦᠪᠡᠷ ᠤᠨ ᠡᠷᠭᠡ ᠦᠭᠡᠢ ᠡᠳᠡᠭᠡᠷ ᠠᠭᠤᠯᠠ ᠬᠠᠶᠢᠷᠬᠠᠨ ᠨᠠᠭᠤᠷ ᠮᠦᠷᠡᠨ ᠳᠤ ᠴᠦᠮ ᠡᠵᠡᠳ ᠰᠠᠬᠢᠭᠤᠰᠤ ᠲᠠᠢ ᠭᠡᠵᠦ | ᠢᠳᠡᠭᠡᠨ᠂ ᠭᠡᠵᠢᠶ᠎ᠡ ᠡᠬᠦᠷᠢᠳᠡ ᠡᠳᠡᠭᠡᠷ ᠡᠵᠡᠳ ᠰᠠᠬᠢᠭᠤᠰᠤ ᠶᠢ ᠰᠢᠳᠦᠵᠦ ᠪᠢᠰᠢᠷᠡᠬᠦ ᠪᠤᠶᠤ ᠳᠠᠬᠢᠵᠦ ᠮᠦᠷᠬᠦᠳᠡᠭ︾ | ᠪᠤᠯᠤᠭᠰᠠᠨ ᠪᠦᠭᠡᠳ ︽ᠤᠪᠤᠭᠠᠨ ᠤ ᠳᠠᠬᠢᠯᠭ᠎ᠠ︾ ᠪᠤᠶᠤ ︽ᠤᠪᠤᠭᠠᠨ ᠨᠠᠶᠢᠷ︾ ᠪᠤᠯ ︽ᠠᠭᠤᠯᠠᠨ ᠤᠰᠤᠨ ᠤ | ᠳᠠᠬᠢᠯᠭ᠎ᠠ︾ ᠪᠤᠶᠤ ︽ᠭᠠᠵᠠᠷ ᠤᠰᠤᠨ ᠤ ᠨᠠᠪᠳᠠᠭ ᠰᠠᠪᠳᠠᠭ ᠤᠨ ᠮᠦᠷᠬᠦᠯ︾ ᠠᠴᠠ ᠡᠬᠦᠰᠦᠭᠰᠡᠨ ᠤᠯᠠᠮᠵᠢᠯᠠᠯ ᠲᠠᠢ | ᠭᠡᠵᠦ ᠦᠵᠡᠭᠰᠡᠨ ᠪᠠᠶᠢᠳᠠᠭ᠃ ᠨᠦᠬᠦᠭᠡ ᠨᠢ ᠬᠡᠪᠡᠯ ᠤᠪᠤᠭ᠎ᠠ ᠳᠠᠬᠢᠬᠤ ᠵᠠᠩ ᠤᠢᠢᠯᠡ ᠨᠢ ᠡᠷᠳᠡᠨ ᠤ ᠳᠡᠭᠷᠢ ᠭᠠᠵᠠᠷ | ᠳᠠᠬᠢᠬᠤ ᠰᠢᠳᠦᠯᠭᠡ ᠠᠴᠠ ᠰᠤᠷᠪᠤᠯᠵᠢ ᠲᠠᠢ ᠭᠡᠬᠦ ᠪᠤᠶ᠃ ︽ᠳᠡᠷᠡ ᠨᠢ ᠳᠡᠷᠤᠢ ᠲᠦᠪ ᠠᠽᠢᠶ᠎ᠡ ᠨᠤᠳᠤᠭ ᠲᠤ | ᠢᠯᠡᠷᠡᠵᠦ ᠪᠠᠶᠢᠭ᠎ᠠ ᠡᠭᠡ ᠳᠡᠯᠡᠭᠡᠢ ᠶᠢ ᠲᠦᠯᠦᠭᠡᠯᠡᠬᠦ ᠲᠦᠷᠪᠡᠯᠵᠢᠨ ᠴᠢᠯᠠᠭᠤᠨ ᠪᠤᠯᠠᠰᠢ᠂ ᠳᠤᠭᠤᠷᠢᠭ ᠪᠤᠯᠭᠠᠨ | ᠬᠦᠷᠢᠶᠡᠯᠡᠭᠰᠡᠨ ᠴᠢᠯᠠᠭᠤᠨ ᠪᠠᠭᠤᠷᠢ ᠨᠤᠭᠤᠳ ᠪᠤᠯ ᠮᠤᠩᠭᠤᠯ ᠤᠷᠤᠨ ᠤ ᠳᠡᠭᠷᠢ ᠶᠢ ᠰᠦᠰᠦᠭᠯᠡᠨ ᠳᠠᠬᠢᠵᠦ ᠪᠠᠶᠢᠭᠰᠠᠨ | ᠪᠠᠷᠢᠮᠳᠠ ᠮᠦᠨ︾ ᠮᠦᠷᠳᠡᠭᠡᠨ ︽ᠮᠤᠩᠭᠤᠯ ᠨᠤᠳᠤᠭ ᠲᠤ ᠶᠡᠭᠡᠳᠡ ᠳᠡᠯᠭᠡᠷᠡᠭᠰᠡᠨ ᠤᠪᠤᠭ᠎ᠠ ᠶᠢᠨ ᠳᠠᠬᠢᠯᠭ᠎ᠠ ᠶᠢᠨ | ᠮᠠᠠᠳᠠᠯ ᠪᠤᠰᠬᠠᠬᠤ ᠵᠠᠩ ᠤᠢᠢᠯᠡ ᠠᠴᠠ ᠡᠬᠦᠰᠴᠤ ᠦᠷᠭᠡᠵᠢᠭᠰᠡᠨ ᠳᠡᠭᠷᠢ ᠭᠠᠵᠠᠷ ᠢ ᠳᠠᠬᠢᠬᠤ ᠶᠤᠰᠤᠨ ᠮᠦᠨ︾ ᠭᠡᠳᠡᠭ | ᠪᠢᠯᠡ᠃ ᠮᠦᠨ ᠵᠠᠷᠢᠮ ᠨᠢ᠄ ᠠᠭᠤᠯᠠ ᠶᠢᠨ ᠡᠵᠡᠨ ᠤ ᠳᠤᠬᠠᠢ ᠠᠮᠢᠳᠤᠴᠢᠯᠠᠬᠤ᠂ ᠠᠷᠭᠠᠳᠠᠬᠤ ᠪᠤᠯᠤᠨ ᠳᠠᠬᠢᠯ ᠡᠷᠬᠦᠬᠦ | ᠦᠵᠡᠯ ᠰᠠᠨᠠᠭ᠎ᠠ ᠨᠢ ᠡᠴᠤᠰ ᠤᠨ ᠳ᠋ᠦᠩ ᠳᠡᠭᠡᠨ ᠤᠪᠤᠭ᠎ᠠ ᠳᠠᠬᠢᠬᠤ ᠶᠤᠰᠤ ᠶᠢ ᠪᠤᠢ ᠪᠤᠯᠭᠠᠭᠰᠠᠨ ᠪᠠᠶᠢᠨ᠎ᠠ ᠭᠡᠵᠦ | ᠦᠵᠡᠭᠰᠡᠨ ᠪᠦᠭᠡᠳ ᠳᠠᠬᠢᠯ ᠭᠡᠳᠡᠭ ᠨᠢ ︽ᠳᠡᠭᠡᠳᠤ ᠳᠡᠭᠷᠢ ᠶᠢ ᠡᠷᠬᠦᠨ ᠪᠠᠶᠠᠰᠬᠠᠬᠤ ᠵᠠᠩ ᠤᠢᠢᠯᠡ︾ — | ᠰᠢᠬᠦᠰᠦ ᠪᠠᠷ ᠳᠠᠬᠢᠬᠤ᠄ ︽ᠮᠢᠬ᠎ᠠ ᠰᠢᠬᠦᠰᠦ ᠡᠷᠬᠦᠬᠦ ᠶᠤᠮ ᠤᠤ᠂ ᠠᠮᠢᠳᠠᠨ ᠢᠶᠠᠷ ᠳᠠᠬᠢᠬᠤ︾︔ ᠰᠠᠴᠤᠯᠢ ᠪᠠᠷ | ᠳᠠᠬᠢᠬᠤ᠄ ︽ᠰᠦ ᠴᠠᠭᠠᠨ ᠢᠳᠡᠭᠡ᠂ ᠦᠷ᠎ᠡ ᠳᠠᠷᠢᠶ᠎ᠠ ᠪᠠᠷ ᠳᠠᠬᠢᠬᠤ︾ ᠬᠤᠶᠠᠷ ᠵᠦᠢᠯ ᠪᠠᠶᠢᠵᠠᠢ ᠴᠤ ᠭᠡᠵᠦ ᠪᠤᠢ᠃ | ᠤᠢᠢᠷᠠᠳ ᠨᠤᠳᠤᠭ ᠲᠤ ᠤᠳᠤᠬᠠᠨ ᠪᠤᠯᠳᠠᠯ᠎ᠠ ︽ᠴᠠᠭ᠎ᠠ ᠪᠠᠷ ᠳᠠᠬᠢᠬᠤ︾ ᠶᠤᠰᠤ ᠪᠤᠯᠤᠨ ︽ᠤᠯᠠᠭᠠᠨ ᠢᠶᠠᠷ ᠳᠠᠬᠢᠬᠤ︾ | ᠶᠤᠰᠤ ᠭᠡᠮᠡᠨ ᠤᠯᠠᠮᠵᠢᠯᠠᠭᠳᠠᠭᠰᠠᠭᠠᠷ ᠡ᠃ ᠤᠢᠢᠷᠠᠳ ᠨᠤᠳᠤᠭ ᠤᠨ ᠬᠦᠮᠦᠰ ᠡ᠊ᠨᠡᠬᠦ ᠳᠠᠬᠢᠯᠭ᠎ᠠ ᠶᠢᠨ ᠭᠡᠯᠪᠡᠷᠢ ᠶᠢ | ᠤᠯᠠᠩᠭᠢ ᠨᠢ ︽ᠤᠪᠤᠭ᠎ᠠ ᠳᠠᠬᠢᠬᠤ ᠶᠤᠰᠤᠨ︾᠂ ︽ᠳᠠᠬᠢᠯᠭ᠎ᠠ ᠳᠠᠬᠢᠬᠤ ᠶᠤᠰᠤᠨ︾ ᠭᠡᠬᠦ ᠪᠤᠯᠪᠠᠴᠤ ᠵᠠᠷᠢᠮ | ᠭᠠᠵᠠᠷ ᠤᠨ ᠬᠦᠮᠦᠰ ᠨᠢ ᠬᠠᠷᠢᠨ ︽ᠳᠠᠬᠢᠯᠭ᠎ᠠ ᠳᠠᠬᠢᠬᠤ︾᠂ ︽ᠳᠡᠭᠡᠷ᠎ᠡ ᠮᠦᠷᠬᠦᠬᠦ︾ ᠭᠡᠵᠦ ᠭᠡᠯᠡᠳᠡᠭ ᠳᠤᠬᠢᠶᠠᠯᠳᠤᠯ | ᠪᠠᠶᠢᠳᠠᠭ᠃ ᠮᠦᠨ ᠵᠠᠷᠢᠮ ᠨᠤᠳᠤᠭ ᠲᠤ ︽ᠳᠡᠭᠡᠷ᠎ᠡ ᠮᠦᠷᠬᠦᠯ︾ ᠭᠡᠵᠦ ᠭᠡᠯᠡᠬᠦ ᠪᠤᠯᠪᠠᠴᠤ ᠳᠡᠬᠦᠨ ᠤ ᠬᠢᠭᠳᠡᠬᠦ | ᠪᠠᠶᠢᠳᠠᠯ ᠠᠴᠠ ᠦᠵᠡᠪᠡᠯ ᠭᠡᠳᠦ᠋ᠢᠪᠡᠷ ᠤᠪᠤᠭᠠᠨ ᠦᠢᠯᠡ ᠪᠠᠷ ᠶᠠᠪᠤᠭᠳᠠᠬᠤ ᠪᠤᠯᠪᠠᠴᠤ ᠳᠡᠬᠢᠯᠭ᠎ᠠ ᠶᠢᠨ ᠤᠪᠤᠭ᠎ᠠ ᠲᠠᠢ | ᠠᠳᠠᠯᠢ ᠪᠤᠮᠪᠠ ᠳᠠᠷᠤᠳᠠᠭ ᠦᠭᠡᠢ᠂ ᠬᠠᠷᠢᠨ ᠮᠠᠯᠴᠢᠨ ᠬᠦᠮᠦᠰ ᠡᠪᠦᠯᠵᠢᠶᠡᠨ ᠳᠤ ᠪᠠᠨ ᠪᠠᠭᠤᠬᠤ ᠪᠤᠶᠤ ᠰᠢᠨ᠎ᠠ | ᠨᠤᠳᠤᠭ ᠲᠤ ᠰᠢᠯᠵᠢᠵᠦ ᠤᠷᠤᠬᠤ ᠳᠠᠭᠠᠨ ᠠᠶᠢᠯ ᠭᠡᠷ ᠢᠶᠠᠷ ᠢᠶᠠᠨ ᠭᠠᠵᠠᠷ ᠤᠰᠤᠨ ᠤ ᠨᠠᠪᠳᠠᠭ ᠰᠠᠪᠳᠠᠭ ᠲᠤ ᠰᠠᠴᠤᠯᠢ | ᠡᠷᠬᠦᠬᠦ ᠵᠤᠷᠢᠯᠭ᠎ᠠ ᠪᠠᠷ ᠲᠦᠬᠦᠮᠭᠡᠨ ᠳᠠᠬᠢᠳᠠᠭ ᠡ᠊ᠩ ᠤᠨ ᠤᠪᠤᠭ᠎ᠠ ᠪᠠᠶᠢᠳᠠᠭ᠃ ᠡᠶᠢᠮᠦ ᠠᠴᠠ ︽ᠳᠡᠭᠡᠷ᠎ᠡ | ᠮᠦᠷᠬᠦᠯ ᠤᠨ ᠲᠦᠷᠦᠯ ᠵᠦᠢᠯ ᠠᠴᠠ ᠭᠡᠯᠡᠪᠡᠯ ᠮᠠᠨ ᠤ ᠠᠷᠪᠠᠨ ᠰᠤᠮᠤᠨ ᠨᠤᠳᠤᠭ ᠢᠶᠠᠷ ᠢᠶᠠᠨ ᠳᠠᠬᠢᠳᠠᠭ ᠨᠤᠳᠤᠭ ᠤᠨ | ᠳᠡᠭᠡᠷ᠎ᠡ ᠮᠦᠷᠬᠦᠯ᠂ ᠠᠯᠢ ᠨᠢᠭᠡ ᠰᠤᠮᠤᠨ ᠢᠶᠠᠷ ᠢᠶᠠᠨ ᠳᠠᠬᠢᠳᠠᠭ ᠰᠤᠮᠤᠨ ᠤ ᠳᠡᠭᠡᠷ᠎ᠡ ᠮᠦᠷᠬᠦᠯ ᠪᠠ ᠠᠶᠢᠯ | ᠡᠷᠦᠭᠡ ᠪᠠᠷ ᠢᠶᠠᠨ ᠳᠠᠬᠢᠳᠠᠭ ᠳᠡᠭᠡᠷ᠎ᠡ ᠮᠦᠷᠬᠦᠯ ᠭᠡᠵᠦ ᠭᠡᠳᠤᠨ ᠵᠦᠢᠯ ᠳᠤ ᠬᠤᠪᠢᠶᠠᠳᠠᠭ︾ ᠬᠡᠵᠥ ᠲ᠊ · ᠨᠠᠮᠵᠢᠯ | ᠶᠠᠷᠢᠨ᠎ᠠ᠃ | ᠤᠢᠢᠷᠠᠳ ᠨᠤᠳᠤᠭ ᠲᠤ ᠭᠠᠵᠠᠷ ᠤᠰᠤ᠂ ᠠᠭᠤᠯᠠ ᠬᠠᠶᠢᠷᠠᠬᠠ᠂ ᠳᠡᠭᠡᠳᠤ ᠳᠡᠭᠷᠢ᠂ ᠡᠵᠡᠨ ᠪᠤᠭᠳᠠ᠂ ᠰᠦᠷ | ᠰᠦᠯᠳᠡ ᠮᠡᠳᠤ ᠳᠤ ᠵᠤᠷᠢᠭᠤᠯᠵᠦ ᠪᠤᠰᠬᠠᠬᠰᠠᠨ ︽ᠳᠡᠬᠢᠯᠭᠠᠨ ᠤᠪᠤᠭ᠎ᠠ︾ ᠤᠯᠠᠨ ᠪᠠᠶᠢᠳᠠᠭ᠃ ᠳᠡᠶᠢᠮᠦ ᠠᠴᠠ | ᠳᠡᠭᠡᠷᠡᠬᠢ ᠮᠡᠳᠤ ᠵᠤᠷᠢᠯᠭ᠎ᠠ ᠪᠠᠷ ᠳᠤᠰᠬᠠᠢ ᠳᠠᠬᠢᠯᠭ᠎ᠠ ᠶᠢᠨ ᠶᠤᠰᠤᠯᠠᠯ ᠶᠠᠪᠤᠭᠤᠯᠳᠠᠭ ᠤᠪᠤᠭ᠎ᠠ ᠪᠠᠨ ᠶᠠᠷᠤᠩᠭᠡᠢ ᠳᠤᠨᠢ ︽ | ᠳᠠᠬᠢᠯᠭᠠᠨ︾ ᠭᠡᠵᠦ᠂ ᠵᠤᠷᠢᠯᠭ᠎ᠠ ᠪᠠᠷ ᠨᠢ ᠳᠤᠳᠤᠳᠬᠠᠵᠦ᠂ ᠶᠠᠮᠠᠷ ᠶᠠᠮᠠᠷ ᠳᠠᠬᠢᠯᠭᠠᠨ ᠭᠡᠵᠦ ᠭᠡᠯᠡᠳᠡᠭ᠃ ᠡᠷᠳᠡ | ᠦᠶ᠎ᠡ ᠳᠤ ᠳᠡᠭᠷᠢ ᠶᠢᠨ ᠳᠠᠬᠢᠯᠭ᠎ᠠ᠂ ᠳᠡᠭᠡᠳᠤᠰ ᠤᠨ ᠳᠠᠬᠢᠯᠭ᠎ᠠ ᠶᠢ ᠮᠦᠨ ᠤᠪᠤᠭ᠎ᠠ ᠳᠡᠭᠡᠷ᠎ᠡ ᠬᠢᠳᠡᠭ ᠪᠠᠶᠢᠭᠰᠠᠨ ᠠᠴᠠ | ︽ᠳᠡᠭᠡᠷ᠎ᠡ ᠮᠦᠷᠬᠦᠬᠦ︾ ᠨᠡᠷ᠎ᠡ ᠪᠠᠷ ᠨᠡᠷᠡᠯᠡᠬᠦ ᠶᠤᠰᠤᠨ ᠪᠤᠢ ᠪᠤᠯᠤᠭᠰᠠᠨ ᠪᠦᠭᠡᠳ ᠭᠠᠵᠠᠷ ᠤᠰᠤ ᠳᠠᠬᠢᠬᠤ ᠨᠢ ᠮᠦᠨ | ᠤᠪᠤᠭ᠎ᠠ ᠳᠠᠭᠡᠷ᠎ᠡ ᠶᠠᠪᠤᠭᠳᠠᠬᠤ ᠳᠤᠯᠠ ᠬᠤᠶᠢᠨ᠎ᠠ ᠨᠢ ᠪᠤᠯᠵᠦ ᠢᠷᠡᠭᠡᠳ ᠳᠡᠭᠷᠢ ᠭᠠᠵᠠᠷ ᠤᠨ ᠳᠠᠬᠢᠯᠭ᠎ᠠ ᠨᠢ ᠪᠦᠷ ᠯᠠ | ᠨᠢᠭᠡᠳᠤᠯᠳᠡᠢ ᠨᠢᠭᠡ ᠯᠡ ᠤᠪᠤᠭ᠎ᠠ ᠳᠡᠭᠡᠷ᠎ᠡ ᠶᠠᠪᠤᠭᠳᠠᠬᠤ ᠪᠤᠯᠤᠭᠰᠠᠨ ᠪᠠᠶᠢᠨ᠎ᠠ᠃ ᠡ᠊ᠨᠡ ᠨᠢ ᠳᠡᠭᠷᠢ ᠭᠠᠵᠠᠷ ᠨᠢ | ᠰᠠᠯᠤᠰᠢ ᠦᠭᠡᠢ ᠬᠠᠷᠢᠴᠠᠭ᠎ᠠ ᠬᠤᠯᠪᠤᠭ᠎ᠠ ᠲᠠᠢ ᠭᠡᠵᠦ ᠦᠵᠡᠭᠰᠡᠨ ᠤ ᠦᠷ᠎ᠠ ᠳ᠋ᠦᠩ ᠪᠠᠶᠢᠳᠠᠭ ᠳᠤᠯᠠ ︽ᠳᠡᠮᠡᠭᠡᠨ | ᠳᠡᠮᠡᠭᠡᠨ ᠳᠡᠩ ᠢᠶᠠᠷ ᠢᠶᠠᠨ᠂ ᠳᠡᠭᠷᠢ ᠭᠠᠵᠠᠷ ᠨᠢᠭᠡ ᠪᠠᠷ ᠢᠶᠠᠨ︾ ᠭᠡᠬᠦ ᠭᠡᠯᠡᠯᠭᠡ ᠪᠤᠢ ᠪᠤᠯᠵᠠᠢ᠃ ᠡᠬᠦᠨ ᠳᠤ ᠳᠡᠮᠡᠭᠡ ᠶᠢ | ᠳᠡᠭᠷᠢ ᠲᠠᠢ ᠬᠤᠯᠪᠤᠵᠦ ᠦᠵᠡᠭᠰᠡᠨ ᠤᠴᠢᠷ ᠶᠤᠰᠤ ᠴᠠᠭᠠᠨ᠎ᠠ ᠪᠠᠨ ᠠᠭᠤᠯᠤᠭᠳᠠᠵᠦ ᠪᠠᠶᠢᠬᠤ ᠶᠢᠨ ᠬᠠᠮᠳᠤ᠂ ᠨᠡᠩ ᠴᠤ | ᠳᠡᠮᠡᠭᠡᠨ ᠤ ᠳᠡᠩ ᠬᠤᠶᠠᠷ ᠪᠤᠯᠳᠠᠭ ᠪᠦᠭᠡᠳ ᠠᠯᠢ ᠳᠠᠯ᠎ᠠ ᠨᠢ ᠴᠤ ᠳᠡᠩᠴᠡᠬᠦᠦ ᠬᠦᠨᠳᠤ ᠶᠢᠨ ᠭᠡᠮᠵᠢᠶ᠎ᠡ ᠲᠠᠢ ᠪᠠᠶᠢᠳᠠᠭ | ᠪᠠ ᠬᠤᠭᠤᠷᠤᠨᠳᠤ ᠪᠠᠨ ᠰᠠᠯᠵᠦ ᠪᠤᠯᠤᠰᠢ ᠦᠭᠡᠢ ᠬᠤᠯᠪᠤᠭ᠎ᠠ ᠲᠠᠢ ᠪᠠᠶᠢᠳᠠᠭ ᠳᠤᠯᠠ ᠰᠢᠳᠦᠯᠴᠡᠨ ᠤᠷᠤᠰᠢᠬᠤ ᠵᠦᠢᠯ | ᠭᠡᠰᠡᠨ ᠤᠳᠬ᠎ᠠ ᠠᠭᠤᠯᠤᠭᠳᠠᠵᠦ ᠪᠠᠶᠢᠳᠠᠭ᠃ ᠭᠡᠬᠦ ᠳᠡᠭᠡᠨ ᠵᠠᠷᠢᠮ ᠨᠤᠳᠤᠭ ᠲᠤ ᠨᠤᠳᠤᠭ ᠤᠨ ᠵᠠᠭᠠᠭ ᠢ ᠳᠡᠮᠳᠡᠭᠯᠡᠬᠦ | ᠵᠤᠷᠢᠯᠭ᠎ᠠ ᠲᠠᠢ ᠬᠢᠯᠢ ᠶᠢᠨ ᠤᠪᠤᠭ᠎ᠠ᠂ ᠠᠶᠠᠨ ᠳᠡᠭᠡᠭᠡᠪᠤᠷᠢ ᠶᠢᠨ ᠴᠢᠭᠯᠡᠯ ᠢ ᠵᠢᠭᠠᠬᠤ ᠵᠤᠷᠢᠯᠭ᠎ᠠ ᠲᠠᠢ ᠵᠠᠮ ᠤᠨ ᠤᠪᠤᠭ᠎ᠠ | ᠂ ︽ᠵᠠᠩᠭᠠᠷ︾ ᠤᠨ ᠤᠪᠤᠭ᠎ᠠ ᠭᠡᠬᠦ ᠮᠡᠳᠤ ᠶᠠᠮᠠᠷ ᠴᠤ ᠳᠠᠬᠢᠯᠭ᠎ᠠ ᠶᠢᠨ ᠶᠤᠰᠤᠯᠠᠯ ᠬᠢᠳᠡᠭ ᠦᠭᠡᠢ᠂ ᠵᠦᠪᠭᠡᠨ ᠵᠦᠪ | ᠠᠮᠠ ᠡᠷᠬᠢᠭᠡᠳ ᠴᠢᠯᠠᠭᠤ ᠬᠠᠶᠠᠵᠦ᠂ ᠠᠷᠢᠬᠢ ᠳᠠᠷᠠᠰᠤ ᠰᠠᠴᠤᠭᠠᠳ ᠦᠡᠭᠭᠡᠷᠡᠳᠡᠭ ᠤᠪᠤᠭ᠎ᠠ ᠮᠦᠨ ᠪᠠᠶᠢᠳᠠᠭ ᠪᠠᠶᠢᠨ᠎ᠠ | ᠃ | ᠤᠪᠤᠭᠠᠨ ᠳᠠᠬᠢᠯᠭ᠎ᠠ ᠨᠢ ᠨᠡᠯᠢᠶᠡᠳ ᠭᠡᠮᠵᠢᠶᠡᠨ ᠳᠤ ᠡᠷᠳᠡᠨ ᠤ ᠪᠠᠶᠢᠳᠠᠯ ᠢᠶᠠᠨ ᠬᠠᠳᠠᠭᠠᠯᠠᠭᠰᠠᠨ ᠨᠡᠶᠢᠭᠡᠮ ᠤᠨ | ᠤᠢᠢᠯᠡ ᠠᠵᠢᠯᠯᠠᠭ᠎ᠠ ᠪᠤᠯᠬᠤ ᠪᠦᠭᠡᠳ ᠵᠤᠬᠢᠶᠠᠨ ᠪᠠᠶᠢᠭᠤᠯᠤᠯᠳᠠ ᠲᠠᠢ᠂ ᠳᠤᠭᠳᠠᠭᠰᠠᠨ ᠴᠠᠭ ᠬᠤᠭᠤᠴᠠᠭ᠎ᠠ ᠲᠠᠢ᠂ | ᠳᠤᠭᠳᠠᠭᠰᠠᠨ ᠤᠷᠤᠨ ᠪᠠᠶᠢᠷᠢ ᠲᠠᠢ᠂ ᠳᠤᠭᠳᠠᠭᠰᠠᠨ ᠶᠤᠰᠤᠯᠠᠯ ᠤᠢᠢᠯᠡ ᠶᠢᠨ ᠳᠡᠰ ᠳᠠᠷᠠᠭ᠎ᠠ ᠲᠠᠢ ᠶᠠᠪᠤᠭᠳᠠᠵᠦ | ᠢᠷᠡᠭᠰᠡᠨ ᠵᠦᠢᠯ ᠪᠤᠯᠬᠤ ᠶᠢᠨ ᠬᠠᠮᠳᠤ᠂ ᠬᠤᠵᠢᠮ ᠨᠢ ᠵᠠᠰᠠᠭ ᠵᠠᠬᠢᠷᠭ᠎ᠠ ᠶᠢᠨ ᠬᠠᠷᠢᠶᠠᠨ ᠳᠤ ᠤᠷᠤᠵᠦ᠂ ᠡ᠊ᠨᠡᠬᠦ | ᠤᠯᠠᠮᠵᠢᠯᠠᠯ ᠢ ᠤᠢᠢᠯᠡᠳᠴᠤ ᠶᠠᠪᠤᠭᠤᠯᠬᠤ ᠳᠠᠭᠠᠨ ᠰᠤᠮᠤᠨ ᠤ ᠳᠠᠬᠢᠯᠭ᠎ᠠ᠂ ᠠᠶᠢᠮᠠᠭ ᠤᠨ ᠳᠠᠬᠢᠯᠭ᠎ᠠ᠂ ᠲᠦᠷᠦ ᠶᠢᠨ | ᠳᠠᠬᠢᠯᠭ᠎ᠠ ᠭᠡᠵᠦ ᠭᠡᠳᠤᠨ ᠱᠠᠳᠤ ᠬᠤᠪᠢᠶᠠᠨ ᠵᠢᠯ ᠳᠠᠷᠠᠭᠠᠯᠠᠨ ᠶᠤᠰᠤᠴᠢᠯᠠᠨ ᠤᠢᠢᠯᠡᠳᠬᠦ ᠶᠤᠰᠤᠯᠠᠯ ᠪᠤᠯᠤᠭᠰᠠᠨ ᠪᠠ | ᠨᠡᠶᠢᠭᠡᠮ ᠤᠨ ᠬᠦᠭᠵᠢᠯᠳᠡ ᠶᠢᠨ ᠳᠠᠭᠠᠤ ᠳᠡᠭᠡᠳᠤ ᠳᠡᠪᠬᠤᠷᠭ᠎ᠠ ᠶᠢᠨ ᠡᠵᠡᠮᠰᠢᠯ ᠳᠤ ᠬᠠᠷᠢᠶᠠᠯᠠᠬᠤ ᠬᠠᠭᠠᠨ ᠤ ᠤᠪᠤᠭ᠎ᠠ᠂ | ᠭᠡᠭᠡᠨ ᠤ ᠤᠪᠤᠭ᠎ᠠ᠂ ᠪᠠᠨᠴᠢᠨ ᠤ ᠤᠪᠤᠭ᠎ᠠ᠂ ᠨᠤᠶᠠᠨ ᠤ ᠤᠪᠤᠭ᠎ᠠ᠂ ᠁ ᠭᠡᠬᠦ ᠮᠡᠳᠤ ᠭᠡᠭᠡᠨ ᠬᠠᠭᠠᠨ | ᠢᠵᠠᠭᠤᠷᠳᠡᠳ ᠤᠨ ᠨᠡᠷ᠎ᠡ ᠪᠠᠷ ᠪᠤᠰᠬᠠᠭᠰᠠᠨ ᠤᠪᠤᠭ᠎ᠠ ᠭᠠᠷᠴᠤ ᠢᠷᠡᠭᠰᠡᠨ ᠪᠠᠶᠢᠳᠠᠭ᠃ ᠡᠬᠦᠨ ᠠᠴᠠ ᠭᠠᠳᠠᠨ᠎ᠠ | ᠤᠪᠤᠭ᠎ᠠ ᠪᠤᠰᠬᠠᠬᠤ ᠤᠢᠢᠯᠡ ᠨᠢ ᠤᠷᠤᠨ ᠤ ᠳᠤᠮᠳᠠ ᠦᠷᠭᠡᠵᠢᠵᠦ᠂ ᠲᠦᠷᠦᠯ ᠡᠯᠢᠭᠡᠨ ᠠᠶᠢᠯ ᠢᠶᠠᠷ ᠨᠢᠭᠡᠴᠢ ᠪᠤᠯᠭᠠᠨ | ᠴᠢᠰᠤᠨ ᠤᠳᠤᠮ ᠤᠨ ᠤᠢᠢᠷ᠎ᠠ ᠲᠦᠷᠦᠯ ᠢᠶᠠᠷ ᠢᠶᠠᠨ ᠳᠠᠬᠢᠬᠤ ᠤᠪᠤᠭ᠎ᠠ ᠭᠡᠵᠦ ᠮᠦᠨ ᠢᠯᠡᠷᠡᠭᠰᠡᠨ ᠵᠡᠷᠭᠡ ᠶᠠᠩᠵᠦ | ᠪᠦᠷᠢ ᠶᠢᠨ ᠭᠡᠯᠪᠡᠷᠢ ᠶᠢᠨ ᠤᠪᠤᠭ᠎ᠠ ᠨᠤᠭᠤᠳ ᠪᠤᠢ ᠪᠤᠯᠵᠦ ᠤᠯᠠᠮ ᠢᠶᠠᠷ ᠦᠷᠭᠡᠵᠢᠵᠦ ᠪᠠᠶᠢᠨ᠎ᠠ᠃ | ᠨᠠᠮᠵᠢᠯ ᠭᠤᠸᠡᠢ ᠶᠢᠨ ᠵᠤᠭᠤᠬ ᠦᠷᠬᠦᠯᠵᠢᠯᠡᠭᠰᠡᠭᠡᠷ ᠁ | ᠵᠠᠰᠠᠭ ᠵᠠᠭᠢᠷᠭ᠎ᠠ ᠳᠤ ᠬᠤᠯᠪᠤᠭᠳᠠᠬᠰᠠᠨ ᠤᠷᠴᠢᠯ | ᠰᠤᠷᠪᠤᠯᠵᠢᠯᠠᠬᠴᠢ ᠵᠠᠰᠠᠬ ᠵᠠᠬᠢᠷᠭ᠎ᠠ ᠳᠤ ᠬᠤᠯᠪᠤᠬᠳᠠᠬᠤ ᠤᠪᠤᠭᠠᠨ ᠳᠠᠬᠢᠯᠭ᠎ᠠ ᠶᠢᠨ ᠳᠤᠬᠠᠢ ᠨᠠᠮᠵᠢᠯ | ᠭᠤᠸᠠᠢ ᠲᠠᠢ ᠵᠤᠭᠤᠬᠳᠠᠯᠠ᠃ | ᠤᠢᠢᠷᠠᠳ ᠨᠤᠳᠤᠭ ᠤᠨ ᠬᠦᠮᠦᠰ ᠵᠢᠯ ᠳᠠᠷᠠᠭᠠᠯᠠᠨ ᠰᠠᠷ᠎ᠠ ᠡᠳᠤᠷ ᠤᠨ ᠢᠪᠡᠭᠡᠯ ᠬᠠᠷᠠᠵᠦ ᠬᠤᠰᠢᠭᠤᠨ ︵ | ᠰᠢᠶᠡᠨ ᠰᠤᠮᠤᠨ ︶ ᠵᠠᠬᠢᠷᠭ᠎ᠠ ᠶᠢᠨ ᠬᠦᠷᠢᠶᠡᠨ ᠳᠤ ᠨᠢᠭᠡᠴᠢ ᠪᠤᠯᠵᠦ ᠨᠤᠳᠤᠭ ᠨᠤᠷᠭᠤᠨ ᠢᠶᠠᠷ ᠢᠶᠠᠨ ᠴᠤᠭᠯᠠᠷᠠᠨ᠂ | ᠤᠳᠤᠮ ᠠᠴᠠ ᠪᠠᠨ ᠳᠠᠬᠢᠭᠰᠠᠭᠠᠷ ᠢᠷᠡᠭᠰᠡᠨ ᠪᠤᠶᠤ ᠦᠪᠡᠷ ᠦᠪᠡᠷ ᠤᠨ ᠦᠮᠴᠢ ᠲᠠᠢ ᠤᠪᠤᠭ᠎ᠠ ᠪᠠᠨ ᠳᠠᠬᠢᠵᠦ᠂ | ᠭᠠᠵᠠᠷ ᠤᠰᠤ᠂ ᠨᠠᠪᠳᠠᠭ ᠰᠠᠪᠳᠠᠭ᠂ ᠠᠯᠢᠪᠠ ᠡᠵᠡᠳ ᠰᠠᠬᠢᠭᠤᠰᠤ᠂ ᠢᠯᠡ ᠳᠠᠯᠳᠠ ᠵᠠᠶᠠᠭᠠᠨ ᠰᠠᠬᠢᠭᠤᠰᠤ ᠶᠢ | ᠪᠠᠶᠠᠰᠬᠠᠬᠤ ᠶᠢᠨ ᠬᠠᠮᠳᠤ ᠡ᠊ᠨᠡ ᠶᠤᠰᠤᠯᠠᠯ ᠲᠠᠢ ᠬᠠᠮᠳᠤᠳᠬᠠᠨ ᠨᠤᠳᠤᠭ ᠨᠤᠷᠭᠤᠨ ᠤ ᠴᠢᠬᠤᠯᠨ ᠭᠡᠷᠡᠭ ᠤᠴᠢᠷ ᠢ | ᠵᠦᠢᠴᠢᠯᠡᠨ ᠳᠤᠭᠳᠠᠭᠠᠵᠦ ᠰᠢᠢᠳᠪᠦᠷᠢᠯᠡᠨ ᠪᠠᠳᠤᠯᠠᠬᠤ ᠮᠡᠳᠤ ᠤᠢᠢᠯᠡ ᠪᠠᠷ ᠭᠤᠤᠯ ᠪᠤᠯᠭᠠᠵᠦ᠂ ᠳᠡᠬᠦᠨ ᠤ ᠳᠠᠭᠠᠤ ᠳᠤ | ᠤᠯᠠᠨ ᠢᠶᠠᠷ ᠢᠶᠠᠨ ᠨᠡᠶᠢᠷ ᠬᠢᠵᠦ᠂ ᠨᠠᠭᠠᠳᠤᠮ ᠴᠡᠩᠭᠡᠯ ᠡᠬᠦᠰᠭᠡᠨ ᠶᠠᠪᠤᠭᠤᠯᠵᠦ ᠢᠷᠡᠭᠰᠡᠨ ᠪᠠᠶᠢᠳᠠᠭ᠃ | ᠰᠤᠮᠤᠨ ᠤ ᠳᠠᠬᠢᠯᠭ᠎ᠠ ᠶᠢ ᠳᠠᠬᠢᠬᠤ ᠳᠤ ᠳᠤᠰ ᠰᠤᠮᠤᠨ ᠤ ᠬᠠᠷᠢᠶᠠᠳᠤ ᠬᠦᠮᠦᠰ ᠤᠷᠤᠯᠴᠠᠳᠠᠭ ᠪᠠ | ᠬᠤᠰᠢᠭᠤᠨ ᠤ ᠳᠠᠬᠢᠯᠭ᠎ᠠ ᠶᠢ ᠳᠠᠬᠢᠬᠤ ᠦᠶ᠎ᠠ ᠳᠤ ᠳᠡᠷᠡ ᠬᠤᠰᠢᠭᠤᠨ ᠤ ᠬᠠᠷᠢᠶᠠᠳᠤ ᠠᠷᠠᠳ ᠤᠷᠤᠯᠴᠠᠳᠠᠭ᠃ | ᠭᠡᠬᠦ ᠳᠡᠭᠡᠨ ᠨᠤᠳᠤᠭ ᠰᠤᠮᠤᠨ ᠢᠶᠠᠷ ᠤᠪᠤᠭ᠎ᠠ ᠳᠠᠬᠢᠬᠤ ᠳᠠᠭᠠᠨ ᠦᠭᠡᠷ᠎ᠡ ᠰᠤᠮᠤᠨ ᠤ ᠵᠠᠩᠬᠢ ᠪᠤᠯᠤᠨ ᠳᠡᠳᠡᠨ ᠤ | ᠬᠠᠷᠪᠤᠭᠠᠴᠢ᠂ ᠪᠦᠭᠡ᠂ ᠤᠷᠤᠯᠳᠤᠭᠠᠨ ᠤ ᠮᠤᠷᠢ ᠤᠷᠤᠯᠴᠠᠬᠤ ᠶᠢ ᠵᠦᠪᠰᠢᠶᠡᠷᠨᠵᠦ᠂ ᠳᠤᠰᠬᠠᠢ ᠬᠦᠮᠦᠨ ᠶᠠᠪᠤᠭᠤᠯᠵᠦ | ᠤᠷᠢᠳᠠᠭ᠃ ᠭᠡᠷᠪᠡ ᠬᠤᠰᠢᠭᠤᠨ ᠤ ᠤᠪᠤᠭ᠎ᠠ ᠳᠠᠬᠢᠬᠤ ᠪᠤᠯ ᠮᠦᠨ ᠦᠭᠡᠷ᠎ᠡ ᠬᠤᠰᠢᠭᠤᠨ ᠤ ᠶᠠᠮᠦ ᠵᠢᠩᠰᠡ ᠲᠠᠢ | ᠬᠦᠮᠦᠰ ᠢ ᠤᠷᠢᠳᠠᠭ ᠪᠠᠶᠢᠭᠰᠠᠨ ᠪᠠ ᠳᠡᠳᠡᠨ ᠴᠤ ᠦᠪᠡᠷ ᠤᠨ ᠪᠦᠭᠡ᠂ ᠰᠠᠭᠠᠳᠠᠭᠴᠢ ᠵᠡᠷᠭᠡ ᠬᠦᠮᠦᠰ ᠢᠶᠠᠨ | ᠳᠠᠭᠠᠭᠤᠯᠤᠨ ᠢᠷᠡᠵᠦ ᠤᠷᠤᠯᠴᠠᠳᠠᠭ᠃ ᠢᠡᠭᠭᠢᠭᠡᠳ ᠬᠤᠯᠠ ᠤᠢᠢᠷ᠎ᠠ ᠠᠴᠠ ᠢᠷᠡᠬᠦ ᠬᠦᠮᠦᠨ ᠤ ᠪᠠᠷᠤᠭᠴᠠᠭ᠎ᠠ ᠪᠠᠷ | ᠦᠪᠡᠷ ᠤᠨ ᠬᠠᠷᠢᠶᠠᠳᠤ ᠡᠯ᠎ᠠ ᠰᠤᠮᠤᠨ ᠳᠤ ᠭᠡᠳᠤᠨ ᠪᠠᠷᠢᠭ᠎ᠠ ᠭᠡᠷ ᠪᠡᠯᠡᠳᠬᠦ᠂ ᠢᠳᠡᠰᠢ ᠶᠢᠨ ᠬᠤᠨᠢ ᠦᠭᠡᠷ ᠭᠡᠳᠤᠢ | ᠪᠡᠯᠡᠳᠬᠦ ᠪᠠ ᠬᠢᠷᠢ ᠶᠡᠭᠡ ᠠᠷᠢᠬᠢ ᠴᠡᠭᠡ ᠭᠡᠷᠡᠭᠰᠡᠬᠦ ᠵᠡᠷᠭᠡ ᠵᠦᠢᠯᠡᠰ ᠢ ᠳᠤᠰᠬᠠᠢ ᠬᠦᠮᠦᠨ ᠳᠤ ᠳᠠᠭᠠᠭᠠᠯᠭᠠᠵᠦ | ᠪᠡᠯᠡᠳᠭᠡᠳᠡᠭ᠃ | ᠳᠠᠬᠢᠯᠭ᠎ᠠ ᠶᠢᠨ ᠶᠤᠰᠤᠯᠠᠯ ᠤᠢᠢᠯᠡᠳᠴᠤ ᠪᠠᠶᠢᠭ᠎ᠠ ᠳᠠᠯ᠎ᠠ ᠶᠢᠨ ᠬᠦᠮᠦᠰ ᠤᠪᠤᠭ᠎ᠠ ᠳᠠᠬᠢᠬᠤ ᠶᠢᠨ ᠡᠮᠤᠨ᠎ᠠ | ᠡᠳᠤᠷ ᠤᠪᠤᠭ᠎ᠠ ᠶᠢᠨ ᠢᠶᠠᠨ ᠮᠤᠳᠤ ᠴᠢᠯᠠᠭᠤ ᠮᠡᠳᠤᠰ ᠢ ᠰᠢᠨᠡᠳᠭᠡᠵᠦ ᠵᠠᠰᠠᠳᠠᠭ ᠪᠠ ᠭᠤᠤᠯ ᠮᠤᠳᠤ ᠶᠢ ᠨᠢ ᠪᠤᠰᠬᠠᠵᠦ᠂ | ᠵᠡᠯ᠎ᠠ ᠳᠠᠳᠠᠬᠤ ᠪᠠᠭᠠᠨ᠎ᠠ ᠪᠠᠨ ᠴᠢᠮᠡᠭᠯᠡᠨ᠂ ᠳᠠᠬᠢᠯᠭ᠎ᠠ ᠶᠢᠨ ᠳᠡᠭᠡᠵᠢ ᠳᠤ ᠡᠷᠬᠦᠬᠦ ᠪᠠᠷ ᠪᠡᠯᠡᠳᠭᠡᠭᠰᠡᠨ ᠮᠠᠯ ᠢᠶᠠᠨ | ᠭᠠᠷᠭᠠᠳᠠᠭ᠃ ᠢᠡᠭᠭᠢᠭᠡᠳ ᠭᠠᠷᠭᠠᠭᠰᠠᠨ ᠮᠠᠯ ᠤᠨ ᠢᠶᠠᠨ ᠦᠪᠴᠢᠵᠦ ᠠᠪᠤᠭᠰᠠᠨ ᠠᠷᠠᠰᠤ ᠶᠢ ᠭᠤᠷᠪᠠ ᠰᠢᠪᠳᠤᠷᠴᠤ᠂ | ᠤᠯᠠᠭᠠᠨ ᠬᠤᠭᠤᠯᠠᠢ᠂ ᠮᠦᠭᠡᠷᠰᠤᠨ ᠬᠤᠭᠤᠯᠠᠢ ᠶᠢ ᠨᠢ ᠵᠢᠷᠦᠭᠡ᠂ ᠠᠭᠤᠰᠬᠢ᠂ ᠪᠦᠭᠡᠷ᠎ᠡ ᠲᠠᠢ ᠨᠢ ᠬᠠᠮᠳᠤ ᠰᠠᠯᠭᠠᠯ | ᠦᠭᠡᠢ ᠠᠪᠴᠤ ᠳᠠᠯᠪᠢᠳᠠᠭ ᠪᠠ ᠳᠡᠬᠦᠨ ᠢ ᠪᠠᠨ ᠳᠠᠬᠢᠯᠭ᠎ᠠ ᠳᠠᠬᠢᠬᠤ ᠦᠶ᠎ᠡ ᠳᠤ ᠠᠷᠠᠰᠤ ᠲᠠᠢ ᠨᠢ ᠬᠠᠮᠳᠤ ᠵᠦᠯᠳᠡ | ᠡᠷᠬᠦᠳᠡᠭ ᠪᠤᠶᠤ ᠡᠰᠭᠡᠵᠦ ᠮᠤᠳᠤᠨ ᠳᠤ ᠳᠡᠯᠡᠵᠦ ᠬᠠᠶᠠᠳᠠᠭ᠃ ᠪᠤᠰᠤᠳ ᠮᠢᠬ᠎ᠠ ᠶᠢ ᠨᠢ ᠪᠦᠬᠦᠳᠡ ᠶᠢ ᠨᠢ ᠴᠢᠨᠠᠵᠦ | ᠳᠡᠬᠦᠨ ᠤ ᠳᠤᠳᠤᠷ᠎ᠡ ᠠᠴᠠ ᠨᠢᠭᠡ ᠬᠤᠨᠢᠨ ᠤ ᠤᠭᠤᠴᠠ ᠶᠢ ᠨᠢ ᠳᠡᠭᠰᠢ ᠰᠠᠶᠢᠬᠠᠨ ᠠᠪᠴᠤ ᠳᠤᠯᠤᠭᠠᠢ ᠲᠠᠢ ᠨᠢ ᠬᠠᠮᠳᠤ | ᠳᠠᠬᠢᠯ ᠳᠤ ᠡᠷᠬᠦᠬᠦ ᠳᠤ ᠪᠡᠯᠡᠨ ᠬᠢᠳᠡᠭ᠃ | ᠳᠠᠬᠢᠯᠭ᠎ᠠ ᠶᠢ ᠳᠡᠭᠡᠷ᠎ᠡ ᠦᠶ᠎ᠡ ᠳᠤ ᠪᠦᠭᠡ ᠪᠤᠶᠤ ᠪᠦᠭᠡᠴᠢ ᠬᠦᠮᠦᠨ ᠡᠷᠬᠢᠯᠡᠨ ᠶᠠᠪᠤᠭᠤᠯᠳᠠᠭ ᠵᠠᠩᠰᠢᠯ ᠲᠠᠢ | ᠪᠠᠶᠢᠭᠰᠠᠨ ᠪᠤᠯᠪᠠᠴᠤ ᠰᠡᠬᠦᠯ ᠦᠶ᠎ᠠ ᠪᠤᠯᠵᠦ ᠢᠷᠡᠭᠡᠳ ᠪᠤᠷᠬᠠᠨ ᠱᠠᠰᠢᠨ ᠳᠡᠯᠭᠡᠷᠡᠬᠦ ᠶᠢ ᠳᠠᠭᠠᠯᠳᠤᠨ ᠯᠠᠮᠠ ᠨᠠᠷ | ᠤᠴᠢᠵᠦ ᠨᠤᠮ ᠤᠩᠰᠢᠳᠠᠭ ᠪᠤᠯᠤᠭᠰᠠᠨ ᠪᠠ ᠳᠡᠳᠡᠨ ᠦᠷᠯᠦᠭᠡ ᠡᠷᠳᠡ ᠤᠪᠤᠭᠠᠨ ᠳᠡᠭᠡᠷ᠎ᠡ ᠤᠴᠢᠵᠦ᠂ ᠤᠪᠤᠭ᠎ᠠ ᠶᠢᠨ | ᠪᠠᠷᠠᠭᠤᠨ ᠬᠤᠶᠢᠳᠤ ᠵᠦᠭ ᠲᠤ ᠵᠠᠢ ᠲᠠᠢ ᠭᠠᠵᠠᠷ ᠰᠤᠩᠭᠤᠨ ᠰᠠᠭᠤᠵᠦ ᠨᠤᠮ ᠤᠩᠰᠢᠳᠠᠭ᠃ ᠤᠳᠤᠬᠠᠨ ᠪᠤᠯᠳᠠᠯ᠎ᠠ | ᠪᠦᠭᠡ ᠪᠤᠯᠤᠨ ᠯᠠᠮᠠ ᠨᠠᠷ ᠬᠠᠮᠳᠤ ᠪᠠᠷ ᠳᠠᠬᠢᠯᠭ᠎ᠠ ᠶᠢᠨ ᠶᠤᠰᠤᠯᠠᠯ ᠢ ᠬᠢᠵᠦ ᠪᠠᠶᠢᠭᠰᠠᠨ ᠤᠨᠴᠠᠭᠠᠢ ᠪᠠᠶᠢᠳᠠᠯ ᠴᠤ | ᠦᠯᠡᠳᠡᠵᠥ ᠪᠤᠢ᠃ | ᠲᠦᠷᠪᠡᠨ ᠤᠢᠢᠷᠠᠳ ᠤᠨ ᠲᠦᠷᠦᠯᠬᠢ ᠨᠤᠳᠤᠭ ᠤᠨ ᠤᠪᠤᠭ᠎ᠠ ᠳᠠᠬᠢᠬᠤ ᠶᠤᠰᠤ ︵ᠠᠭᠤᠯᠠ ᠤᠰᠤ ᠶᠢ | ᠳᠠᠬᠢᠬᠤ ᠶᠤᠰᠤ︶ ᠶᠡᠷᠤᠩᠭᠡᠢ ᠳᠡᠭᠡᠨ ᠠᠳᠠᠯᠢ ᠪᠤᠯᠬᠤ ᠪᠤᠯᠪᠠᠴᠤ ᠤᠳᠤ ᠨᠤᠳᠤᠭ ᠨᠤᠳᠤᠭ ᠤᠨ ᠤᠪᠤᠭ᠎ᠠ ᠳᠠᠬᠢᠬᠤ | ᠰᠠᠷ᠎ᠠ ᠡᠳᠤᠷ ᠨᠢ ᠬᠤᠭᠤᠷᠤᠨᠳᠤ ᠪᠠᠨ ᠠᠳᠠᠯᠢ ᠦᠭᠡᠢ ᠪᠤᠯᠤᠭᠰᠠᠨ ᠪᠠᠶᠢᠳᠠᠭ᠃ ᠡᠬᠦᠨ ᠳᠤ ᠵᠠᠷᠢᠮ ᠨᠤᠳᠤᠭ | ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠠ ᠪᠠᠷ ᠳᠠᠬᠢᠳᠠᠭ ᠪᠠᠶᠢᠬᠤ ᠳᠤ᠂ ᠵᠠᠷᠢᠮ ᠨᠤᠳᠤᠭ ᠲᠤ ᠳᠤᠰᠬᠠᠢ | ᠳᠤᠭᠳᠠᠭᠰᠠᠨ ᠴᠠᠭ ᠦᠭᠡᠢ ᠪᠤᠯᠬᠤᠷ ᠪᠦᠭᠡ ᠪᠠᠭᠰᠢ ᠪᠤᠶᠤ ᠯᠠᠮᠠ ᠵᠢᠷᠤᠬᠠᠢᠢᠴᠢ ᠳᠤ ᠳᠤᠰᠬᠠᠢ ᠡᠳᠤᠷ ᠦᠵᠡᠬᠦᠯᠵᠦ | ᠦᠯᠵᠡᠶᠢᠳᠡᠢ ᠭᠡᠰᠡᠨ ᠡᠳᠤᠷ ᠢᠶᠠᠷ ᠨᠢ ᠳᠠᠬᠢᠯᠭ᠎ᠠ ᠶᠢᠨ ᠶᠤᠰᠤᠯᠠᠯ ᠢ ᠤᠢᠢᠯᠡᠳᠡᠳᠡᠭ᠃ ᠵᠠᠷᠢᠮ ᠨᠤᠳᠤᠭ ᠲᠤ ᠪᠢᠯᠢᠭ ᠤᠨ | ᠤᠯᠠᠷᠢᠯ ᠤᠨ ᠲᠦᠷᠪᠡᠨ ᠰᠠᠷ᠎ᠠ ᠶᠢᠨ ᠠᠷᠪᠠᠨ ᠳᠠᠪᠤᠨ ᠠᠴᠠ ᠬᠤᠶᠢᠰᠢ ᠪᠤᠶᠤ ᠳᠠᠪᠤᠨ ᠰᠠᠷ᠎ᠠ ᠶᠢᠨ ᠰᠢᠨ᠎ᠠ ᠶᠢᠨ | ᠭᠤᠷᠪᠠᠨ᠂ ᠠᠷᠪᠠᠨ ᠭᠤᠷᠪᠠᠨ᠂ ᠬᠤᠷᠢᠨ ᠭᠤᠷᠪᠠᠨ ᠤ ᠡᠳᠤᠷ ᠳᠠᠬᠢᠳᠠᠭ᠃ ᠭᠡᠪᠡᠴᠤ ᠶᠡᠷᠤᠩᠭᠡᠢ ᠳᠡᠭᠡᠨ ᠠᠷᠭ᠎ᠠ ᠶᠢᠨ | ᠤᠯᠠᠷᠢᠯ ᠤᠨ ᠵᠢᠷᠭᠤᠭ᠎ᠠ ᠳᠤᠯᠤᠭᠠᠨ ᠰᠠᠷ᠎ᠠ ᠪᠤᠶᠤ ᠵᠤᠨ ᠨᠠᠮᠤᠷ ᠤᠨ ᠤᠯᠠᠷᠢᠯ ᠤᠨ ᠶᠠᠮᠠᠷ ᠨᠢᠭᠡᠨ ᠰᠠᠶᠢᠨ ᠡᠳᠤᠷ ᠢ | ᠰᠤᠩᠭᠤᠵᠦ ᠳᠠᠬᠢᠳᠠᠭ ᠠᠴᠠ ᠪᠢᠰᠢ᠂ ᠬᠠᠷᠢᠨ ᠠᠵᠢᠯ ᠠᠬᠤᠢ ᠶᠠᠭᠠᠷᠠᠤ ᠬᠠᠪᠤᠷ ᠤᠨ ᠤᠯᠠᠷᠢᠯ ᠪᠤᠯᠤᠨ ᠠᠭᠤᠷ | ᠠᠮᠢᠰᠬᠤᠯ ᠬᠦᠢᠳᠡᠷᠡᠭᠰᠡᠨ ᠡᠪᠤᠯ ᠤᠨ ᠤᠯᠠᠷᠢᠯ ᠳᠤ ᠤᠪᠤᠭ᠎ᠠ ᠳᠠᠬᠢᠳᠠᠭ ᠦᠭᠡᠢ᠃ ᠵᠠᠷᠢᠮ ᠨᠤᠳᠤᠭ ᠲᠤ ᠬᠠᠷᠢᠨ | ᠰᠤᠪᠠᠢ ᠭᠡᠬᠦᠦ ᠠᠯᠠᠭᠠᠳ ᠳᠠᠬᠢᠳᠠᠭ ᠵᠠᠩᠰᠢᠯ ᠲᠠᠢ ᠪᠠᠶᠢᠨ᠎ᠠ᠃ ᠡᠨᠡ ᠳᠤᠬᠠᠢ ᠤᠯᠠᠮ ᠢᠶᠠᠷ ᠰᠤᠷᠪᠤᠯᠵᠢᠯᠠᠵᠤ | ᠰᠤᠳᠤᠯᠤᠭᠤᠰᠢᠳᠡᠢ ᠪᠢᠯᠡ᠃ | ᠪᠠᠶᠢᠷᠢ ᠪᠠᠶᠢᠷᠢᠰᠢᠯ ᠤᠨ ᠳᠤᠭᠳᠠᠯᠴᠠᠭ᠎ᠠ ᠪᠤᠶᠤ ᠤᠬᠠᠮᠰᠠᠷ | ᠤᠢᠢᠷᠠᠳᠴᠤᠳ ᠤᠨ ᠨᠤᠳᠤᠭ ᠪᠤᠯᠭᠠᠨ ᠳᠤ ᠡᠪᠦᠭᠡ ᠳᠡᠭᠡᠳᠤᠰ ᠠᠴᠠ ᠪᠠᠨ ᠳᠠᠬᠢᠵᠦ ᠢᠷᠡᠭᠰᠡᠨ ᠳᠠᠬᠢᠯᠭ᠎ᠠ ᠶᠢᠨ | ᠤᠪᠤᠭ᠎ᠠ ᠪᠠᠶᠢᠳᠠᠭ ᠪᠤᠯᠪᠠᠴᠤ ᠰᠢᠨ᠎ᠠ ᠪᠠᠷ ᠤᠪᠤᠭ᠎ᠠ ᠪᠤᠰᠬᠠᠬᠤ ᠦᠵᠡᠭᠳᠡᠯ ᠴᠤ ᠭᠠᠷᠴᠤ ᠪᠠᠶᠢᠨ᠎ᠠ ᠬᠡᠵᠥ ᠨᠠᠮᠵᠢᠯ | ᠭᠤᠸᠠᠢ ᠶᠡᠷᠢᠨ᠎ᠠ᠃ | ᠰᠢᠨ᠎ᠡ ᠤᠪᠤᠭ᠎ᠠ ᠪᠤᠰᠬᠠᠬᠤ ᠳᠤ ᠬᠦᠷᠪᠡᠯ ᠤᠷᠢᠳ ᠢᠶᠠᠷ ᠭᠡᠭᠡᠨ ᠯᠠᠮᠠ ᠳᠤ ᠦᠵᠡᠬᠦᠯᠵᠦ ᠳᠤᠭᠳᠠᠭᠠᠬᠤ ᠪᠤᠶᠤ | ᠳᠤᠰᠬᠠᠢ ᠭᠠᠵᠠᠷ ᠨᠤᠳᠤᠭ ᠤᠨ ᠪᠠᠶᠢᠳᠠᠯ ᠢ ᠮᠡᠳᠡᠳᠡᠭ ᠰᠢᠨᠵᠢᠭᠡᠴᠢ ᠵᠠᠯᠠᠵᠦ ᠵᠤᠬᠢᠰᠳᠠᠢ ᠭᠠᠵᠠᠷ ᠢ ᠰᠢᠨᠵᠢᠯᠡᠨ | ᠰᠤᠩᠭᠤᠵᠦ ᠳᠤᠭᠳᠠᠭᠠᠳᠠᠭ᠃ ᠳᠡᠭᠡᠬᠦ ᠳᠡᠭᠡᠨ ᠬᠠᠷ᠎ᠠ ᠮᠤᠷᠢᠨ ᠤ ᠲᠦᠩ᠂ ᠠᠯᠠᠭ ᠱᠠᠭᠠᠵᠠᠭᠠᠢ ᠶᠢᠨ ᠵᠤ᠋ ᠮᠡᠳᠤ | ᠰᠢᠨᠵᠢ ᠲᠠᠢ ᠭᠠᠵᠠᠷ ᠲᠤ ᠤᠪᠤᠭ᠎ᠠ ᠪᠤᠰᠬᠠᠪᠠᠯ ᠮᠠᠭᠤ ᠭᠡᠵᠦ ᠦᠵᠡᠬᠦ ᠭᠡᠯᠡᠯᠭᠡ ᠪᠠᠶᠢᠳᠠᠭ᠃ ᠢᠡᠭᠬᠢᠭᠡᠳ ᠰᠢᠨᠵᠢᠵᠦ | ᠳᠤᠭᠳᠠᠭᠠᠭᠰᠠᠨ ᠭᠠᠵᠠᠷ ᠲᠤ ᠪᠠᠨ ᠯᠠᠮᠠ ᠭᠡᠯᠤᠩ ᠵᠠᠯᠠᠵᠦ ᠨᠤᠮ ᠤᠩᠰᠢᠯᠭ᠎ᠠ ᠬᠢᠳᠡᠭ ᠪᠠ ᠳᠡᠷᠡ ᠬᠦ ᠤᠨᠴᠠᠯᠠᠭᠰᠠᠨ | ᠭᠠᠵᠠᠷ ᠲᠤ ᠪᠠᠨ ᠴᠢᠯᠠᠭᠤ ᠤᠪᠤᠭᠠᠯᠠᠨ ᠬᠦᠭᠡ ᠮᠤᠳᠤ ᠬᠠᠳᠬᠤᠵᠦ ᠤᠪᠤᠭ᠎ᠠ ᠪᠤᠰᠬᠠᠬᠤ ᠤᠢᠢᠯᠡ ᠪᠠᠨ | ᠬᠦᠢᠴᠡᠳᠭᠡᠳᠡᠭ᠃ ᠳᠡᠭᠡᠬᠦ ᠳᠡᠭᠡᠨ ᠪᠤᠮᠪᠠ ᠶᠢᠨ ᠳᠤᠳᠤᠷ᠎ᠡ ᠳᠠᠷᠢᠶ᠎ᠠ᠂ ᠰᠢᠰᠢ᠂ ᠳᠤᠳᠤᠷᠭ᠎ᠠ ᠰᠦᠭ ︵ᠨᠠᠷᠢᠮᠦ︶᠂ | ᠶᠦᠷᠦᠭ᠂ ᠦᠵᠦᠮ᠂ ᠴᠢᠪᠠᠭ᠎ᠠ᠂ ᠵᠩᠳᠡ᠂ ᠱᠠᠪᠳᠠᠯ᠎ᠠ᠂ ᠡᠳ᠋ ᠡᠷᠳᠡᠨᠢᠰ ᠂ ᠢᠳᠡᠭᠡᠨ ᠤᠮᠳᠠᠭᠠᠨ ᠤ ᠵᠦᠢᠯ ᠵᠡᠷᠭᠡ ᠶᠢ | ᠬᠦᠮᠦᠨ ᠤ ᠢᠳᠡᠵᠦ ᠤᠤᠭᠤᠬᠤ ᠪᠠ ᠭᠡᠷᠡᠭᠯᠡᠵᠦ ᠵᠠᠷᠤᠬᠤ ᠵᠦᠢᠯᠡᠰ ᠠᠴᠠ ᠳᠤᠳᠠᠭᠤ ᠦᠭᠡᠢ ᠳᠡᠯᠪᠢᠵᠦ ᠪᠤᠯᠠᠳᠠᠭ᠃ | ᠳᠠᠬᠢᠯᠭ᠎ᠠ ᠶᠢᠨ ᠤᠪᠤᠭ᠎ᠠ ᠪᠠᠨ ᠵᠠᠰᠠᠵᠦ ᠪᠠᠷᠠᠭᠰᠠᠨ ᠠᠴᠠ ᠬᠤᠶᠢᠰᠢ ᠳᠡᠬᠦᠨ ᠤ ᠳᠡᠭᠡᠷ᠎ᠡ ᠬᠠᠳᠬᠤᠭᠰᠠᠨ | ᠮᠤᠳᠤᠳ ᠪᠤᠶᠤ ᠳᠠᠳᠠᠭᠰᠠᠨ ᠵᠠᠯ᠎ᠠ ᠠᠴᠠ ᠭᠡᠶᠢᠮᠤᠷᠢ ᠤᠶᠠᠵᠦ ᠳᠡᠯᠡᠰᠭᠡᠬᠦ ︵ᠨᠠᠮᠢᠷᠠᠭᠤᠯᠬᠤ︶ ᠶᠢᠨ ᠬᠠᠮᠳᠤ ᠴᠠᠭᠠᠨ᠂ | ᠨᠤᠭᠤᠭᠠᠠ᠂ ᠰᠢᠷ᠎ᠠ᠂ ᠶᠠᠭᠠᠨ᠂ ᠬᠦᠭᠡ ᠵᠡᠷᠭᠡ ᠦᠡᠭᠭᠡ ᠪᠦᠷᠢ ᠶᠢᠨ ᠪᠦᠰ ᠢᠶᠠᠷ ᠬᠢᠭᠰᠡᠨ ᠵᠡᠯᠮ᠎ᠠ ᠪᠦᠴᠡ ᠪᠠᠨ ᠤᠶᠠᠵᠦ | ᠭᠡᠶᠢᠰᠭᠡᠳᠡᠭ᠃ ᠳᠠᠷᠠᠭ᠎ᠠ ᠨᠢ ᠯᠠᠮᠠ ᠭᠡᠯᠤᠩ ᠠᠴᠠ ᠪᠦᠷᠢᠶ᠎ᠡ ᠪᠢᠰᠬᠢᠬᠦᠷ ᠳᠠᠳᠠᠵᠦ ᠨᠤᠮ ᠤᠩᠰᠢᠵᠦ ᠡᠬᠢᠯᠡᠬᠦ ᠳᠤ | ᠳᠠᠬᠢᠯᠭ᠎ᠠ ᠳᠤ ᠵᠤᠷᠢᠭᠤᠯᠤᠭᠰᠠᠨ ᠰᠦ᠂ ᠴᠠᠭᠠᠨ ᠢᠳᠡᠭᠡ᠂ ᠰᠠᠭᠠᠯᠢ ᠶᠢᠨ ᠠᠷᠢᠬᠢ᠂ ᠮᠢᠬ᠎ᠠ ᠵᠡᠷᠭᠡ ᠵᠦᠢᠯᠡᠰ ᠢᠶᠠᠨ | ᠡᠷᠬᠦᠵᠦ ᠭᠠᠵᠠᠷ ᠤᠰᠤᠨ ᠤ ᠨᠠᠪᠳᠠᠭ ᠰᠠᠪᠳᠠᠭ ᠲᠤ ᠰᠠᠴᠤᠯᠢ ᠰᠠᠴᠤᠳᠠᠭ᠃ ᠤᠷᠢᠳ ᠨᠢ ᠳᠠᠬᠢᠵᠦ ᠪᠠᠶᠢᠭᠰᠠᠨ | ᠤᠪᠤᠭ᠎ᠠ ᠪᠤᠯ ᠳᠠᠬᠢᠯᠭᠠᠨ ᠳᠤ ᠢᠷᠡᠭᠰᠡᠨ ᠬᠦᠮᠦᠰ ᠤᠪᠤᠭ᠎ᠠ ᠳᠠᠭᠡᠷ᠎ᠡ ᠪᠠᠨ ᠰᠢᠨ᠎ᠠ ᠬᠦᠭᠡ ᠮᠤᠳᠤ ᠪᠤᠰᠬᠠᠵᠦ ᠴᠢᠯᠠᠭᠤ | ᠨᠡᠮᠡᠵᠦ ᠰᠢᠨᠡᠳᠭᠡᠬᠦ ᠶᠢᠨ ᠬᠠᠮᠳᠤ ᠬᠠᠳᠠᠭ ᠵᠠᠯᠮ᠎ᠠ ᠪᠤᠯᠤᠨ ᠳᠡᠷᠡ ᠵᠢᠯ ᠤᠨ ᠢᠮᠨᠡᠭᠰᠡᠨ ᠬᠤᠷᠠᠭ᠎ᠠ ᠢᠰᠢᠭᠡ ᠶᠢᠨ ᠢᠶᠠᠨ | ᠢᠮ ᠢ ᠡᠯᠬᠦᠵᠦ ᠳᠠᠯᠪᠢᠳᠠᠭ᠃ | ᠢᠯᠢ ᠶᠢᠨ ᠮᠤᠩᠭᠤᠯᠬᠦᠷᠢᠶᠡ ᠰᠢᠶᠠᠨ ᠤ ᠦᠭᠡᠯᠡᠳ ᠤᠨ ᠶᠤᠰᠤᠨ ᠳᠤ ᠤᠪᠤᠭ᠎ᠠ ᠶᠢᠨ ᠳᠠᠬᠢᠯᠭ᠎ᠠ ᠶᠢ ᠳᠡᠷᠡ | ᠨᠤᠳᠤᠭ ᠲᠤ ︽ᠳᠡᠭᠡᠷ᠎ᠡ ᠮᠦᠷᠬᠦᠬᠦ︾ ᠭᠡᠵᠦ ᠭᠡᠯᠡᠳᠡᠭ ᠪᠦᠭᠡᠳ ᠤᠪᠤᠭ᠎ᠠ ᠶᠢᠨ ᠬᠤᠶᠠᠷ ᠪᠡᠶ᠎ᠡ ᠳᠤ ᠤᠷᠳᠤ ᠱᠤᠤᠷᠠᠭ | ᠪᠤᠰᠬᠠᠵᠦ᠂ ᠬᠤᠭᠤᠷᠤᠨᠳᠤ ᠨᠢ ᠵᠡᠯ᠎ᠡ ᠳᠠᠳᠠᠵᠦ ᠳᠡᠬᠦᠨ ᠠᠴᠠ ᠬᠠᠳᠠᠭ ᠪᠤᠶᠤ ᠳᠤᠰᠬᠠᠢ ᠳᠤᠯᠤᠭᠠᠨ ᠦᠡᠭᠭᠡ ᠶᠢᠨ | ᠤᠳᠠᠰᠤ ᠪᠠᠷ ᠬᠢᠭᠰᠡᠨ ᠵᠠᠩᠭᠢᠶ᠎ᠠ ᠪᠠᠨ ᠪᠡᠯᠡᠳᠭᠡᠳᠡᠭ᠃ ᠢᠡᠭᠭᠢᠭᠡᠳ ᠢᠷᠡᠭᠰᠡᠨ ᠬᠦᠮᠦᠰ ᠨᠢ ᠯᠠᠮᠠ ᠨᠤᠮ ᠤᠩᠰᠢᠵᠦ | ᠳᠠᠭᠤᠰᠬᠤ ᠶᠢᠨ ᠠᠯᠳᠠ ᠳᠤ ᠭᠡᠶᠢᠮᠤᠷᠢ ᠵᠡᠷᠭᠡ ᠵᠦᠢᠯ ᠢ ᠳᠡᠷᠡ ᠳᠠᠳᠠᠭᠰᠠᠨ ᠬᠦᠨᠳᠡᠯᠡᠨ ᠵᠠᠯ᠎ᠠ ᠳᠡᠭᠡᠰᠤᠨ ᠠᠴᠠ | ᠤᠶᠤᠵᠦ ᠭᠡᠶᠢᠰᠭᠡᠳᠡᠭ᠃ ᠡᠷᠳᠡ ᠦᠶ᠎ᠡ ᠳᠤ ᠡ᠊ᠨᠡ ᠬᠦ ᠬᠤᠶᠠᠷ ᠱᠤᠤᠷᠠᠭ ᠤᠨ ᠦᠵᠦᠬᠦᠷ ᠲᠤ ᠬᠤᠶᠠᠷ ᠳᠠᠬᠢᠶ᠎ᠠ | ᠡᠯᠬᠦᠵᠦ᠂ ᠤᠩᠭᠢ ᠳᠤ ᠨᠢ ᠬᠠᠷ᠎ᠠ ᠴᠠᠭᠠᠨ ᠬᠤᠶᠠᠷ ᠬᠤᠨᠢ ᠳᠤᠰ ᠳᠤᠰ ᠤᠶᠠᠳᠠᠭ ᠪᠠ ᠳᠠᠬᠢᠯᠭ᠎ᠠ ᠡᠬᠢᠯᠡᠬᠦ ᠦᠶ᠎ᠡ ᠳᠤ | ᠳᠡᠬᠦᠨ ᠢ ᠵᠦᠯᠳᠡᠯᠡᠵᠦ ᠶᠤᠰᠤ ᠬᠢᠳᠡᠭ ᠪᠠᠶᠢᠵᠠᠢ᠃ ᠬᠤᠵᠢᠮ ᠨᠢ ᠳᠡᠷᠡ ᠶᠤᠰᠤ ᠬᠤᠪᠢᠷᠠᠵᠦ ᠳᠠᠬᠢᠶ᠎ᠠ ᠡᠯᠬᠦᠬᠦ ᠦᠭᠡᠢ | ᠪᠤᠯᠵᠦ ᠬᠠᠷ᠎ᠠ ᠳᠤᠯᠤᠭᠠᠢ ᠲᠠᠢ ᠴᠠᠭᠠᠨ ᠬᠤᠨᠢ ᠵᠦᠯᠳᠡᠯᠡᠬᠦ ᠪᠤᠯᠤᠭᠰᠠᠨ ᠪᠠ ᠤᠳᠤ ᠬᠠᠷᠢᠨ ᠰᠢᠷ᠎ᠠ ᠳᠤᠯᠤᠭᠠᠢ ᠲᠠᠢ | ᠴᠠᠭᠠᠨ ᠬᠤᠨᠢ ᠪᠤᠶᠤ ᠬᠠᠷ᠎ᠠ ᠬᠤᠨᠢ ᠶᠢ ᠦᠷᠦᠴᠡᠯᠡᠵᠦ ᠠᠯᠠᠭᠠᠳ ᠳᠠᠬᠢᠯ ᠡᠷᠬᠦᠬᠦ ᠪᠤᠯᠤᠭᠰᠠᠨ ᠪᠠᠶᠢᠨ᠎ᠠ᠃ | ᠵᠠᠷᠢᠮ ᠨᠤᠳᠤᠭ ᠲᠤ ᠤᠪᠤᠭ᠎ᠠ ᠳᠠᠬᠢᠬᠤ ᠳᠠᠭᠠᠨ ᠵᠠᠠᠴᠠ᠂ ᠭᠡᠶᠢᠮᠤᠷᠢ ᠵᠡᠷᠭᠡ ᠵᠦᠢᠯᠡᠰ ᠢ ᠳᠤᠰᠬᠠᠢ ᠬᠢᠵᠦ ᠤᠶᠠᠵᠦ | ᠬᠠᠳᠬᠤᠳᠠᠭ᠃ ᠵᠠᠠᠴᠠ ᠶᠢ ᠳᠠᠪᠤᠨ ᠦᠡᠭᠭᠡ ᠶᠢᠨ ᠳᠤᠷᠭ᠎ᠠ ᠪᠠᠷ ᠳᠤᠭᠤᠷᠢᠭ ᠭᠡᠯᠪᠡᠷᠢ ᠲᠠᠢ ᠪᠦᠷᠮᠡᠶᠢᠯᠡᠨ ᠤᠶᠤᠵᠦ᠂ | ᠳᠡᠭᠡᠷ᠎ᠡ ᠨᠢ ᠰᠦᠯᠳᠡ ᠡᠷᠢᠶ᠎ᠡ ᠬᠠᠳᠬᠤᠵᠦ ᠬᠢᠳᠡᠭ ᠪᠦᠭᠡᠳ ᠤᠷᠢᠳ ᠢᠶᠠᠷ ᠨᠢᠭᠡ ᠭᠡᠰᠡᠭ ᠢᠰᠡᠭᠡᠢ ᠪᠠᠷ ᠤᠷᠤᠢ ᠶᠢ ᠨᠢ | ᠬᠢᠵᠦ ᠬᠦᠭᠡ ᠳᠤᠷᠭ᠎ᠠ ᠪᠠᠷ ᠪᠦᠷᠢᠵᠦ᠂ ᠳᠡᠷᠡ ᠬᠦ ᠳᠤᠭᠤᠷᠢᠭ ᠤᠷᠤᠢ ᠠᠴᠠ ᠨᠢ ᠬᠦᠭᠡ᠂ ᠤᠯᠠᠭᠠᠨ᠂ ᠴᠠᠭᠠᠨ᠂ | ᠰᠢᠷ᠎ᠠ᠂ ᠨᠤᠭᠤᠭᠠᠨ ᠵᠡᠷᠭᠡ ᠳᠠᠪᠤᠨ ᠦᠡᠭᠭᠡ ᠶᠢᠨ ᠳᠤᠷᠭ᠎ᠠ ᠪᠠᠷ ᠬᠦᠰᠢᠭᠡ ᠬᠢᠳᠡᠭ᠃ ᠡᠬᠦᠨ ᠳᠤ ᠳᠡᠳᠡᠭᠡᠷ | ᠳᠤᠷᠭ᠎ᠠ ᠶᠢᠨ ᠳᠡᠰ ᠳᠠᠷᠠᠭ᠎ᠠ ᠶᠢ ᠰᠤᠯᠢᠵᠦ ᠤᠭᠳᠤ ᠪᠤᠯᠳᠠᠭ ᠦᠭᠡᠢ᠃ ᠤᠴᠢᠷ ᠨᠢ ᠬᠠᠮᠤᠭ ᠤᠨ ᠳᠡᠭᠡᠳᠤ | ᠳᠠᠯ᠎ᠠ ᠳᠤᠨᠢ ᠤᠷᠤᠬᠤ ᠬᠦᠭᠡ ᠳᠤᠷᠭ᠎ᠠ ᠨᠢ ᠳᠡᠭᠷᠢ ᠶᠢᠨ ᠦᠡᠭᠭᠡ ᠶᠢ ᠲᠦᠯᠦᠭᠡᠯᠡᠵᠦ᠂ ᠳᠠᠷᠠᠭᠠᠬᠢ ᠤᠯᠠᠭᠠᠨ | ᠦᠡᠭᠭᠡ ᠶᠢᠨ ᠳᠤᠷᠭ᠎ᠠ ᠨᠢ ᠤᠯᠠᠭᠠᠨ ᠳᠤᠭᠤᠰᠤᠳᠤ ᠶᠢᠷᠳᠢᠨᠴᠤ ᠶᠢ ᠲᠦᠯᠦᠭᠡᠯᠡᠵᠦ᠂ ᠭᠤᠷᠪᠠᠳᠠᠬᠢ ᠴᠠᠭᠠᠨ | ᠦᠡᠭᠭᠡ ᠶᠢᠨ ᠳᠤᠷᠭ᠎ᠠ ᠨᠢ ᠰᠠᠶᠢᠨ ᠰᠠᠶᠢᠬᠠᠨ ᠤ ᠪᠡᠯᠭᠡ ᠳᠡᠮᠳᠡᠭ ᠪᠤᠯᠤᠨ᠎ᠠ ᠭᠡᠳᠡᠭ ᠪᠡ ᠳᠡᠬᠦᠨ ᠤ ᠳᠠᠷᠠᠭ᠎ᠠ ᠤᠷᠤᠬᠤ | ᠰᠢᠷ᠎ᠠ ᠦᠡᠭᠭᠡ ᠶᠢᠨ ᠳᠤᠷᠭ᠎ᠠ ᠨᠢ ᠱᠠᠰᠢᠨ ᠰᠢᠳᠦᠯᠭᠡ ᠶᠢ ᠲᠦᠯᠦᠭᠡᠯᠡᠵᠦ ᠪᠠᠶᠢᠳᠠᠭ ᠭᠡᠳᠡᠭ᠃ ᠡᠬᠦᠨ ᠤ ᠳᠤᠬᠠᠢ ᠵᠠᠷᠢᠮ | ᠬᠦᠮᠤᠨ ᠤ ᠪᠢᠴᠢᠭᠰᠡᠨ ᠢᠶᠠᠷ ︽ᠤᠪᠤᠭ᠎ᠠ ᠶᠢᠨ ᠳᠤᠮᠳᠠ ᠦᠨᠳᠤᠷ ᠪᠦᠳᠦᠬᠦᠨ ᠰᠢᠭ ᠮᠤᠳᠤᠨ ︿ᠵᠠᠠᠴᠠ﹀ ᠪᠤᠰᠬᠠᠵᠦ᠂ | ᠤᠷᠤᠢ ᠳᠤᠨᠢ ᠬᠦᠭᠡ᠂ ᠴᠠᠭᠠᠨ᠂ ᠤᠯᠠᠭᠠᠨ᠂ ᠰᠢᠷ᠎ᠠ᠂ ᠨᠤᠭᠤᠭᠠᠨ ᠳᠠᠪᠤᠨ ᠦᠡᠭᠭᠡ ᠶᠢᠨ ᠳᠤᠷᠭ᠎ᠠ ᠪᠠᠷ ᠤᠶᠤᠭᠰᠠᠨ | ᠳᠤᠭᠳᠤᠢ ᠡᠮᠦᠰᠭᠡᠵᠦ᠂ ︿ᠭᠡᠶᠢᠮᠤᠷᠢ﹀ ᠶᠢᠨ ᠳᠠᠷᠴᠤᠭ ᠡᠯᠬᠦᠳᠡᠭ᠃ ︿ᠵᠠᠠᠴᠠ﹀ ᠶᠢᠨ ᠤᠷᠤᠢ ᠳᠠᠬᠢ ᠳᠤᠭᠳᠤᠢ ᠶᠢᠨ | ᠨᠤᠭᠤᠭᠠᠨ ᠦᠡᠭᠭᠡ ᠶᠢ ᠬᠠᠮᠤᠭ ᠤᠨ ᠳᠤᠤᠷ᠎ᠠ ᠨᠢ ᠤᠶᠠᠳᠠᠭ ᠪᠦᠭᠡᠳ ᠡ᠊ᠨᠡ ᠨᠢ ᠨᠤᠭᠤᠭᠠᠨ ᠳᠠᠯ᠎ᠠ᠂ ᠡᠪᠡᠰᠦ | ᠪᠡᠯᠴᠢᠭᠡᠷ ᠢ ᠬᠠᠷᠠᠭᠤᠯᠵᠦ᠂ ᠰᠢᠷ᠎ᠠ ᠦᠡᠭᠭᠡ ᠨᠢ ᠬᠦᠷᠦᠰᠦᠳᠤ ᠰᠢᠷ᠎ᠠ ᠭᠠᠵᠠᠷ ᠢ᠂ ᠤᠯᠠᠭᠠᠨ ᠦᠡᠭᠭᠡ ᠨᠢ ᠮᠠᠠᠳᠤᠯᠡᠨ | ᠭᠠᠷᠤᠭᠰᠠᠨ ᠤᠯᠠᠭᠠᠨ ᠨᠠᠷᠠᠨ ᠢ᠂ ᠴᠠᠭᠠᠨ ᠦᠡᠭᠭᠡ ᠨᠢ ᠬᠠᠮᠤᠭ ᠢ ᠠᠮᠢᠯᠠᠭᠤᠯᠤᠭᠴᠢ ᠬᠤᠷ᠎ᠠ ᠤᠰᠤᠨ ᠤ ᠡᠬᠢ | ᠡᠬᠦᠯᠡ ᠶᠢ᠂ ᠬᠠᠮᠤᠭ ᠤᠨ ᠳᠡᠭᠡᠷᠡᠬᠢ ᠬᠦᠭᠡ ᠦᠡᠭᠭᠡ ᠪᠠᠷ ᠴᠡᠯᠮᠡᠭ ᠦᠷᠭᠡᠨ ᠬᠦᠭᠡ ᠳᠡᠭᠷᠢ ᠶᠢ ᠲᠦᠯᠦᠭᠡᠯᠡᠬᠦᠯᠦᠨ᠂ | ᠳᠡᠬᠢᠨ ᠰᠢᠳᠦᠵᠦ ᠪᠠᠶᠢᠭ᠎ᠠ ᠶᠤᠰᠤ ᠶᠤᠮ︾ ᠭᠡᠰᠡᠨ ᠪᠠᠶᠢᠳᠠᠭ᠃ | ᠤᠪᠤᠭ᠎ᠠ ᠳᠤ ᠳᠡᠯᠡᠰᠭᠡᠬᠦ ᠭᠡᠶᠢᠮᠤᠷᠢ ᠨᠢ ᠰᠢᠷ᠎ᠠ᠂ ᠬᠦᠭᠡ᠂ ᠴᠠᠭᠠᠨ᠂ ᠨᠤᠭᠤᠭᠠᠨ ᠵᠡᠷᠭᠡ ᠲᠦᠷᠪᠡᠨ | ᠦᠡᠭᠭᠡ ᠲᠠᠢ ᠪᠠᠶᠢᠳᠠᠭ ᠪᠦᠭᠡᠳ ᠭᠡᠨ ᠬᠦᠮᠦᠨ ᠶᠠᠮᠠᠷ ᠦᠡᠭᠭᠡ ᠲᠠᠢ ᠭᠡᠶᠢᠮᠤᠷᠢ ᠭᠡᠶᠢᠰᠭᠡᠬᠦ ᠭᠡᠷᠡᠭᠳᠡᠢ ᠭᠡᠳᠡᠭ ᠢ ᠯᠠᠮᠠ | ᠵᠢᠷᠤᠬᠠᠢᠢᠴᠢ ᠠᠴᠠ ᠭᠡᠨ ᠬᠦᠮᠦᠨ ᠤ ᠮᠠᠬᠠᠪᠤᠳ᠂ ᠵᠢᠯ᠂ ᠨᠠᠰᠤ᠂ ᠰᠠᠭᠤᠷᠢ ᠰᠠᠭᠤᠳᠠᠯ ᠢ ᠨᠢ ᠦᠵᠡᠵᠦ ᠪᠠᠶᠢᠭᠠᠳ | ᠳᠤᠭᠳᠠᠭᠠᠳᠠᠭ ᠰᠢᠳᠦᠯᠭᠡ ᠪᠢᠰᠢᠷᠡᠯ ᠤᠨ ᠵᠠᠩᠰᠢᠯ ᠲᠠᠢ ᠶᠤᠮ᠃ ᠮᠦᠨ ᠵᠠᠷᠢᠮ ᠨᠤᠳᠤᠭ ᠲᠤ ᠤᠪᠤᠭ᠎ᠠ ᠳᠠᠬᠢᠬᠤ | ᠦᠶ᠎ᠡ ᠳᠤ ︽ᠭᠠᠵᠠᠷ ᠠᠷᠢᠭᠤᠳᠬᠠᠬᠤ︾᠂ ︽ᠤᠪᠤᠭ᠎ᠠ ᠰᠡᠷᠬᠦᠭᠡᠬᠦ︾᠂ ︽ᠳᠠᠬᠢᠯ ᠡᠷᠬᠦᠬᠦ︾᠂ ︽ᠰᠠᠴᠤᠯᠢ | ᠡᠷᠬᠦᠬᠦ︾᠂ ︽ᠴᠤᠩᠬᠢᠷ ᠡᠷᠬᠦᠬᠦ︾᠂ ︽ᠶᠠᠠᠵᠢᠪ ᠳᠠᠶᠠᠯᠠᠬᠤ︾ ᠮᠡᠳᠤ ᠳᠠᠰ ᠳᠠᠷᠠᠭ᠎ᠠ ᠲᠠᠢ ᠤᠢᠢᠯᠡ ᠠᠵᠢᠯᠯᠠᠭ᠎ᠠ | ᠶᠠᠪᠤᠭᠤᠯᠳᠠᠭ ᠪᠦᠭᠡᠳ ᠳᠡᠷᠡ ᠳᠠᠰ ᠳᠠᠷᠠᠭᠠᠨ ᠳᠤᠨᠢ ᠤᠩᠰᠢᠭᠳᠠᠬᠤ ᠨᠤᠮ ᠰᠤᠳᠤᠷ ᠲᠠᠢ᠃ ᠳᠡᠭᠡᠬᠦ ᠳᠡᠭᠡᠨ | ᠤᠪᠤᠭ᠎ᠠ ᠪᠠᠨ ᠡᠷᠬᠢᠵᠦ ᠮᠦᠷᠬᠦᠯ ᠬᠢᠬᠦ ᠦᠶ᠎ᠡ ᠳᠤ ︽ᠬᠠᠨ ᠳᠡᠭᠷᠢ ᠶᠢᠨ ᠤᠷᠤᠢ︾ ᠭᠡᠮᠡᠬᠦ ᠤᠷᠳᠤ ᠶᠢᠨ ᠳᠠᠭᠤᠤ ᠶᠢ | ᠳᠠᠭᠤᠯᠠᠵᠦ ᠡᠷᠬᠢᠳᠡᠭ ᠪᠦᠭᠡᠳ ᠭᠤᠷᠪᠠ ᠭᠤᠷᠪᠠ ᠶᠢᠰᠦᠨ ᠮᠦᠷᠬᠦᠯ ᠬᠢᠳᠡᠭ ᠵᠠᠩᠰᠢᠯ ᠲᠠᠢ ᠶᠤᠮ᠃ ᠭᠡᠶᠢᠮᠤᠷᠢ | ᠳᠠᠬᠢᠵᠦ ᠪᠠᠶᠢᠭ᠎ᠠ ᠳᠠᠬᠢᠯᠭ᠎ᠠ ᠨᠢ ᠭᠡᠤᠭᠡᠨ ᠰᠡᠪᠳᠠᠭ ᠲᠠᠢ ᠭᠠᠵᠠᠷ ᠤᠰᠤᠨ ᠤ ᠳᠠᠬᠢᠯᠭᠠᠨ ᠪᠤᠯᠬᠤ ᠪᠤᠯᠪᠠᠯ ᠳᠡᠡᠳᠡ ᠪᠠᠰᠠ | ︽ᠡᠪᠴᠢᠬᠦᠦ ᠵᠠᠯᠠᠬᠤ︾ ᠪᠠ ︽ᠡᠪᠴᠢᠬᠦᠦ ᠴᠢᠨᠳᠠᠷᠯᠡᠬᠦ︾ ᠶᠤᠰᠤᠯᠠᠯ ᠢ ᠨᠡᠮᠡᠨ ᠤᠢᠢᠯᠡᠳᠳᠡᠭ᠃ | ᠦᠡᠭᠭᠡᠷᠡᠭᠰᠡᠨ ᠳᠤ ᠳᠡᠭᠷᠢ ᠳᠠᠬᠢᠬᠤ ᠤᠪᠤᠭ᠎ᠠ ᠶᠢ ᠠᠷᠪᠠᠨ ᠭᠤᠷᠪᠠ ᠪᠠᠷ ᠪᠤᠰᠬᠠᠳᠠᠭ ᠪᠠᠶᠢᠭᠰᠠᠨ ᠪᠠ ᠨᠢᠭᠡ | ᠭᠤᠤᠯ ᠤᠪᠤᠭ᠎ᠠ ᠶᠢ ᠳᠤᠭᠤᠷᠢᠭᠤᠯᠬᠤ ᠪᠤᠶᠤ ᠲᠦᠷᠪᠡᠨ ᠵᠦᠭ ᠲᠤ ᠴᠢᠭᠯᠡᠬᠦᠯᠵᠦ ᠪᠠᠶᠢᠷᠢᠰᠢᠭᠤᠯᠳᠠᠭ᠃ ᠭᠤᠤᠯ | ᠤᠪᠤᠭ᠎ᠠ ᠶᠢᠨ ᠬᠤᠶᠠᠷ ᠳᠠᠯ᠎ᠠ ᠳᠤ ᠵᠢᠷᠭᠤᠭ᠎ᠠ ᠵᠢᠷᠭᠤᠭ᠎ᠠ ᠪᠠᠷ ᠵᠡᠷᠭᠡᠴᠡᠭᠡ ᠮᠦᠷ ᠢᠶᠠᠷ ᠴᠤᠪᠤᠷᠠᠭᠤᠯᠵᠦ ᠪᠤᠰᠬᠠᠳᠠᠭ᠃ | ᠡᠶᠢᠮᠦ ᠤᠪᠤᠭ᠎ᠠ ᠤᠢᠢᠷᠠᠳ ᠨᠤᠳᠤᠭ ᠤᠨ ᠭᠠᠵᠠᠷ ᠪᠦᠷᠢ ᠳᠤ ᠪᠦᠷ ᠪᠠᠶᠢᠳᠠᠭ ᠪᠦᠭᠡᠳ ᠠᠯᠳᠠᠢ ᠶᠢᠨ ᠠᠷᠪᠠᠨ ᠭᠤᠷᠪᠠᠨ | ᠰᠠᠩ᠂ ᠪᠠᠶ᠋ᠬᠠᠦ᠋ᠡᠳᠤᠷ ᠤᠨ ᠠᠷᠪᠠᠨ ᠭᠤᠷᠪᠠᠨ ᠤᠪᠤᠭ᠎ᠠ᠂ ᠲᠦᠷᠪᠡᠯᠵᠢᠨ ᠤ ᠠᠷᠪᠠᠨ ᠭᠤᠷᠪᠠᠨ ᠤᠪᠤᠭ᠎ᠠ᠂ | ᠬᠦᠡᠭᠬᠦᠰ ᠤᠨ ᠠᠷᠪᠠᠨ ᠭᠤᠷᠪᠠᠨ ᠤᠪᠤᠭ᠎ᠠ᠂ ᠠᠳᠠᠭ᠎ᠠ ᠶᠢᠨ ᠠᠭᠤᠯᠠ ᠶᠢᠨ ᠠᠷᠪᠠᠨ ᠭᠤᠷᠪᠠᠨ ᠤᠪᠤᠭ᠎ᠠ ᠵᠡᠷᠭᠡ ᠪᠦᠷ | ᠡᠶᠢᠮᠦ ᠪᠠᠶᠢᠳᠠᠭ᠃ ᠢᠩᠬᠢᠵᠦ ᠠᠷᠪᠠᠨ ᠭᠤᠷᠪᠠᠨ ᠤᠪᠤᠭ᠎ᠠ ᠳᠤᠭ᠎ᠠ ᠪᠠᠷ ᠳᠤᠭᠳᠠᠭᠠᠵᠦ ᠪᠠᠶᠢᠭ᠎ᠠ ᠶᠠᠪᠤᠳᠠᠯ ᠪᠤᠯᠪᠠᠯ | ᠠᠷᠭ᠎ᠠ ᠪᠢᠯᠢᠭ ᠤᠨ ᠤᠢᠢᠯᠠᠭᠠᠯᠳᠠ ᠪᠤᠶᠤ ᠳᠠᠩ ᠳᠤᠭ᠎ᠠ ᠨᠢ ᠳᠡᠭᠷᠢ ᠶᠢᠨ ᠳᠤᠭ᠎ᠠ ᠪᠠᠶᠢᠵᠦ᠂ ᠬᠤᠤᠰ ᠳᠤᠭ᠎ᠠ ᠨᠢ | ᠭᠠᠵᠠᠷ ᠤᠨ ᠳᠤᠭ᠎ᠠ ᠭᠡᠵᠦ ᠮᠡᠳᠡᠷᠡᠳᠡᠭ ᠵᠢᠷᠤᠬᠠᠢ ᠶᠢᠨ ᠤᠬᠠᠭᠠᠨ ᠤ ᠦᠨᠳᠦᠰᠦᠯᠡᠯ ᠲᠠᠢ ᠪᠠᠶᠢᠳᠠᠭ ᠪᠦᠭᠡᠳ ᠡᠬᠦᠨ ᠤ | ᠤᠯᠠᠮ ᠢᠶᠠᠷ ᠠᠷᠪᠠᠨ ᠭᠤᠷᠪᠠᠨ ᠨᠠᠰᠤᠨ ᠳᠤ ᠨᠢᠭᠡ ᠤᠢ ᠬᠦᠢᠴᠡᠬᠦ᠂ ᠳᠤᠤᠯᠢ ᠳᠤ ᠠᠷᠪᠠᠨ ᠭᠤᠷᠪᠠᠨ ᠪᠠᠭᠠᠳᠤᠷ ᠢ | ᠪᠦᠳᠦᠭᠡᠬᠦ᠂ ᠠᠭᠳᠠ ᠮᠤᠷᠢᠨ ᠤ ᠲᠦᠷᠢ ᠪᠠᠷ ︽ᠠᠷᠪᠠᠨ ᠭᠤᠷᠪᠠᠨ ᠠᠭᠳᠠ ᠶᠢᠨ ᠳᠠᠭᠤᠤ︾ ᠵᠤᠬᠢᠴᠠᠬᠤ ᠮᠡᠳᠤ | ᠰᠤᠶᠤᠯ ᠤᠨ ᠦᠵᠡᠭᠳᠡᠯ ᠪᠤᠢ ᠪᠤᠯᠤᠭᠰᠠᠨ ᠪᠠᠶᠢᠨ᠎ᠠ᠃ ᠡᠶᠢᠮᠦ ᠠᠴᠠ ︽ᠮᠤᠩᠭᠤᠯᠴᠤᠳ ᠤᠨ ᠡᠪᠦᠭᠡ ᠳᠡᠭᠡᠳᠤᠰ | ᠤᠵᠤᠭᠤᠷ ᠠᠴᠠ ᠠᠷᠪᠠᠨ ᠭᠤᠷᠪᠠᠨ ᠭᠡᠰᠡᠨ ᠳᠤᠭ᠎ᠠ ᠶᠢ ᠰᠠᠶᠢᠨ ᠪᠡᠯᠭᠡᠳᠡᠯ ᠤᠨ ᠳᠤᠭ᠎ᠠ ᠪᠠᠷ ᠭᠡᠷᠡᠭᠯᠡᠭᠰᠡᠭᠡᠷ ᠢᠷᠡᠵᠠᠢ᠃ | ᠠᠷᠪᠠᠨ ᠭᠤᠷᠪᠠᠨ ᠤᠪᠤᠭ᠎ᠠ ᠪᠤᠰᠬᠠᠳᠠᠭ ᠨᠢ ᠪᠦᠭᠡ ᠮᠦᠷᠭᠦᠯ ᠤᠨ ᠤᠨ ᠨᠤᠮᠯᠠᠯ ᠢᠶᠠᠷ ︿ᠠᠷᠪᠠᠨ ᠭᠤᠷᠪᠠᠨ ᠠᠳᠠᠭ᠎ᠠ | ᠳᠡᠭᠷᠢ ᠳᠡᠭᠡᠨ ᠳᠠᠬᠢᠯᠭ᠎ᠠ ᠶᠢᠨ ᠮᠠᠠᠳᠠᠯ ᠪᠤᠰᠬᠠᠵᠠᠢ︾ ᠭᠡᠬᠦ ᠪᠤᠶᠤ ᠪᠠᠰᠠ ︿ᠠᠯᠳᠠᠢ ᠭᠡᠨᠳᠡᠢ ᠶᠢᠨ ᠠᠷᠪᠠᠨ ᠭᠤᠷᠪᠠᠨ | ᠤᠩᠭᠤᠳ ᠲᠤ ᠤᠪᠤᠭ᠎ᠠ ᠪᠤᠰᠬᠠᠭᠰᠠᠨ﹀᠂ ︿ᠳᠡᠮᠤᠵᠢᠨ ᠤ ᠠᠷᠪᠠᠨ ᠭᠤᠷᠪᠠᠨ ᠨᠠᠰᠤᠨ ᠠᠴᠠ ᠭᠡᠶᠢᠮᠤᠷᠢ ᠰᠡᠷᠭᠦᠭᠰᠡᠨ﹀ | ᠂ ︿ᠴᠢᠩᠭᠢᠰ ᠬᠠᠭᠠᠨ ᠤ ᠴᠡᠷᠢᠭ ᠤᠨ ᠠᠷᠪᠠᠨ ᠭᠤᠷᠪᠠᠨ ᠬᠦᠷᠢᠶ᠎ᠠ ᠶᠢ ᠳᠤᠷᠠᠰᠬᠠᠭᠰᠠᠨ﹀ ᠭᠡᠬᠦ ᠵᠡᠷᠭᠡ ᠪᠠᠷ | ᠳᠡᠢᠯᠪᠤᠷᠢᠯᠠᠳᠠᠭ ᠪᠠᠶᠢᠨ᠎ᠠ︾ ᠭᠡᠳᠡᠭ ᠭᠡᠵᠤ ᠨᠠᠮᠵᠢᠯ ᠶᠠᠷᠢᠨ᠎ᠡ᠃ | ᠤᠪᠤᠭ᠎ᠠ ᠳᠠᠬᠢᠬᠤ ᠵᠠᠩ ᠤᠢᠢᠯᠡ ᠳᠤ ᠳᠠᠬᠢᠯᠭᠠᠨ ᠤ ᠨᠠᠶᠢᠷ ᠬᠢᠳᠡᠭ ᠤᠳᠤᠮᠰᠢᠯ ᠪᠠᠶᠢᠳᠠᠭ ᠪᠦᠭᠡᠳ | ᠡᠬᠦᠨ ᠳᠤ ᠵᠠᠯᠠᠭᠳᠠᠵᠦ ᠢᠷᠡᠭᠰᠡᠨ ᠡᠯ᠎ᠡ ᠬᠤᠰᠢᠭᠤᠨ ᠤ ᠲᠦᠯᠦᠭᠡᠯᠡᠭᠴᠢᠳ ᠪᠠᠷᠢᠯᠳᠤᠬᠤ ᠪᠦᠭᠡ᠂ ᠤᠷᠤᠯᠳᠤᠬᠤ ᠮᠤᠷᠢ | ᠂ ᠮᠡᠷᠭᠡᠨ ᠬᠠᠷᠪᠤᠭᠠᠴᠢ ᠨᠠᠷ ᠢᠶᠠᠨ ᠳᠠᠭᠠᠭᠤᠯᠤᠨ ᠢᠷᠡᠳᠡᠭ ᠪᠠ ᠳᠠᠬᠢᠯᠭ᠎ᠠ ᠳᠤ ᠵᠤᠷᠢᠭᠤᠯᠤᠨ ᠰᠢᠷ᠎ᠠ ᠳᠤᠯᠤᠭᠠᠢ ᠲᠠᠢ | ᠬᠤᠨᠢᠨ ᠤ ᠪᠦᠬᠦᠯᠢ ᠰᠢᠬᠦᠰᠦ᠂ ᠠᠷᠢᠬᠢ ᠴᠡᠭᠡ ᠪᠠᠨ ᠴᠤ ᠬᠠᠮᠳᠤ ᠠᠪᠴᠤ ᠢᠷᠡᠭᠡᠳ ᠳᠠᠬᠢᠯᠭ᠎ᠠ ᠳᠤ ᠡᠷᠬᠦᠳᠡᠭ᠃ | ᠢᠡᠭᠬᠢᠭᠡᠳ ᠬᠠᠮᠤᠭ ᠳᠡᠷᠢᠬᠦᠨ ᠳᠤ ᠨᠤᠮ ᠤᠩᠰᠢᠬᠤ ᠪᠤᠶᠤ ᠰᠠᠴᠤᠯᠢ ᠶᠢᠨ ᠪᠢᠴᠢᠭ ᠤᠩᠰᠢᠵᠦ ᠭᠠᠵᠠᠷ ᠤᠰᠤᠨ ᠤ | ᠨᠠᠪᠳᠠᠭ ᠰᠠᠪᠳᠠᠭ ᠲᠤ ᠡᠷᠬᠦᠳᠡᠭ ᠪᠠ ᠳᠡᠬᠦᠨ ᠤ ᠳᠠᠷᠠᠭ᠎ᠠ ᠪᠠᠷ ᠡᠯ᠎ᠠ ᠰᠤᠮᠤᠨ ᠤ ᠨᠤᠷᠭᠤᠨ ᠤ ᠬᠦᠮᠦᠰ ᠠᠪᠴᠤ | ᠢᠷᠡᠭᠰᠡᠨ ᠮᠢᠬ᠎ᠠ᠂ ᠴᠠᠭᠠᠨ ᠢᠳᠡᠭᠡ᠂ ᠠᠷᠢᠬᠢ ᠴᠡᠭᠡ ᠶᠢ ᠡᠷᠬᠢᠭᠦᠯᠦᠨ ᠲᠦᠭᠡᠭᠡᠵᠦ ᠠᠮᠰᠠᠭᠤᠯᠳᠠᠭ᠃ ᠳᠡᠭᠡᠬᠦ ᠳᠡᠭᠡᠨ | ᠤᠪᠤᠭ᠎ᠠ ᠶᠢᠨ ᠳᠠᠬᠢᠯᠭ᠎ᠠ ᠳᠤ ᠵᠤᠷᠢᠭᠤᠯᠵᠦ ᠭᠠᠷᠭᠠᠭᠰᠠᠨ ᠮᠠᠯ ᠤᠨ ᠮᠢᠬ᠎ᠠ ᠪᠤᠶᠤ ᠳᠡᠭᠷᠢ᠂ ᠭᠠᠵᠠᠷ᠂ ᠯᠤᠤᠰ ᠤᠨ | ᠡᠵᠡᠳ ᠲᠤ ᠡᠷᠬᠦᠭᠰᠡᠨ ᠳᠡᠭᠡᠵᠢ ᠶᠢᠨ ᠮᠢᠬ᠎ᠠ ᠶᠢ ︽ᠴᠤᠩᠬᠢᠷ︾ ᠭᠡᠳᠡᠭ ᠨᠢ ᠲᠦᠪᠡᠳ ᠭᠠᠷᠤᠯ ᠲᠠᠢ ᠦᠭᠡ ᠪᠠᠶᠢᠵᠦ | ︽ᠴᠢᠭᠤᠯᠭᠠᠨ ᠤ ᠳᠠᠬᠢᠯᠭ᠎ᠠ ᠶᠢᠨ ᠬᠦᠷᠳᠤ᠂ ᠴᠢᠭᠤᠯᠭᠠᠨ ᠤ ᠬᠤᠷᠢᠮ᠂ ᠳᠡᠭᠷᠢ᠂ ᠭᠠᠵᠠᠷ᠂ ᠯᠤᠤᠰ ᠤᠨ ᠡᠵᠡᠳ ᠲᠤ | ᠵᠤᠷᠢᠭᠤᠯᠤᠭᠰᠠᠨ ᠢᠳᠡᠭᠡ ᠳᠠᠬᠢᠯ ︾ ᠢ ᠵᠢᠭᠠᠳᠠᠭ᠃ ᠤᠪᠤᠭ᠎ᠠ ᠶᠢᠨ ᠳᠠᠬᠢᠯᠭ᠎ᠠ ᠳᠤ ᠶᠠᠮᠠᠷ ᠨᠢᠭᠡᠨ ᠰᠢᠯᠳᠠᠭᠠᠨ ᠠᠴᠠ | ᠪᠤᠯᠵᠦ ᠢᠷᠡᠵᠦ ᠴᠢᠳᠠᠭᠰᠠᠨ ᠦᠭᠡᠢ ᠬᠦᠮᠦᠨ ᠪᠠᠶᠢᠪᠠᠯ ᠢᠷᠡᠵᠦ ᠤᠷᠤᠯᠴᠠᠭᠰᠠᠨ ᠭᠡᠷ ᠤᠨ ᠬᠦᠮᠦᠰ ᠳᠠᠬᠢᠯᠭ᠎ᠠ ᠶᠢᠨ | ᠢᠳᠡᠭᠡᠨ ᠠᠴᠠ ᠪᠠᠭ᠎ᠠ ᠠᠪᠴᠤ ᠬᠠᠷᠢᠭᠠᠳ ᠠᠮᠰᠠᠭᠤᠯᠳᠠᠭ᠃ ᠡᠬᠦᠨ ᠤ ᠳᠠᠷᠠᠭ᠎ᠠ ᠪᠠᠷ ᠠᠬ᠎ᠠ ᠵᠠᠬ᠎ᠠ ᠬᠦᠮᠦᠰ ᠲᠤ | ᠠᠷᠢᠬᠢ ᠴᠡᠭᠡ ᠪᠠᠷ ᠰᠦ ᠡᠷᠬᠦᠬᠦ ᠶᠤᠰᠤᠯᠠᠯ ᠶᠠᠪᠤᠭᠤᠯᠵᠦ ᠡᠬᠢᠯᠡᠳᠡᠭ ᠪᠦᠭᠡᠳ ᠵᠠᠯᠭᠠᠯᠳᠤᠭᠤᠯᠤᠨ ᠨᠤᠮᠤ ᠰᠤᠮᠤ | ᠬᠠᠷᠪᠤᠬᠤ᠂ ᠪᠦᠭᠡ ᠪᠠᠷᠢᠯᠳᠤᠬᠤ ᠮᠦᠷᠦ᠋ᠢᠴᠡᠭᠡᠨ ᠶᠠᠪᠤᠭᠳᠠᠳᠠᠭ ᠪᠠ ᠬᠠᠮᠤᠭ ᠰᠡᠬᠦᠯ ᠳᠤᠨᠢ ᠮᠤᠷᠢ ᠤᠷᠤᠯᠳᠤᠬᠤ | ᠮᠦᠷᠦ᠋ᠢᠴᠡᠭᠡᠨ ᠶᠠᠪᠤᠭᠳᠠᠳᠠᠭ᠃ | ᠨᠠᠮᠵᠢᠯ ᠭᠤᠸᠠᠢ ᠶᠢᠨ ᠦᠷᠬᠦᠯᠵᠢᠯᠠᠨ ᠶᠠᠷᠢᠬᠰᠠᠨ ᠢ ᠳᠡᠮᠳᠡᠭᠯᠡᠪᠡᠰᠦ᠄ ᠦᠡᠭᠭᠡᠷᠡᠭᠰᠡᠨ ᠳᠤ ᠠᠶᠢᠮᠠᠭ ᠤᠨ | ᠤᠪᠤᠭ᠎ᠠ ᠪᠤᠶᠤ ᠳᠡᠬᠦᠨ ᠠᠴᠠ ᠳᠡᠭᠡᠭᠰᠢᠬᠢ ᠲᠦᠷᠦ ᠶᠢᠨ ᠤᠪᠤᠭ᠎ᠠ ᠳᠠᠬᠢᠬᠤ ᠳᠤ ᠬᠤᠰᠠᠷᠠᠩ ᠭᠡᠬᠦᠦ ᠪᠤᠶᠤ ᠰᠤᠪᠠᠢ | ᠭᠡᠬᠦᠦ ᠠᠯᠠᠵᠦ ᠳᠠᠬᠢᠳᠠᠭ ᠪᠠᠶᠢᠭᠰᠠᠨ ᠤᠯᠠᠮᠵᠢᠯᠠᠯ ᠤᠳᠤ ᠬᠠᠶᠠ ᠵᠠᠷᠢᠮ ᠨᠤᠳᠤᠭ ᠲᠤ ᠦᠯᠡᠳᠡᠭᠰᠡᠨ ᠪᠠᠶᠢᠳᠠᠭ᠃ | ᠤᠳᠤ ᠪᠤᠯᠪᠠᠯ ᠤᠯᠠᠩᠭᠢ ᠳᠠᠭᠠᠨ ᠰᠢᠷ᠎ᠠ ᠳᠤᠯᠤᠭᠠᠢ ᠲᠠᠢ ᠬᠤᠨᠢ ᠶᠢ ᠦᠷᠦᠴᠡᠯᠡᠵᠦ ᠠᠯᠠᠭᠠᠳ ᠳᠡᠬᠦᠨ ᠤ ᠤᠭᠤᠴᠠ | ᠳᠤᠯᠤᠭᠠᠢ ᠶᠢ ᠳᠡᠭᠡᠵᠢ ᠪᠤᠯᠭᠠᠨ ᠤᠪᠤᠭᠠᠨ ᠳᠤ ᠡᠷᠬᠦᠳᠡᠭ ᠪᠤᠯᠤᠭᠰᠠᠨ ᠶᠤᠮ᠃ ᠭᠡᠬᠦ ᠳᠡᠭᠡᠨ ︽ᠴᠠᠭ᠎ᠠ ᠪᠠᠷ ᠳᠠᠬᠢᠬᠤ︾ | ᠤᠯᠠᠮᠵᠢᠯᠠᠯ ᠤᠳᠤ ᠬᠦᠷᠳᠡᠯ᠎ᠠ ᠮᠦᠨ ᠤᠯᠠᠮᠵᠢᠯᠠᠭᠳᠠᠭᠰᠠᠭᠠᠷ᠃ | ᠳᠠᠬᠢᠯᠭᠠᠨ ᠤ ᠶᠤᠰᠤᠯᠠᠯ ᠳᠡᠬᠦᠰᠬᠦ ᠳᠤ ᠬᠤᠰᠢᠭᠤᠨ ᠰᠤᠮᠤᠨ ᠤ ᠳᠠᠯ᠎ᠠ ᠠᠴᠠ ᠮᠦᠷᠦ᠋ᠢᠴᠡᠭᠡᠨ ᠤ ᠳ᠋ᠦᠩ ᠳᠤ | ᠦᠵᠤᠭᠦᠷᠯᠡᠭᠰᠡᠨ ᠪᠦᠭᠡᠴᠢᠨ᠂ ᠰᠭᠠᠠᠳᠠᠭᠴᠢᠨ ᠪᠤᠯᠤᠨ ᠤᠷᠤᠯᠳᠤᠭᠠᠨ ᠮᠤᠷᠢᠨ ᠤ ᠡᠵᠡᠨ ᠳᠤ ᠱᠠᠩ ᠤᠯᠭᠤᠳᠠᠭ᠃ | ᠳᠡᠭᠡᠬᠦ ᠳᠡᠭᠡᠨ ᠮᠠᠩᠯᠠᠢ ᠪᠦᠭᠡ ᠳᠤ ᠮᠠᠩᠨᠠᠢ ᠳᠤᠨᠢ ᠰᠢᠷ᠎ᠠ ᠳᠤᠰᠤ ᠲᠦᠷᠬᠢᠵᠦ᠂ ᠰᠠᠭᠠᠳᠠᠭᠴᠢ ᠶᠢᠨ ᠰᠠᠭᠠᠳᠠᠭ ᠲᠤ ᠮᠦᠨ | ᠰᠢᠷ᠎ᠠ ᠳᠤᠰᠤ ᠲᠦᠷᠬᠢᠳᠡᠭ ᠪᠠ ᠲᠡᠷᠢᠭᠦᠯᠡᠭᠰᠡᠨ ᠠᠭᠳᠠ ᠳᠤ ᠬᠠᠵᠠᠭᠠᠷ ᠨᠤᠭᠳᠤ ᠠᠴᠠ ᠨᠢ ᠬᠠᠳᠠᠭ ᠠᠯᠴᠢᠭᠤᠷ | ᠤᠶᠠᠵᠦ ᠳᠤᠰ ᠳᠤᠰ ᠤᠯᠬᠤ ᠵᠦᠢᠳᠡᠢ ᠪᠤᠳᠠᠰ ᠤᠨ ᠱᠠᠩ ᠤᠯᠭᠤᠳᠠᠭ᠃ ᠢᠡᠭᠭᠢᠭᠡᠳ ᠳᠠᠭᠤᠤ ᠳᠠᠭᠤᠯᠠᠵᠦ | ᠨᠠᠶᠢᠷ ᠤᠨ ᠪᠦᠬᠦ ᠶᠤᠰᠤᠯᠠᠯ ᠦᠨᠳᠦᠷᠯᠡᠵᠦ ᠤᠪᠤᠭᠠᠨ ᠠᠴᠠ ᠠᠶᠠᠷᠯᠠᠨ ᠬᠠᠷᠢᠵᠠᠭᠠᠳᠠᠭ ᠪᠠᠶᠢᠨ᠎ᠠ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ |