ᠮᠤᠩᠭᠤᠯ ᠦᠰᠦᠭ ᠤᠨ ᠢᠷᠡᠯᠳᠠ
ᠨᠡᠶᠢᠲᠡᠯᠡᠭᠰᠡᠨ ᠴᠠᠭ᠄
2020/12/18
   ᠮᠤᠩᠭᠤᠯᠴᠤᠳ ᠪᠤᠰᠤᠭ᠎ᠠ ᠪᠢᠴᠢᠭ ᠲᠡᠭᠡᠨ ᠵᠤᠬᠢᠴᠠᠭᠤᠯᠵᠤ ᠦᠵᠦᠭ ᠭᠡᠷᠡᠭᠯᠡᠵᠤ ᠪᠠᠶᠢᠭᠰᠨᠨ ᠭᠡᠳᠡᠭ ᠢ ᠶᠠᠭᠤᠨ ᠤ ᠡᠮᠤᠨ᠎ᠡ ᠲᠡᠭᠷᠢ ᠰᠢᠳᠤᠯᠭᠡ ᠶᠢᠨ ᠦᠵᠡᠯ ᠠᠴᠠ ᠪᠤᠢ ᠪᠤᠯᠤᠭᠰᠠᠨ ᠪᠤᠰᠤᠭ᠎ᠠ ᠲᠡᠩᠭᠡᠯᠢᠭ ᠤᠨ ᠴᠤᠭᠴᠠᠳᠤ ᠰᠡᠳᠬᠢᠬᠦᠢ ᠠᠴᠠ ᠨᠢ ᠲᠠᠨᠢᠨ ᠮᠡᠳᠡᠷᠠᠵᠤ ᠪᠤᠯᠤᠨ᠎ᠠ᠃ ᠮᠤᠩᠭᠤᠯ ᠦᠰᠦᠭ ᠪᠤᠯ ᠠᠮᠢ ᠲᠠᠢ ᠪᠤᠰᠤᠭ᠎ᠠ ᠴᠤᠭᠴᠨ ᠶᠤᠮ᠃ ᠲᠢᠳᠢᠮ᠂ ᠲᠤᠯᠤᠭᠠᠢ᠂ ᠰᠢᠳᠤ᠂ ᠨᠢᠷᠤᠭᠤ᠂ ᠭᠡᠳᠡᠰᠤ᠂ ᠰᠢᠯᠪᠢ᠂ ᠰᠡᠬᠦᠯ ᠭᠡᠮᠡᠨ ᠠᠮᠢ ᠲᠠᠢ ᠡᠷᠭᠡᠳᠡᠨ ᠢᠶᠠᠷ ᠨᠡᠷᠡᠯᠡᠬᠦ ᠪᠠ ᠲᠡᠭᠡᠷ᠎ᠡ ᠠᠴᠠ ᠲᠤᠷᠤᠭᠰᠢ ᠭᠤᠯᠳᠤ ᠪᠠᠷ ᠪᠢᠴᠢᠵᠤ ᠲᠡᠭᠷᠢ ᠭᠠᠵᠠᠷ ᠬᠦᠮᠤᠨ ᠠᠮᠢᠳᠠᠨ ᠤ ᠨᠢᠭᠡᠳᠤᠯ ᠢ ᠲᠤᠳᠤᠷᠬᠠᠢ ᠢᠯᠡᠷᠭᠡᠶᠢᠯᠠᠵᠤ ᠪᠠᠶᠢᠳᠠᠭ᠃ ᠵᠦᠪᠭᠡᠨ ︽ᠬᠠᠨ︾ ᠭᠡᠳᠡᠭ ᠦᠭᠡ ᠶᠢᠨ ᠡᠷᠳᠡᠨ ᠤ ᠪᠢᠴᠢᠯᠭᠡ ᠪᠠᠷ ᠦᠵᠡᠪᠡᠯ᠂ ᠲᠡᠭᠷᠢ ᠠᠴᠠ ᠤᠯᠪᠠᠭ᠎ᠠ ᠲᠠᠢ ᠡᠨᠡ ᠦᠰᠦᠭ ᠲᠡᠬᠦᠨ ᠤ ︽‍ᠨ︾ ᠭᠡᠰᠡᠨ ᠵᠢᠷᠤᠯᠭᠠᠳᠤ ᠰᠡᠬᠦᠯ ᠢᠶᠠᠷ ᠢᠶᠠᠨ ᠲᠤᠯᠭᠠᠭᠤᠷᠢ ᠪᠤᠯᠭᠠᠵᠤ ᠲᠡᠭᠷᠢ ᠶᠢᠨ ᠪᠤᠱᠤᠭ ᠭᠠᠵᠠᠷ ᠤᠨ ᠡᠰᠢ ᠶᠢ ᠬᠤᠯᠪᠤᠵᠤ ᠪᠠᠶᠢᠬᠤ ᠢᠶᠠᠷ ᠪᠡᠯᠭᠡᠳᠡᠵᠠᠢ᠃ ᠡᠷᠳᠡᠨ ᠤ ᠮᠤᠩᠭᠤᠯ ᠦᠰᠦᠭ ᠤᠨ ᠤᠷᠤᠭᠰᠢ ᠬᠤᠶᠢᠰᠢ ᠪᠢᠴᠢᠭᠳᠡᠬᠦ ᠰᠠᠬᠦᠯ ᠢ ᠴᠦᠮ ᠵᠤᠬᠢᠬᠤ ᠭᠡᠮᠵᠢᠶ᠎ᠡ ᠪᠠᠷ ᠲᠤᠷᠤᠭᠰᠢ ᠰᠤᠩᠭᠠᠨ ᠲᠠᠳᠠᠨ᠎ᠠ᠃ ᠡᠨᠡ ᠢᠯᠡᠷᠭᠡᠶᠢᠯᠡᠯ ᠢ ᠵᠠᠪᠠᠯ ᠬᠠᠳᠠᠭᠤ ᠮᠠᠲ᠋ᠧᠷᠢᠶᠠᠯ ᠢᠶᠠᠷ ᠬᠢᠭᠰᠡᠨ ᠦᠵᠦᠭ ᠢᠶᠠᠷ ᠪᠢᠴᠢᠵᠤ ᠪᠡᠶᠡᠯᠡᠭᠳᠡᠬᠦᠯᠬᠦ ᠶᠢ ᠱᠠᠭᠠᠷᠳᠠᠬᠤ ᠠᠵᠢ᠃ ᠲᠠᠷᠠᠭ᠎ᠠ ᠨᠢ᠂ ᠠᠪᠢᠶᠠᠨ ᠤ ᠲᠡᠮᠳᠡᠭ ᠤᠨ ᠤᠨᠴᠠᠭᠠᠢ ᠰᠤᠩᠭᠤᠯᠳᠠ ᠠᠴᠠ ᠭᠠᠳᠠᠨ᠎ᠠ ᠪᠢᠴᠢᠯᠭᠡ ᠶᠢᠨ ᠭᠡᠯᠪᠡᠷᠢ ᠨᠢ ᠴᠦ ᠤᠳᠤ ᠶᠢᠨ ᠪᠢᠴᠢᠯᠭᠡ ᠠᠴᠠ ᠦᠭᠡᠷ᠎ᠡ ᠦᠨᠳᠤᠰᠤᠨ ᠲᠤᠭᠳᠠᠯᠴᠠᠭ᠎ᠠ ᠲᠠᠢ ᠪᠠᠶᠢᠳᠠᠭ ᠨᠢ ᠦᠵᠦᠭ ᠲᠠᠢ ᠰᠢᠭᠤᠳ ᠬᠤᠯᠪᠤᠭᠳᠠᠯᠳᠠᠢ ᠠᠴᠠ ᠪᠤᠯᠵᠠᠢ᠃ ᠵᠢᠱᠢᠶᠡᠯᠡᠪᠠᠯ᠂ ︽ᠠ᠂ ᠪᠠ᠂ ᠬᠠ᠂ ᠭᠡ᠂ ᠯᠠ᠂ ᠮᠠ᠂ ᠳ᠋ᠠ᠂ ᠵᠠ᠂ ᠢ᠂ ᠤ᠂ ‍ᠠ᠂ ‍ᠪ︾ ᠮᠡᠳᠤ ᠶᠢᠨ ᠦᠰᠦᠭᠯᠡᠪᠤᠷᠢ ᠶᠢ ᠪᠢᠴᠢᠬᠦ ᠠᠷᠭ᠎ᠠ ᠳᠤ ᠠᠴᠤᠭ ᠪᠤᠯ ᠦᠨᠳᠤᠰᠤᠨ ᠳᠡᠭᠡᠨ ᠭᠡᠪᠳᠡᠭᠡ ᠴᠢᠭᠯᠡᠯ ᠳᠤ ᠪᠢᠴᠢᠭᠳᠡᠳᠡᠭ᠂ ︽ᠮᠠ᠂ ᠯᠠ︾ ᠶᠢᠨ ᠭᠡᠵᠢᠭᠡ ᠡᠪᠡᠷ ᠨᠢ ᠴᠦ ᠲᠡᠭᠰᠢ ᠦᠨᠴᠦᠭ ᠲᠠᠢ᠂ ᠤᠨᠴᠠᠭᠠᠶᠢᠯᠠᠨ ︽ ᠶᠢᠨ︾ ᠢ ᠪᠢᠴᠢᠬᠦ ᠳᠤ ᠤᠷᠳᠤ ᠰᠢᠯᠪᠢ ᠶᠢ ᠤᠳᠤ ᠶᠢᠨ ᠮᠡᠳᠤ ᠵᠡᠬᠦᠨ ᠤᠷᠤᠭᠰᠢ ᠭᠤᠯᠭᠤᠭᠤᠯᠬᠤ ᠪᠢᠰᠢ᠂ ᠬᠠᠷᠢᠨ ᠵᠡᠬᠦᠨ ᠲᠠᠰᠢᠭᠤ ᠠᠴᠠ ᠪᠠᠷᠠᠭᠤᠨᠰᠢ ᠦᠭᠡᠳᠡᠯᠡᠬᠦᠯᠦᠨ ᠨᠢᠷᠤᠭᠤ ᠬᠦᠷᠭᠡᠭᠡᠳ᠂ ᠰᠡᠬᠦᠯ ︵ᠤᠷᠬᠢᠴᠨ ᠶᠢ︶ ᠢ ᠨᠢ ᠴᠦ ᠠᠷᠤᠭᠰᠢ ᠤᠷᠬᠢᠬᠤ ᠶᠢ ᠴᠢᠬᠤᠯᠠᠴᠢᠯᠠᠬᠤ ᠪᠢᠰᠢ᠂ ᠬᠠᠷᠢᠨ ᠲᠤᠰ ᠪᠦᠷᠢ ᠲᠤᠷᠤᠭᠰᠢ ᠲᠠᠳᠠᠵᠤ ᠭᠠᠷᠭᠠᠳᠠᠭ ᠤᠨᠴᠠᠯᠢᠭ ᠲᠠᠢ ᠪᠠᠶᠢᠨ᠎ᠠ᠃ ᠡᠨᠡ ᠨᠢ ᠠᠶᠠᠨᠳᠠᠭᠠᠨ ᠦᠵᠦᠭ ᠤᠨ ᠪᠢᠴᠢᠯᠭᠡ ᠳᠤ ᠲᠤᠬᠢᠷᠠᠵᠤ ᠪᠠᠶᠢᠨ᠎ᠠ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2