ᠲᠦᠷᠪᠡᠳ ᠬᠤᠰᠢᠭᠤᠨ ᠤ ᠬᠢᠨ ᠵᠤᠳ ᠲᠤ ᠲᠠᠭᠠᠷᠢᠭᠳᠠᠭᠰᠠᠨ ᠮᠠᠯᠴᠢᠳ ᠢᠶᠠᠨ ᠲᠡᠮᠵᠢᠪᠡ᠃ | ᠡᠪᠦᠯ ᠤᠨ ᠠᠭᠤᠷ ᠤᠷᠤᠭᠰᠠᠨ ᠠᠴᠠ ᠨᠠᠰᠢ᠂ ᠮᠠᠨ ᠤ ᠬᠤᠳᠠ ᠶᠢᠨ ᠡᠯ᠎ᠡ ᠭᠠᠵᠠᠷ ᠲᠤ ᠴᠠᠰᠤ ᠤᠷᠤᠨ᠂ | ᠠᠭᠠᠷ ᠤᠨ ᠲᠤᠯᠠᠭᠠᠨ 30 ᠵᠢᠯ ᠳᠤ ᠲᠤᠬᠢᠶᠠᠯᠳᠤᠭ᠎ᠠ ᠦᠭᠡᠢ ᠬᠦᠢᠳᠡᠷᠡᠭᠰᠡᠨ ᠪᠠᠶᠢᠨ᠎ᠠ᠃ ᠡᠭᠦᠨ ᠳᠤ ᠲᠦᠷᠪᠡᠳ | ᠬᠤᠰᠢᠭᠤᠨ ᠳᠤ 20— 30cm ᠵᠤᠵᠠᠭᠠᠨ ᠴᠠᠰᠤ ᠤᠷᠤᠵᠤ᠂ ᠤᠯᠠᠩᠭᠢ ᠭᠠᠵᠠᠷ ᠲᠤ ᠡᠪᠡᠰᠦ ᠪᠤᠷᠳᠤᠭ᠎ᠠ | ᠬᠦᠷᠦᠯᠴᠡᠬᠦ ᠦᠭᠡᠢ᠂ ᠵᠠᠮ ᠬᠠᠰᠢᠭᠳᠠᠨ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠢ ᠶᠡᠬᠡᠪᠡᠷ ᠨᠦᠯᠦᠭᠡᠯᠡᠭᠰᠡᠨ | ᠪᠠᠶᠢᠨ᠎ᠠ᠃ ᠡᠨᠡᠬᠦ ᠪᠠᠶᠢᠳᠠᠯ ᠳᠤ ᠬᠠᠮᠳᠤᠭᠤᠯᠤᠨ ᠲᠦᠷᠪᠡᠳ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ | ᠤᠷᠳᠤᠨ ᠠᠴᠠ ᠮᠠᠯᠴᠢᠳ ᠲᠤ ᠦᠨ᠎ᠡ ᠲᠦᠯᠦᠪᠦᠷᠢ ᠦᠭᠡᠢ ᠪᠠᠷ ᠴᠠᠰᠦ ᠲᠦᠯᠬᠢᠨ ᠵᠠᠮ ᠨᠡᠪᠳᠡᠷᠡᠭᠦᠯᠬᠦ ᠶᠢᠨ ᠬᠠᠮᠳᠤ | ᠵᠤᠳ ᠲᠤ ᠲᠠᠭᠠᠷᠢᠭᠳᠠᠭᠰᠠᠨ ᠭᠤᠷᠪᠠᠨ ᠰᠤᠮᠤᠨ ᠤ ᠮᠠᠯᠴᠢᠳ ᠲᠤ ᠵᠠᠬ᠎ᠠ ᠲᠡᠯᠭᠡᠭᠦᠷ ᠠᠴᠠ ᠲᠤᠤᠷ᠎ᠠ ᠬᠠᠭᠠᠰ ᠦᠨ᠎ᠡ | ᠪᠠᠷ ᠲᠡᠵᠢᠭᠡᠯ ᠪᠤᠷᠳᠤᠭ᠎ᠠ ᠬᠠᠩᠭᠠᠨ ᠮᠠᠯᠴᠢᠳ ᠲᠤ ᠲᠦᠬᠦᠮ ᠦᠵᠡᠭᠦᠯᠬᠦ ᠶᠢᠨ ᠬᠠᠮᠳᠤ ᠶᠠᠳᠠᠭᠤ ᠬᠦᠴᠢᠷᠳᠡᠯᠳᠠᠢ | ᠡᠷᠦᠭᠡ ᠳᠤ ᠦᠨ᠎ᠡ ᠲᠦᠯᠦᠪᠦᠷᠢ ᠦᠭᠡᠢ ᠪᠠᠷ ᠲᠡᠵᠢᠭᠡᠯ ᠪᠤᠷᠳᠤᠭ᠎ᠠ ᠬᠦᠷᠭᠡᠬᠦ ᠪᠠᠷ ᠪᠠᠶᠢᠵᠤ᠂ ᠮᠠᠯᠴᠢᠨ ᠲᠦᠮᠡᠨ ᠤ | ᠲᠠᠭᠠᠷᠠᠭᠰᠠᠨ ᠦᠶ᠎ᠡ ᠳᠤ ᠲᠠᠬᠤ ᠬᠦᠷᠭᠡᠭᠰᠡᠨ ᠪᠠᠶᠢᠨ᠎ᠠ᠃ | ᠰᠤᠷᠪᠤᠯᠵᠢᠯᠠᠭᠴᠢ᠄ ᠴᠡᠯᠮᠡᠭ᠂ ᠰᠢᠵᠢᠷ᠂ ᠴᠢᠮᠡᠳ | ᠬᠢᠨᠠᠭᠴᠢ᠄ ᠠᠯᠳᠠᠩᠭᠡᠷᠡᠯ | | | | | | | |