ᠭᠡᠷ ᠪᠦᠯᠢ ᠶᠢᠨ ᠬᠦᠮᠦᠵᠢᠯ ᠪᠤᠯ ᠬᠡᠦᠬᠡᠳ ᠤᠨ ᠠᠩᠬᠠᠨ ᠤ ᠬᠢᠴᠢᠶᠡᠯ
ᠨᠡᠶᠢᠲᠡᠯᠡᠭᠰᠡᠨ ᠴᠠᠭ᠄
2020/12/17
     ᠡᠴᠢᠭᠡ ᠡᠬᠡ ᠪᠤᠯᠤᠭᠰᠠᠳ ᠬᠡᠦᠬᠡᠳ ᠢᠶᠠᠨ ᠦᠰᠭᠡᠵᠦ ᠬᠦᠮᠦᠵᠢᠭᠦᠯᠦᠨ᠂ ᠬᠡᠦᠬᠡᠳ ᠤᠨ ᠦᠰᠦᠨ ᠪᠤᠶᠢᠵᠢᠯᠲᠠ ᠶᠢᠨ ᠱᠠᠲᠤ ᠦᠶ᠎ᠡ ᠳᠤ ᠭᠦᠢᠴᠡᠳ ᠴᠠᠭ ᠵᠠᠷᠤᠴᠠᠭᠤᠯᠤᠨ ᠬᠠᠷᠠᠭᠠᠯᠵᠠᠵᠤ᠂ ᠡᠯᠢᠭᠡᠰᠡᠭ ᠳᠤᠳᠤᠨᠤ ᠬᠠᠶᠢᠷ᠎ᠠ ᠬᠠᠯᠠᠮᠵᠢᠯᠠᠯ ᠬᠦᠷᠲᠡᠭᠡᠬᠦ ᠨᠢ ᠲᠡᠳᠡᠭᠡᠷ ᠤᠨ ᠲᠦᠯᠬᠢᠰᠢ ᠦᠬᠡᠢ ᠬᠠᠷᠢᠭᠤᠴᠠᠯᠭ᠎ᠠ ᠪᠤᠯᠬᠤ ᠶᠤᠮ᠃ ᠡᠴᠢᠭᠡ ᠡᠬᠡ ᠶᠢᠨ ᠨᠦᠯᠦᠭᠡᠯᠡᠯ ᠪᠤᠯ ᠠᠯᠢᠪᠠ ᠰᠤᠷᠭᠠᠨ ᠬᠦᠮᠦᠵᠢᠯ ᠤᠨ ᠡᠬᠢᠯᠡᠯᠲᠡ ᠪᠠᠶᠢᠵᠤ᠂ ᠮᠦᠨ ᠴᠦ ᠬᠡᠦᠬᠡᠳ ᠤᠨ ᠨᠡᠶᠢᠭᠡᠮ ᠤᠨ ᠠᠮᠢᠳᠤᠷᠠᠯ ᠳᠤ ᠤᠷᠤᠯᠴᠠᠬᠤ ᠶᠢᠨ ᠡᠬᠢᠨ ᠤ ᠭᠠᠷᠤᠭ᠎ᠠ ᠪᠤᠯᠬᠤᠷ ᠰᠢᠯᠢᠳᠡᠭ ᠰᠠᠶᠢᠨ ᠭᠡᠷ ᠪᠦᠯᠢ ᠶᠢᠨ ᠬᠡᠪ ᠰᠤᠷᠲᠠᠯ ᠨᠢ ᠬᠡᠦᠬᠡᠳ ᠤᠨ ᠤᠶᠤᠨ ᠤᠬᠠᠭᠠᠨ ᠤ ᠬᠦᠮᠦᠵᠢᠯ ᠤᠨ ᠦᠩ ᠰᠢᠮᠡᠯᠢᠭ ᠬᠦᠷᠦᠰᠦ ᠰᠢᠷᠤᠢ ᠪᠤᠯᠳᠠᠭ᠃      ︽ᠭᠡᠷ ᠪᠦᠯᠢ ᠪᠤᠯ ᠬᠦᠮᠦᠨ ᠤ ᠠᠮᠢᠳᠤᠷᠠᠯ ᠤᠨ ᠠᠩᠬᠠᠨ ᠤ ᠬᠢᠴᠢᠶᠡᠯ ᠪᠠᠶᠢᠵᠤ᠂ ᠡᠴᠢᠭᠡ ᠡᠬᠡ ᠨᠢ ᠬᠡᠦᠬᠡᠳ ᠤᠨ ᠠᠩᠬᠠᠨ ᠤ ᠪᠠᠭᠰᠢ ᠪᠠᠶᠢᠳᠠᠭ︾ ᠭᠡᠵᠦ ᠶᠡᠷᠦᠩᠬᠡᠢ ᠱᠦᠵᠢ ᠬᠦᠷᠳᠡᠯ᠎ᠡ ᠴᠢᠬᠤᠯᠠᠴᠢᠯᠠᠵᠤ ᠦᠩᠬᠡᠷᠡᠭᠰᠡᠨ ᠶᠤᠮ᠃ ᠡᠨᠡ ᠵᠢᠯ ᠤᠨ ᠪᠦᠬᠦ ᠤᠯᠤᠰ ᠤᠨ ᠬᠤᠶᠠᠷ ᠬᠤᠷᠠᠯ ᠳᠤ ᠬᠡᠷ ᠪᠦᠯᠢ ᠶᠢᠨ ᠬᠦᠮᠦᠵᠢᠯ ᠴᠤ ᠲᠦᠯᠦᠬᠡᠯᠡᠭᠴᠢ ᠬᠡᠰᠢᠬᠦᠳ ᠤᠨ ᠠᠩᠬᠠᠷᠤᠯ ᠳᠤ ᠬᠦᠷᠴᠦ ᠪᠠᠶᠢᠯ᠎ᠠ᠃ ᠪᠦᠬᠦ ᠤᠯᠤᠰ ᠤᠨ ᠠᠷᠠᠳ ᠤᠨ ᠲᠦᠯᠦᠬᠡᠯᠡᠭᠴᠢ᠂ ᠮᠠᠨ ᠤ ᠤᠷᠤᠨ ᠤ ᠪᠠᠭᠰᠢ ᠨᠠᠷᠠᠨᠳᠤᠶᠠᠭ᠎ᠠ ᠬᠡᠷ ᠪᠦᠯᠢ ᠶᠢᠨ ᠬᠦᠮᠦᠵᠢᠯ ᠢ ᠦᠨᠳᠦᠰᠦᠨ ᠤᠯᠠᠨ ᠨᠡᠶᠢᠳᠡ ᠶᠢᠨ ᠦᠢᠯᠡᠴᠢᠯᠡᠬᠡᠨ ᠤ ᠰᠢᠰᠲ᠋ᠧᠮ ᠳᠤ ᠤᠷᠤᠭᠤᠯᠪᠠᠯ ᠵᠤᠬᠢᠨ᠎ᠠ᠂ ᠪᠦᠬᠦ ᠤᠯᠤᠰ ᠤᠨ ᠤᠯᠤᠰ ᠲᠦᠷᠦ ᠶᠢᠨ ᠵᠦᠪᠯᠡᠯᠬᠡᠨ ᠤ ᠬᠡᠰᠢᠬᠦᠨ ᠰᠢᠶᠧ ᠸᠧᠨ ᠮᠢᠨ ᠬᠡᠷ ᠪᠦᠯᠢ ᠶᠢᠨ ᠬᠦᠮᠦᠵᠢᠯ ᠨᠢ ᠬᠡᠷ ᠪᠦᠯᠢ ᠶᠢᠨ ᠯᠡ ᠶᠠᠪᠤᠳᠠᠯ ᠪᠢᠰᠢ᠂ ᠬᠠᠤᠯᠢ ᠳᠤᠭᠳᠠᠭᠠᠬᠤ ᠴᠢᠬᠤᠯᠠ ᠲᠠᠢ ᠬᠡᠵᠦ ᠰᠠᠨᠠᠯ ᠰᠠᠨᠠᠭᠤᠯᠭ᠎ᠠ ᠳᠡᠪᠰᠢᠬᠦᠯᠵᠦ ᠪᠠᠶᠢᠯ᠎ᠠ᠃ ᠬᠡᠳᠡᠯ᠎ᠡ᠂ ᠮᠠᠨ ᠤ ᠤᠳᠤᠬᠢ ᠪᠠᠶᠢᠳᠠᠯ ᠠᠴᠠ ᠦᠵᠡᠬᠦ ᠳᠤ᠂ ᠤᠯᠠᠩᠬᠢ ᠲᠤᠭᠠᠨ ᠤ ᠡᠴᠢᠭᠡ ᠡᠬᠡ ᠪᠤᠯᠤᠭᠰᠠᠳ᠂ ᠬᠡᠦᠬᠡᠳ ᠤᠨ ᠬᠦᠮᠦᠵᠢᠯ ᠤᠨ ᠳᠤᠬᠠᠢ ᠳᠤᠷᠰᠢᠯᠭ᠎ᠠ ᠮᠡᠬᠦᠰ ᠪᠠᠶᠢᠵᠤ᠂ ᠬᠡᠦᠬᠡᠳ ᠢᠶᠠᠨ ᠰᠤᠷᠭᠠᠭᠤᠯᠢ ᠳᠤ ᠬᠦᠷᠭᠡᠴᠢᠭᠡᠪᠡᠯ ᠳᠠᠷᠤᠢ ᠪᠠᠭᠰᠢ ᠠᠴᠠ ᠰᠤᠷᠭᠠᠨ ᠬᠦᠮᠦᠵᠢᠭᠦᠯᠬᠦ ᠡᠭᠦᠷᠭᠡ ᠬᠠᠷᠢᠭᠤᠴᠠᠯᠭ᠎ᠠ ᠶᠢ ᠪᠦᠬᠦᠨ ᠢ ᠡᠭᠦᠷᠭᠡᠯᠡᠬᠦ ᠶᠤᠰᠤᠲᠠᠢ ᠪᠠᠶᠢᠵᠤ᠂ ᠪᠠᠭᠰᠢ ᠶᠢ ᠬᠡᠦᠬᠡᠳ ᠤᠨ ᠢᠶᠠᠨ ᠰᠤᠷᠤᠯᠭ᠎ᠠ ᠠᠮᠢᠳᠤᠷᠠᠯ ᠤᠨ ᠡᠯ᠎ᠡ ᠲᠠᠯ᠎ᠠ ᠳᠠᠬᠢ ︽ᠬᠠᠮᠢᠶᠠᠷᠤᠭᠴᠢ︾ ᠬᠡᠵᠦ ᠪᠤᠳᠤᠵᠤ᠂ ᠶᠠᠭᠤ ᠪᠦᠬᠦᠨ ᠢ ᠪᠠᠭᠰᠢ ᠳᠤ ᠨᠠᠶᠢᠳᠠᠳᠠᠭ ᠃ ᠭᠡᠪᠡᠴᠦ ᠰᠢᠯᠢᠳᠡᠭ ᠰᠠᠶᠢᠨ ᠭᠡᠷ ᠪᠦᠯᠢ ᠶᠢᠨ ᠰᠤᠷᠭᠠᠯ ᠬᠦᠮᠦᠵᠢᠯ ᠪᠤᠯᠤᠨ ᠬᠡᠪ ᠰᠤᠷᠲᠠᠯ ᠨᠢ ᠭᠡᠷ ᠪᠦᠯᠢ ᠶᠢᠨ ᠦᠪᠡᠷᠮᠢᠴᠡ ᠤᠨᠴᠠᠯᠢᠭ ᠪᠦᠬᠦᠢ ᠶᠤᠰᠤ ᠰᠤᠷᠲᠠᠬᠤᠨ ᠢ ᠪᠤᠢ ᠪᠤᠯᠭᠠᠵᠤ᠂ ᠬᠡᠦᠬᠡᠳ ᠤᠳ ᠶᠢᠷᠲᠢᠨᠴᠦ ᠶᠢᠨ ᠶᠤᠰᠤ ᠤᠴᠢᠷ ᠢ ᠤᠬᠠᠵᠤ ᠮᠡᠳᠡᠬᠦ ᠠᠴᠠ ᠮᠤᠷᠠᠯ ᠡᠷᠳᠡᠮ ᠬᠤᠤᠰᠯᠠᠭᠰᠠᠨ ᠬᠡᠪ ᠪᠤᠯᠪᠠᠰᠤᠷᠠᠯ ᠲᠠᠢ ᠪᠤᠯᠵᠤ ᠬᠦᠮᠦᠵᠢᠭᠳᠡᠬᠦ ᠳᠤ ᠭᠡᠷ ᠪᠦᠯᠢ ᠶᠢᠨ ᠦᠩ ᠰᠢᠮᠡᠯᠢᠭ ᠬᠦᠷᠦᠰᠦᠨ ᠳᠤ ᠲᠤᠮᠤᠭᠠᠵᠢᠨ ᠪᠤᠶᠢᠵᠢᠳᠠᠭ ᠭᠡᠳᠡᠭ ᠢ ᠪᠢᠳᠡ ᠬᠦᠨ ᠤᠬᠠᠬᠤ ᠶᠤᠰᠤᠳᠠᠢ᠃ ᠴᠡᠬᠡᠵᠢᠯᠡᠵᠦ ᠪᠠᠶᠢᠬᠤ ᠪᠠᠷ᠂ ᠶᠠᠭ ᠨᠢᠭᠡᠨ ᠪᠠᠶᠠᠯᠢᠭ ᠲᠤᠷᠰᠢᠯᠭ᠎ᠠ ᠪᠦᠬᠦᠢ ᠠᠩᠭᠢ ᠶᠢᠨ ᠡᠷᠬᠢᠯᠡᠭᠴᠢ ᠪᠠᠭᠰᠢ ᠶᠢᠨ ᠶᠠᠷᠢᠭᠰᠠᠨ ᠰᠢᠬ ᠢᠶᠠᠷ᠄ ︽ᠭᠡᠷ ᠪᠦᠯᠢ ᠪᠤᠯᠤᠨ ᠰᠤᠷᠭᠠᠭᠤᠯᠢ ᠬᠡᠳᠦᠢ ᠰᠠᠶᠢᠨ ᠬᠠᠮᠵᠢᠯᠴᠠᠵᠤ ᠴᠢᠳᠠᠪᠠᠯ ᠰᠤᠷᠭᠠᠨ ᠬᠦᠮᠦᠵᠢᠯ ᠳᠠᠷᠤᠢ ᠲᠡᠳᠦᠢ ᠠᠮᠵᠢᠯᠲᠠ ᠳᠤ ᠬᠦᠷᠴᠦ ᠴᠢᠳᠠᠳᠠᠭ᠃ ᠬᠠᠮᠤᠭ ᠰᠢᠯᠢᠳᠡᠭ ᠰᠤᠷᠭᠠᠨ ᠬᠦᠮᠦᠵᠢᠯ ᠨᠢ ᠶᠤᠰᠤᠨ ᠳᠠᠭᠠᠨ ᠭᠡᠷ ᠤᠨ ᠠᠬᠠᠮᠠᠳ ᠪᠠᠭᠰᠢ ᠶᠢ ᠳᠡᠮᠵᠢᠵᠦ᠂ ᠪᠠᠭᠰᠢ ᠠᠴᠠ ᠭᠡᠷ ᠤᠨ ᠠᠬᠠᠮᠠᠳ ᠲᠠᠢ ᠬᠠᠮᠵᠢᠯᠴᠠᠨ᠂ ᠪᠠᠭᠰᠢ ᠪᠤᠯᠤᠨ ᠭᠡᠷ ᠤᠨ ᠠᠬᠠᠮᠠᠳ ᠬᠠᠮᠲᠤ ᠪᠠᠷ ᠬᠡᠦᠬᠡᠳ ᠤᠨ ᠦᠰᠦᠨ ᠪᠤᠶᠢᠵᠢᠯᠳᠠ ᠶᠢ ᠵᠢᠯᠤᠭᠤᠳᠤᠪᠠᠯ ᠵᠤᠬᠢᠨ᠎ᠠ︾ ᠬᠡᠳᠡᠭ ᠨᠢ ᠮᠠᠰᠢ ᠵᠦᠢ ᠵᠤᠬᠢᠰᠳᠠᠢ ᠪᠢᠯᠡ᠃      ᠭᠡᠷ ᠪᠦᠯᠢ ᠪᠤᠯ ᠬᠡᠦᠬᠡᠳ ᠤᠨ ᠠᠩᠬᠠᠨ ᠤ ᠰᠤᠷᠭᠠᠭᠤᠯᠢ᠂ ᠡᠴᠢᠭᠡ ᠡᠬᠡ ᠪᠤᠯ ᠬᠡᠦᠬᠡᠳ ᠤᠨ ᠠᠩᠬᠠᠨ ᠤ ᠪᠠᠭᠰᠢ ᠬᠡᠳᠡᠭ᠃ ᠭᠡᠷ ᠪᠦᠯᠢ ᠶᠢᠨ ᠬᠦᠮᠦᠵᠢᠯ ᠬᠡᠭᠴᠢ ᠭᠡᠷ ᠤᠨ ᠠᠬᠠᠮᠠᠳ ᠤᠨ ᠦᠬᠡ ᠶᠠᠷᠢᠶ᠎ᠠ᠂ ᠦᠢᠯᠡ ᠬᠦᠳᠡᠯᠦᠯ ᠪᠦᠬᠦᠨ ᠴᠢᠨᠢ ᠴᠠᠭ ᠮᠦᠴᠡ ᠦᠬᠡᠢ ᠬᠡᠦᠬᠡᠳ ᠢᠶᠠᠨ ᠨᠦᠯᠦᠬᠡᠯᠡᠵᠦ ᠪᠠᠶᠢᠳᠠᠭ ᠰᠢᠤ︕ ᠳᠡᠬᠡᠬᠦ ᠪᠠᠷ ᠢᠶᠠᠨ᠂ ᠡᠴᠢᠬᠡ ᠡᠬᠡ ᠪᠤᠯᠤᠭᠰᠠᠳ ᠬᠡᠦᠬᠡᠳ ᠲᠡᠭᠡᠨ ᠠᠴᠢ ᠡᠨᠡᠷᠢᠯ ᠢ ᠮᠡᠳᠡᠬᠦᠯᠬᠦ᠂ ᠦᠭᠡᠷ᠎ᠡ ᠪᠤᠰᠤᠳ ᠢ ᠬᠦᠨᠳᠦᠳᠬᠡᠨ ᠬᠠᠶᠢᠷᠠᠯᠠᠬᠤ᠂ ᠶᠤᠰᠤ ᠨᠤᠮ ᠲᠠᠢ ᠶᠠᠪᠤᠬᠤ ᠶᠢ ᠵᠢᠭᠠᠵᠤ ᠮᠡᠳᠡᠬᠦᠯᠬᠦ ᠪᠤᠯ ᠡᠴᠢᠬᠡ ᠡᠬᠡ ᠶᠢᠨ ᠨᠠᠭᠠᠳᠤ ᠵᠠᠬ᠎ᠠ ᠶᠢᠨ ᠬᠠᠷᠢᠭᠤᠴᠠᠯᠭ᠎ᠠ ᠪᠤᠯᠤᠨ᠎ᠠ᠃ ᠪᠢᠳᠡ ᠦᠯᠢᠳᠬᠡᠬᠡᠳ ᠶᠠᠷᠢᠬᠤ ᠳᠤ᠂ ᠭᠡᠷ ᠪᠦᠯᠢ ᠨᠢ ᠶᠠᠭ ᠤᠷᠭᠤᠮᠠᠯ ᠤᠨ ᠦᠨᠳᠦᠰᠦ ᠰᠢᠭ ᠪᠠᠶᠢᠵᠤ᠂ ᠦᠨᠳᠦᠰᠦ ᠨᠢ ᠢᠳᠡ ᠰᠠᠶᠢᠲᠠᠢ ᠪᠤᠯ ᠰᠠᠶᠢ ᠰᠠᠯᠠᠭ᠎ᠠ ᠨᠠᠮᠠᠭ᠎ᠠ ᠨᠢ ᠢᠭᠴᠤ ᠰᠠᠬᠤᠯᠢᠭ ᠪᠠᠶᠢᠵᠤ᠂ ᠴᠡᠴᠡᠭ ᠳᠡᠯᠭᠡᠷᠡᠨ ᠵᠢᠮᠢᠰ ᠰᠠᠭᠤᠳᠠᠭ ᠶᠤᠮ᠃ ᠰᠢᠯᠢᠳᠡᠭ ᠰᠠᠶᠢᠨ ᠰᠤᠷᠭᠠᠨ ᠬᠦᠮᠦᠵᠢᠯ ᠨᠢ ᠮᠦᠨ ᠴᠦ ᠰᠢᠯᠢᠳᠡᠭ ᠰᠠᠶᠢᠨ ᠭᠡᠷ ᠪᠦᠯᠢ ᠶᠢᠨ ᠮᠤᠷᠠᠯ ᠰᠤᠷᠲᠠᠬᠤᠨ ᠤ ᠬᠦᠮᠦᠵᠢᠯ ᠢᠶᠠᠷ ᠪᠡᠶᠡᠯᠡᠭᠳᠡᠳᠡᠭ ᠤᠴᠢᠷᠳᠠᠢ᠃ ᠡᠶᠢᠮᠦ ᠠᠴᠠ ᠭᠡᠷ ᠤᠨ ᠠᠬᠠᠮᠠᠳ ᠪᠤᠯᠤᠭᠰᠠᠳ ᠡᠩ ᠲᠡᠷᠢᠭᠦᠨ ᠳᠤ ᠭᠡᠷ ᠪᠦᠯᠢ ᠶᠢᠨ ᠰᠤᠷᠭᠠᠨ ᠬᠦᠮᠦᠵᠢᠯ ᠤᠨ ᠰᠢᠨᠵᠢᠯᠡᠬᠦ ᠤᠬᠠᠭᠠᠨᠴᠢ ᠤᠢᠢᠯᠠᠭᠠᠭᠳᠠᠬᠤᠨ ᠪᠠ ᠰᠢᠨ᠎ᠡ ᠮᠡᠳᠡᠯᠭᠡ ᠶᠢ ᠰᠠᠶᠢᠲᠤᠷ ᠰᠤᠷᠤᠯᠴᠠᠨ᠂ ᠦᠪᠡᠷ ᠤᠨ ᠬᠡᠪ ᠪᠤᠯᠪᠠᠰᠤᠷᠠᠯ ᠪᠤᠯᠤᠨ ᠬᠡᠦᠬᠡᠳ ᠢᠶᠠᠨ ᠬᠦᠮᠦᠵᠢᠭᠦᠯᠬᠦ ᠴᠢᠳᠠᠪᠤᠷᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠬᠦ ᠴᠢᠬᠤᠯᠠᠲᠠᠢ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2