ᠪᠥᠬᠦ ᠣᠷᠣᠨ ᠤ ︽ᠤᠯᠠᠭᠠᠨᠮᠥ᠋ᠴᠢᠷ ᠤᠨ ᠰᠠᠷ᠎ᠠ ᠶᠢᠨ ᠠᠵᠢᠯᠯᠠᠭ᠎ᠠ · ᠠᠯᠢᠪᠠ ᠪᠦᠬᠦᠨ ᠠᠷᠠᠳ ᠲᠦᠮᠡᠨ ᠤ ᠲᠥᠯᠥᠭᠡ︾ ᠭᠤᠤᠯ ᠰᠡᠳᠦᠪᠲᠦ ᠠᠵᠢᠯᠯᠠᠭ᠎ᠠ ᠳᠥᠷᠪᠡᠳ ᠬᠤᠰᠢᠭᠤᠨ ᠳᠤ ᠡᠬᠢᠯᠡᠪᠡ
ᠨᠡᠶᠢᠲᠡᠯᠡᠭᠰᠡᠨ ᠴᠠᠭ᠄
2020-06-22
     ᠶᠡᠷᠦᠩᠬᠡᠶ ᠱᠦᠵᠢ ᠰᠢ ᠶᠢᠨ ᠫᠢᠩ ᠤᠨ ᠤᠯᠠᠭᠠᠨᠮᠥ᠋ᠴᠢᠷ ᠤᠨ ᠠᠵᠢᠯ ᠦᠢᠯᠡᠰ ᠤᠨ ᠬᠥᠭᠵᠢᠯᠲᠡ ᠶᠢᠨ ᠲᠤᠬᠠᠶ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠪᠠ ᠠᠷᠠᠳ ᠲᠦᠮᠡᠨ ᠢ ᠳᠡᠭᠡᠳᠦᠯᠡᠬᠦ ᠲᠥᠷᠥ ᠪᠠᠷᠢᠬᠤ ᠣᠶᠢᠯᠠᠭᠠᠭᠳᠠᠬᠤᠨ ᠢ ᠭᠦᠨᠵᠡᠭᠡᠶ ᠲᠤᠤᠱᠯᠠᠭᠤᠯᠤᠨ ᠨᠠᠶᠢᠳᠠᠪᠤᠷᠢᠵᠢᠭᠤᠯᠵᠦ᠂ ᠤᠯᠠᠭᠠᠨᠮᠥ᠋ᠴᠢᠷ ᠤᠨ ᠰᠦᠯᠵᠢᠶᠡᠨ ᠲᠡᠭᠡᠷ᠎ᠡ ᠪᠠ ᠪᠤᠳᠠᠳᠠᠢ ᠳᠤ ᠠᠷᠠᠳ ᠣᠯᠠᠨ ᠳᠤ ᠦᠢᠯᠡᠴᠢᠯᠡᠬᠦ ᠴᠢᠳᠠᠪᠤᠷᠢ ᠶᠢᠨ ᠲᠦᠪᠰᠢᠨ ᠢ ᠳᠡᠭᠡᠭᠰᠢᠯᠡᠭᠦᠯᠬᠦ ᠶᠢᠨ ᠲᠦᠯᠦᠭᠡ᠂ 6 ᠰᠠᠷ᠎ᠠ ᠶᠢᠨ 17 ᠤ ᠡᠳᠦᠷ᠂ ᠪᠥᠬᠦ ᠣᠷᠣᠨ ᠤ ︽ᠤᠯᠠᠭᠠᠨᠮᠥ᠋ᠴᠢᠷ ᠤᠨ ᠰᠠᠷ᠎ᠠ ᠶᠢᠨ ᠠᠵᠢᠯᠯᠠᠭ᠎ᠠ · ᠠᠯᠢᠪᠠ ᠪᠦᠬᠦᠨ ᠠᠷᠠᠳ ᠲᠦᠮᠡᠨ ᠤ ᠲᠥᠯᠥᠭᠡ︾ ᠭᠤᠤᠯ ᠰᠡᠳᠦᠪᠲᠦ ᠠᠵᠢᠯᠯᠠᠭ᠎ᠠ ᠳᠥᠷᠪᠡᠳ ᠬᠤᠰᠢᠭᠤᠨ ᠤ ᠴᠠᠭᠠᠨᠪᠤᠯᠠᠭ ᠰᠤᠮᠤᠨ ᠤ ᠭᠡᠷᠡᠯᠲᠤᠶᠠᠭ᠎ᠠ ᠭᠠᠴᠠᠭᠠᠨ ᠳᠤ ᠡᠬᠢᠯᠡᠪᠡ᠃     ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠵᠧᠩ ᠬᠤᠩ ᠹᠠᠨ᠂ ᠬᠤᠲᠠ ᠶᠢᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠰᠢᠨ᠎ᠡ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠳᠡᠳ᠋ ᠡᠷᠬᠢᠯᠡᠭᠴᠢ᠂ ᠳᠥᠷᠪᠡᠳ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠡᠤ ᠢᠦᠶ ᠯᠢᠶᠠᠩ ᠠᠵᠢᠯᠯᠠᠭ᠎ᠠ ᠳᠤ ᠣᠷᠣᠯᠴᠠᠵᠠᠶ᠃     ᠲᠣᠰ ᠤᠳᠠᠭᠠᠨ ᠤ ᠠᠵᠢᠯᠯᠠᠭ᠎ᠠ ᠶᠢ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ᠂ ᠬᠤᠲᠠ ᠶᠢᠨ ᠵᠠᠰᠠᠭ ᠤᠨ ᠣᠷᠳᠣᠨ ᠠᠴᠠ ᠭᠤᠣᠯᠯᠠᠨ ᠡᠷᠬᠢᠯᠡᠵᠦ᠂ ᠥᠪᠥᠷ ᠮᠣᠩᠭᠤᠯ ᠤᠨ ᠺᠢᠨᠣ᠋ ᠶᠢᠨ ᠪᠦᠯᠦᠭᠯᠡᠯ᠂ ᠬᠤᠲᠠ ᠶᠢᠨ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ᠂ ᠬᠤᠲᠠ ᠶᠢᠨ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ᠂ ᠳᠥᠷᠪᠡᠳ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠳᠠᠭᠠᠭᠠᠴᠢᠯᠠᠨ ᠡᠷᠭᠢᠯᠡᠪᠡ᠃ ᠠᠵᠢᠯᠯᠠᠭ᠎ᠠ ᠨᠢ ᠤᠷᠠᠨ ᠰᠠᠶᠢᠬᠠᠨ ᠤ ᠲᠣᠭᠯᠠᠯᠲᠠ᠂ ᠡᠷᠦᠬᠡ ᠳᠤ ᠬᠦᠷᠴᠦ ᠲᠣᠬᠤᠨᠢᠭᠤᠯᠬᠤ᠂ ᠰᠦᠯᠵᠢᠶᠡᠨ ᠲᠡᠭᠡᠷ᠎ᠡ ᠰᠢᠭᠤᠳ ᠨᠡᠪᠲᠡᠷᠡᠭᠦᠯᠬᠡ ᠬᠢᠬᠦ ᠵᠡᠷᠭᠡ ᠣᠯᠠᠨ ᠵᠦᠢᠯ ᠤᠨ ᠬᠡᠯᠪᠡᠷᠢ ᠪᠠᠷ ᠶᠠᠪᠤᠭᠳᠠᠵᠤ᠂ ᠨᠢᠭᠡ ᠭᠤᠤᠯ ᠬᠤᠷᠠᠯ ᠤᠨ ᠲᠠᠯᠠᠪᠠᠶ ᠪᠠ ᠭᠤᠷᠪᠠᠨ ᠬᠤᠪᠢᠶᠠᠷᠢ ᠬᠤᠷᠠᠯ ᠤᠨ ᠲᠠᠯᠠᠪᠠᠶ ᠳᠣᠭᠢᠷᠠᠭᠤᠯᠵᠤ᠂ ᠪᠥᠬᠦ ᠣᠷᠣᠨ ᠤ ᠤᠯᠠᠭᠠᠨᠮᠥ᠋ᠴᠢᠷ ᠤᠨ ᠦᠨᠳᠦᠰᠦᠨ ᠱᠠᠲᠤᠨ ᠳᠤ ᠦᠢᠯᠡᠴᠢᠯᠡᠵᠦ ᠪᠠᠶᠢᠭ᠎ᠠ ᠪᠠᠶᠢᠳᠠᠯ ᠢ ᠪᠥᠬᠦ ᠲᠠᠯ᠎ᠠ ᠪᠠᠷ ᠢᠯᠡᠷᠡᠭᠦᠯᠪᠡ᠃     ᠦᠲᠡ ᠶᠢᠨ ᠡᠮᠦᠨ᠎ᠡ ᠶᠢᠨ 9 ᠴᠠᠭ ᠬᠠᠭᠠᠰ ᠲᠤ᠂ ᠲᠤᠭᠯᠠᠯᠲᠠ ᠨᠢ ︽ᠬᠤᠪᠢᠯᠭᠠᠨ ᠵᠠᠪᠢ ᠶᠢᠨ ᠡᠭᠡ ᠨᠤᠲᠤᠭ︾᠂ ︽ᠮᠠᠯᠴᠢᠨ ᠲᠦᠮᠡᠨ ᠡᠪ ᠬᠠᠮᠲᠤ ᠨᠠᠮ ᠢᠶᠠᠨ ᠮᠠᠭᠲᠠᠨ ᠲᠠᠭᠤᠯᠠᠨ᠎ᠠ︾ ᠵᠡᠷᠭᠡ ᠤᠶᠠᠩᠭᠠᠲᠤ ᠲᠠᠭᠤᠤ ᠤᠷᠠᠨ ᠪᠦᠵᠢᠭ ᠢᠶᠠᠷ ᠬᠦᠰᠢᠬᠡ ᠪᠠᠨ ᠰᠡᠬᠦᠯ᠎ᠡ᠃ ᠠᠷᠠᠳ ᠤᠨ ᠵᠢᠱᠢᠶᠠᠴᠢ ᠲᠦᠭᠦ᠋ᠢᠮ᠎ᠠ ᠡᠵᠢ ᠪᠠᠷ ᠤᠭ ᠲᠦᠷᠢ ᠪᠤᠯᠭᠠᠭᠰᠠᠨ ᠬᠠᠮᠲᠤ ᠶᠢᠨ ᠪᠦᠵᠢᠭ ︽ᠡᠵᠢ ᠮᠢᠨᠢ︾ ᠬᠡᠬᠦ ᠲᠤᠭᠯᠠᠯᠲᠠ ᠲᠠᠭᠤᠰᠮᠠᠭᠴᠠ᠂ ᠤᠯᠠᠨ ᠲᠦᠮᠡᠨ ᠤ ᠨᠢᠵᠢᠬᠢᠨᠡᠭᠰᠡᠨ ᠠᠯᠠᠭ᠎ᠠ ᠲᠠᠰᠢᠯᠲᠠ ᠶᠢᠨ ᠲᠤᠮᠲᠠ ᠲᠦᠭᠦ᠋ᠢᠮ᠎ᠠ ᠡᠵᠢ ᠲᠠᠶᠢᠰᠠᠨ᠎ᠠ ᠭᠠᠷᠴᠦ ᠤᠯᠠᠭᠠᠨᠮᠦ᠋ᠴᠢᠷ ᠤᠨ ᠠᠵᠢᠯᠲᠠᠳ ᠲᠤ ᠮᠠᠨᠲᠤᠴᠢᠯᠡᠯ ᠢᠶᠠᠨ ᠲᠡᠪᠰᠢᠬᠦᠯᠪᠡ᠃ ᠲᠤᠭᠯᠠᠯᠲᠠ ᠶᠢᠨ ᠶᠠᠪᠤᠴᠠ ᠳᠤ᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢ᠂ ᠲᠦᠷᠪᠡᠳ ᠬᠤᠰᠢᠭᠤᠨ ᠤ ᠬᠡᠷᠡᠯᠲᠤᠶᠠᠭ᠎ᠠ ᠭᠠᠴᠠᠭᠠᠨ ᠤ ᠨᠠᠮ ᠤᠨ ᠡᠭᠦᠷ ᠤᠨ ᠱᠦᠵᠢ ᠴᠤᠯᠮᠤᠨ ᠠᠴᠠ ᠤᠯᠠᠨ ᠲᠦᠮᠡᠨ ᠳᠤ ᠪᠦᠬᠦ ᠤᠯᠤᠰ ᠤᠨ ᠠᠷᠪᠠᠨ ᠭᠤᠷᠪᠠᠲᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠤᠷᠤᠯᠴᠠᠭᠰᠠᠨ ᠲᠦᠷᠦᠭᠲᠡᠯ ᠢᠶᠠᠨ ᠬᠤᠪᠢᠶᠠᠯᠴᠠᠬᠤ ᠶᠢᠨ ᠲᠠᠭᠠᠤ ᠳᠤ ᠭᠠᠴᠠᠭᠠᠨ ᠤ ᠪᠠᠨ ᠮᠠᠯᠴᠢᠨ ᠲᠦᠮᠡᠨ ᠢᠶᠠᠨ ᠲᠠᠶᠢᠴᠢᠯᠠᠨ ᠶᠠᠳᠠᠭᠤ ᠠᠴᠠ ᠠᠩᠬᠢᠵᠢᠷᠠᠨ ᠴᠢᠨᠡᠭᠡᠯᠢᠭᠵᠢᠬᠦ ᠶᠢ ᠪᠡᠶᠡᠯᠡᠬᠦᠯᠬᠦ ᠪᠠᠷ ᠮᠡᠷᠡᠶᠢᠨ ᠴᠢᠷᠮᠡᠶᠢᠨ᠎ᠠ ᠬᠡᠭᠦ ᠪᠠᠲᠤ ᠵᠤᠷᠢᠭ ᠢᠶᠠᠨ ᠢᠯᠡᠳᠭᠡᠪᠡ᠃ ᠲᠤᠬᠠᠢ ᠶᠢᠨ ᠲᠠᠯᠠᠪᠤᠷ ᠲᠤ ᠪᠠᠰᠠ ᠡᠯ᠎ᠡ ᠪᠠᠶᠢᠭᠤᠯᠤᠯᠭ᠎ᠠ ᠨᠢᠭᠡᠴᠡ ᠪᠠᠷ ᠪᠦᠷᠢᠯᠲᠦᠭᠰᠡᠨ ᠰᠠᠶᠢᠨ ᠲᠤᠷᠠᠲᠠᠳ ᠤᠨ ᠦᠢᠯᠡᠴᠢᠯᠡᠬᠡᠨ ᠤ ᠲᠤᠭᠤᠢᠢᠯᠠᠩ ᠨᠢ ᠮᠠᠯᠴᠢᠨ ᠲᠠᠷᠢᠶᠠᠴᠢᠳ ᠲᠤ ᠲᠦᠷᠦ ᠶᠢᠨ ᠪᠤᠲᠤᠯᠭ᠎ᠠ ᠶᠢ ᠤᠬᠠᠭᠤᠯᠤᠨ ᠲᠠᠶᠢᠯᠪᠤᠷᠢᠯᠠᠬᠤ᠂ ᠠᠯᠪᠡᠨ ᠵᠢᠷᠦᠮ ᠤᠨ ᠡᠮᠴᠢᠯᠡᠭᠡ᠂ ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠬᠤ ᠤᠬᠠᠭᠤᠯᠭ᠎ᠠ ᠶᠢᠨ ᠬᠠᠭᠤᠳᠠᠰᠤ ᠲᠠᠷᠬᠠᠭᠠᠬᠤ ᠵᠡᠷᠭᠡ ᠠᠵᠢᠯᠯᠠᠭ᠎ᠠ ᠶᠢ ᠦᠷᠨᠢᠬᠦᠯᠪᠡ᠃     ᠲᠤᠭᠯᠠᠯᠲᠠ ᠶᠢᠨ ᠲᠠᠷᠠᠭ᠎ᠠ᠂ ᠵᠧᠩ ᠬᠤᠩ ᠹᠠᠨ᠂ ᠰᠢᠨ᠎ᠡ᠂ ᠡᠦ ᠢᠦᠢ ᠯᠢᠶᠠᠩ ᠠᠴᠠ ᠤᠯᠠᠭᠠᠨᠮᠦ᠋ᠴᠢᠷ ᠤᠨ ᠠᠵᠢᠯᠲᠠᠳ ᠢ ᠲᠠᠭᠠᠭᠤᠯᠤᠨ᠂ ᠮᠠᠯᠴᠢᠨ ᠡᠷᠦᠬᠡ ᠪᠠᠷ ᠲᠤᠭᠤᠷᠢᠨ ᠲᠤᠬᠤᠨᠢᠭᠤᠯᠬᠤ ᠲᠤᠭᠯᠠᠯᠲᠠ ᠭᠠᠷᠭᠠᠵᠦ᠂ ᠮᠠᠯᠴᠢᠨ ᠲᠦᠮᠡᠨ ᠢ ᠪᠠᠶᠠᠰᠬᠠᠭᠰᠠᠨ ᠪᠠᠶᠢᠨ᠎ᠠ᠃ ᠮᠠᠯᠴᠢᠨ ᠰᠠᠷᠠᠨ᠎ᠠ ᠲᠤᠭᠯᠠᠯᠲᠠ ᠶᠢ ᠦᠵᠡᠭᠡᠳ ᠰᠤᠷᠪᠤᠯᠵᠢᠯᠠᠭᠴᠢ ᠳᠤ᠄ ︽ᠬᠡᠷ ᠲᠡᠭᠡᠨ ᠰᠠᠭᠤᠵᠦ ᠪᠠᠶᠢᠭᠠᠳ ᠤᠯᠠᠭᠠᠨᠮᠦ᠋ᠴᠢᠷ ᠤᠨ ᠭᠤᠶᠢᠲᠡ ᠰᠠᠶᠢᠬᠠᠨ ᠲᠤᠭᠯᠠᠯᠲᠠ ᠶᠢ ᠦᠵᠡᠵᠦ ᠲᠡᠶᠢᠯᠬᠦ ᠪᠤᠯᠤᠭᠰᠠᠨ ᠳᠤ ᠰᠡᠳᠬᠢᠯ ᠶᠡᠭᠡ ᠦᠨᠳᠦᠷ ᠪᠠᠶᠢᠨ᠎ᠠ᠂ ᠮᠠᠨ ᠤ ᠮᠠᠯᠴᠢᠳ ᠤᠨ ᠠᠵᠦ ᠠᠮᠢᠲᠤᠷᠠᠯ ᠡᠲᠦᠷ ᠢᠷᠡᠭᠦᠶ᠎ᠡ ᠵᠤᠯ ᠵᠢᠷᠭᠠᠯ ᠲᠠᠢ᠂ ᠪᠠᠶᠠᠨ ᠴᠢᠨᠡᠭᠡᠯᠢᠭ ᠪᠤᠯᠬᠤ ᠲᠠᠮᠵᠢᠭ ᠦᠬᠡᠢ︾ ᠬᠡᠵᠦ ᠰᠡᠳᠬᠢᠯᠬᠡ ᠪᠠᠨ ᠬᠤᠪᠢᠶᠠᠯᠴᠠᠪᠠ᠃                                                                             ᠰᠤᠷᠪᠤᠯᠵᠢᠯᠠᠭᠴᠢ᠄ ᠬᠤ᠋ ᠵᠢᠶᠠ ᠯᠢ                                             ᠲᠡᠪᠰᠢᠬᠦᠯᠦᠭᠰᠡᠨ ᠨᠢ᠄ ᠤᠶᠠᠬᠠᠨ
 
ᠢᠷᠡᠯᠲᠡ᠄ ᠤᠯᠠᠭᠠᠨᠴᠠᠪ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2