ᠢᠳᠡᠰᠢᠨ ᠦᠬᠡᠷ ᠤᠨ ᠬᠤᠷᠤᠬᠠᠢ ᠶᠢ ᠲᠠᠭᠤᠵᠤ ᠬᠤᠳᠤᠭᠤᠳᠤ ᠶᠢ ᠰᠠᠶᠢᠵᠢᠷᠠᠭᠤᠯᠬᠤ ᠳᠦᠭᠦᠮ ᠠᠷᠭ᠎ᠠ | | ᠢᠳᠡᠰᠢᠨ ᠦᠬᠡᠷ ᠪᠦᠳᠦᠭᠦᠯᠢᠭ ᠪᠤᠷᠳᠤᠭ᠎ᠠ᠂ ᠲᠡᠵᠢᠭᠡᠯ ᠡᠪᠡᠰᠦ ᠵᠡᠷᠭᠡ ᠶᠢ ᠢᠳᠡᠰᠢᠯᠡᠬᠦ ᠳᠤ ᠦᠷᠭᠦᠯᠵᠢ | ᠭᠠᠵᠠᠷ ᠲᠠᠢ ᠬᠦᠷᠦᠯᠴᠡᠳᠡᠭ ᠠᠴᠠ ᠰᠢᠩᠭᠡᠭᠡᠯᠲᠡ ᠶᠢᠨ ᠵᠠᠮ ᠠᠮᠠᠷᠬᠠᠨ ᠡᠯ᠎ᠡ ᠵᠦᠢᠯ ᠤᠨ ᠤᠳᠠᠰᠤᠯᠢᠭ ᠬᠤᠷᠤᠬᠠᠢ ᠳᠤ | ᠬᠠᠯᠳᠠᠪᠤᠷᠢᠯᠠᠭᠳᠠᠨ᠂ ᠪᠡᠶ᠎ᠡ ᠶᠢᠨ ᠭᠠᠳᠠᠷ ᠪᠠᠰᠠ ᠪᠦᠭᠡᠰᠦ᠂ ᠬᠠᠴᠢᠭ᠂ ᠬᠤᠪᠡᠯᠵᠠ᠂ ᠢᠯᠠᠭᠠᠨ ᠤ ᠦᠳᠤ ᠵᠡᠷᠭᠡ | ᠮᠦᠯᠵᠢᠭᠦᠷ ᠬᠤᠷᠤᠬᠠᠢ ᠠᠮᠠᠷᠬᠠᠨ ᠬᠠᠯᠳᠠᠪᠤᠷᠢᠯᠠᠬᠤ ᠪᠣᠯᠣᠨ᠎ᠠ᠃ ᠦᠬᠡᠷ ᠤᠨ ᠪᠡᠶ᠎ᠡ ᠮᠦᠯᠵᠢᠭᠦᠷ ᠬᠤᠷᠤᠬᠠᠢ | ᠵᠡᠷᠭᠡ ᠳᠤ ᠬᠦᠩᠭᠡᠨ ᠠᠴᠠ ᠲᠤᠮᠳᠠ ᠵᠡᠷᠭᠡ ᠬᠠᠯᠳᠠᠪᠦᠷᠢᠯᠠᠭᠳᠠᠭᠰᠠᠨ ᠤ ᠲᠠᠷᠠᠭ᠎ᠠ᠂ ᠪᠣᠷᠳᠤᠭ᠎ᠠ ᠶᠢᠨ | ᠬᠤᠪᠢᠷᠠᠭᠠᠯᠲᠠ ᠶᠢ ᠨᠦᠯᠦᠭᠡᠯᠡᠬᠦ ᠪᠣᠯᠣᠨ᠎ᠠ᠂ ᠭᠤᠤᠯᠳᠠᠭᠤ ᠢᠳᠡᠭᠡᠨ ᠤ ᠲᠤᠷᠠᠰᠢᠯ ᠮᠠᠭᠤᠲᠠᠵᠦ᠂ ᠤᠭᠤᠷᠠᠭ ᠪᠠ | ᠡᠨᠧᠷᠬᠢ ᠶᠢᠨ ᠠᠰᠢᠭᠯᠠᠮᠵᠢ ᠳᠤᠷᠤᠭᠰᠢᠯᠠᠬᠤ ᠶᠢᠨ ᠤᠯᠠᠮ ᠠᠴᠠ ᠺᠧᠲ᠋ᠤᠨ ᠪᠡᠶ᠎ᠡ ᠶᠢᠨ ᠴᠢᠨᠠᠷ ᠬᠢᠭᠡᠳ ᠬᠦᠨᠳᠤ ᠶᠢᠨ | ᠨᠡᠮᠡᠭᠳᠡᠯ ᠢ ᠨᠦᠯᠦᠭᠡᠯᠡᠵᠦ᠂ ᠢᠳᠡᠰᠢᠨ ᠦᠬᠡᠷ ᠢ ᠲᠡᠵᠢᠭᠡᠬᠦ ᠠᠵᠦ ᠠᠬᠤᠢ ᠶᠢᠨ ᠦᠷ᠎ᠡ ᠠᠰᠢᠭ ᠢ ᠨᠦᠯᠦᠭᠡᠯᠡᠬᠦ | ᠪᠣᠯᠣᠨ᠎ᠠ᠃ ᠡᠶᠢᠮᠦ ᠠᠴᠠ᠂ ᠢᠳᠡᠰᠢᠨ ᠦᠬᠡᠷ ᠢ ᠪᠤᠷᠳᠤᠬᠤ ᠠᠴᠠ ᠡᠮᠦᠨᠡᠬᠢ ᠪᠡᠯᠡᠳᠬᠡᠯ ᠲᠡᠵᠢᠭᠡᠬᠦ ᠬᠤᠭᠤᠴᠠᠭᠠᠨ ᠳᠤ | ᠡᠷᠬᠡᠪᠰᠢ ᠬᠤᠷᠤᠬᠠᠢ ᠶᠢ ᠲᠠᠭᠤᠬᠤ ᠭᠡᠷᠡᠭᠳᠡᠢ᠃ ᠬᠤᠷᠤᠬᠠᠢ ᠲᠠᠭᠤᠬᠤ ᠠᠵᠢᠯ ᠢ ᠦᠳᠡ ᠶᠢᠨ ᠬᠤᠶᠢᠨ᠎ᠠ ᠪᠤᠶᠤ | ᠰᠥᠨᠢ ᠶᠠᠪᠤᠭᠳᠠᠭᠤᠯᠤᠨ᠎ᠠ᠂ ᠢᠩᠬᠢᠪᠡᠯ ᠦᠬᠡᠷ ᠳᠠᠷᠠᠭ᠎ᠠ ᠡᠳᠤᠷ ᠬᠤᠷᠤᠬᠠᠢ ᠶᠢ ᠭᠠᠳᠠᠭᠰᠢᠯᠠᠭᠤᠯᠤᠭᠠᠳ᠂ | ᠬᠤᠷᠤᠬᠠᠢ ᠶᠢ ᠴᠡᠪᠡᠷᠯᠡᠬᠦ ᠳᠤ ᠲᠦᠭᠦᠮ ᠪᠠᠶᠢᠳᠠᠭ᠃ ᠬᠤᠷᠤᠬᠠᠢ ᠲᠠᠭᠤᠬᠤ ᠠᠵᠢᠯ ᠢ ᠢᠳᠡᠰᠢᠨ ᠦᠬᠡᠷ ᠢ | ᠥᠯᠥᠰᠬᠦᠯᠡᠩ ᠦᠶ᠎ᠡ ᠳᠤ ᠶᠠᠪᠤᠭᠳᠠᠭᠤᠯᠵᠤ᠂ ᠡᠮ ᠥᠭᠬᠦ ᠠᠴᠠ ᠡᠮᠦᠨ᠎ᠡ ᠬᠠᠮᠤᠭ ᠰᠠᠶᠢᠨ ᠬᠡᠳᠦᠨ ᠴᠠᠭ | ᠲᠡᠵᠢᠭᠡᠬᠦ ᠶᠢ ᠵᠤᠭᠰᠤᠭᠠᠵᠣ᠂ ᠵᠦᠪᠬᠡᠨ ᠤᠰᠤ ᠤᠤᠭᠤᠯᠭᠠᠪᠠᠯ᠂ ᠡᠮ ᠤᠨ ᠰᠢᠩᠭᠡᠬᠦ ᠳᠤ ᠠᠰᠢᠭᠲᠠᠢ ᠮᠦᠷᠲᠡᠭᠡᠨ | ᠡᠮ ᠤᠨ ᠬᠦᠴᠦ ᠶᠢ ᠳᠡᠭᠡᠭᠰᠢᠯᠡᠭᠦᠯᠵᠦ ᠴᠢᠳᠠᠨ᠎ᠠ᠃ ᠬᠤᠷᠤᠬᠠᠢ ᠶᠢ ᠲᠠᠭᠤᠭᠰᠠᠨ ᠤ ᠲᠠᠷᠠᠭ᠎ᠠ᠂ ᠢᠳᠡᠰᠢᠨ ᠦᠬᠡᠷ ᠢ | ᠬᠤᠶᠠᠷ ᠭᠠᠷᠠᠭ ᠲᠤᠰᠠᠭᠠᠷᠯᠠᠵᠤ ᠲᠡᠵᠢᠭᠡᠨ᠂ ᠪᠠᠭᠠᠰᠦ ᠢᠯᠭᠠᠳᠠᠰᠤ ᠶᠢ ᠠᠷᠢᠭᠤᠳᠬᠠᠵᠦ᠂ ᠬᠤᠣᠷ ᠦᠭᠡᠶᠢᠳᠡᠭᠦᠯᠦᠨ | ᠰᠢᠢᠳᠪᠦᠷᠢᠯᠡᠨ᠎ᠡ᠃ | ᠰᠢᠨ᠎ᠡ ᠤᠷᠤᠭᠤᠯᠤᠭᠰᠠᠨ ᠢᠳᠡᠰᠢᠨ ᠦᠬᠡᠷ ᠤᠷᠴᠢᠨ ᠲᠤᠭᠤᠷᠢᠨ ᠤ ᠬᠤᠪᠢᠷᠠᠯᠲᠠ᠂ ᠵᠦᠭᠡᠭᠡᠪᠦᠷᠢᠯᠡᠬᠦ᠂ | ᠠᠶᠤᠵᠤ ᠰᠤᠴᠢᠬᠤ ᠵᠡᠷᠭᠡ ᠰᠢᠯᠲᠠᠭᠠᠨ ᠠᠴᠠ ᠠᠮᠠᠷᠬᠠᠨ ᠰᠡᠷᠡᠯᠵᠢᠬᠦ ᠤᠷᠪᠠᠯ ᠡᠭᠦᠰᠦᠨ᠎ᠡ᠂ ᠡᠭᠦᠨ ᠳᠤ ᠤᠤᠭᠤᠬᠤ | ᠤᠰᠤᠨ ᠳᠤᠨᠢ ᠪᠠᠭ᠎ᠠ ᠬᠡᠮᠵᠢᠶᠡᠨ ᠤ ᠬᠤᠭᠤᠯᠠᠨ ᠤ ᠲᠠᠪᠤᠰᠤ ᠪᠠ ᠤᠯᠠᠭᠠᠨ ᠰᠢᠬᠢᠷ ᠬᠢᠵᠦ ᠦᠷᠬᠦᠯᠵᠢᠯᠡᠨ ᠨᠢᠭᠡ | ᠭᠠᠷᠠᠭ ᠤᠰᠤᠯᠠᠬᠤ ᠪᠦᠭᠡᠳ ᠬᠥᠬᠡ ᠡᠪᠡᠰᠦ ᠪᠤᠶᠤ ᠬᠥᠬᠡ ᠬᠠᠭᠤᠷᠠᠢ ᠡᠪᠡᠰᠦ ᠪᠠᠷ ᠢᠯᠡᠭᠦᠦ ᠲᠡᠵᠢᠭᠡᠵᠦ᠂ 2 ᠡᠳᠤᠷ | ᠪᠣᠯᠣᠭᠰᠠᠨ ᠤ ᠰᠡᠭᠦᠯᠡᠷ ᠪᠠᠭ᠎ᠠ ᠬᠡᠮᠵᠢᠶᠡᠨ ᠤ ᠬᠡᠪᠡᠭ ᠨᠡᠮᠡᠵᠦ ᠢᠳᠡᠭ ᠢᠳᠡᠭ ᠢᠶᠠᠷ ᠰᠢᠯᠵᠢᠭᠦᠯᠦᠨ᠎ᠡ᠂ ᠦᠬᠡᠷ ᠤᠨ | ᠰᠦᠷᠦᠭ ᠤᠨ ᠢᠳᠡᠰᠢᠯᠡᠬᠦ᠂ ᠪᠠᠭᠠᠬᠤ ᠢᠯᠭᠠᠳᠠᠰᠤ ᠬᠢᠭᠡᠳ ᠴᠤᠭ ᠰᠦᠯᠳᠡ ᠶᠢᠨ ᠪᠠᠶᠢᠳᠠᠯ ᠢ ᠠᠩᠬᠠᠷᠴᠦ | ᠠᠵᠢᠭᠯᠠᠨ᠂ ᠪᠦᠬᠦ᠋ᠢᠯᠡ ᠦᠬᠡᠷ ᠤᠨ ᠰᠦᠷᠦᠭ ᠪᠦᠷ ᠲᠤᠭᠳᠠᠭᠤᠨ ᠪᠤᠯᠤᠭᠰᠠᠨ ᠤ ᠲᠠᠷᠠᠭ᠎ᠠ ᠰᠠᠶ᠋ᠢ ᠬᠤᠷᠤᠬᠠᠢ | ᠲᠠᠭᠤᠬᠤ ᠪᠤᠶᠤ ᠬᠤᠳᠤᠭᠤᠳᠤ ᠶᠢ ᠰᠠᠶᠢᠵᠢᠷᠠᠭᠤᠯᠤᠨ᠎ᠠ᠃ | ᠬᠤᠷᠤᠬᠠᠢ ᠲᠠᠭᠤᠬᠤ᠄ ᠤᠳᠤᠬᠠᠨ ᠳᠤ᠂ ᠬᠤᠷᠤᠬᠠᠢ ᠲᠠᠭᠤᠬᠤ ᠡᠮ ᠤᠨ ᠲᠦᠷᠦᠯ ᠵᠦᠢᠯ ᠲᠤᠩ ᠤᠯᠠᠨ | ᠪᠠᠶᠢᠵᠤ᠂ ᠠ ᠹᠦ᠋ ᠮᠢ ᠳ᠋ᠢᠩ ︵阿弗米丁︶᠂ ᠫᠡᠷᠤᠫᠢᠯ ᠬᠦᠬᠦᠷᠳᠤ ᠪᠧᠨᠽᠸᠡ ᠢᠮᠢᠳᠠᠽᠤᠯ ︵丙硫苯 | 咪︶᠂ ᠳ᠋ᠢ ᠪᠠᠢ ᠴᠦᠩ ︵敌百虫︶᠂ ᠵᠡᠭᠦᠨᠰᠢ ᠡᠷᠭᠢᠯᠭᠡᠳᠦ ᠢᠮᠢᠳᠠᠽᠤᠯ ︵左旋咪唑︶ | ᠵᠡᠷᠭᠡ ᠶᠢ ᠪᠠᠶᠢᠩᠭᠤ ᠬᠡᠷᠡᠭᠯᠡᠵᠦ ᠪᠠᠶᠢᠨ᠎ᠠ᠃ ᠴᠦᠩ ᠺᠧ ᠰᠢᠩ ︵ᠠ ᠸᠧᠢ ᠪᠠᠺᠲ᠋ᠧᠷᠢ ᠶᠢᠨ ᠡᠳ᠋︶ ︵虫克星 | ︵阿 菌维素︶︶ ᠢᠶᠠᠷ ᠬᠤᠷᠤᠬᠠᠢ ᠲᠠᠭᠤᠬᠤ ᠲᠠᠷᠢᠭᠦᠨ ᠰᠤᠩᠭᠤᠯᠲᠠ ᠡᠮ ᠪᠤᠯᠭᠠᠵᠦ ᠪᠤᠯᠤᠨ᠎ᠠ᠂ ᠲᠤᠰ | ᠡᠮ ᠮᠠᠯ ᠵᠢᠭᠦᠷᠲᠡᠨ ᠤ ᠪᠡᠶ᠎ᠡ ᠲᠤᠳᠤᠷᠠᠬᠢ ᠬᠡᠳᠤᠨ ᠠᠷᠪᠠᠨ ᠵᠦᠢᠯ ᠤᠨ ᠤᠲᠠᠰᠤᠯᠢᠭ ᠬᠤᠷᠤᠬᠠᠢ ᠬᠢᠭᠡᠳ ᠪᠠᠶ᠎ᠡ ᠶᠢᠨ | ᠭᠠᠳᠠᠨᠠᠬᠢ ᠪᠦᠭᠡᠰᠦ᠂ ᠬᠠᠴᠢᠭ᠂ ᠬᠤᠪᠡᠯᠵᠠ᠂ ᠢᠯᠠᠭᠠᠨ ᠤ ᠦᠳᠤ ᠵᠡᠷᠭᠡ ᠪᠡᠶ᠎ᠡ ᠶᠢᠨ ᠳᠤᠲᠣᠷ ᠭᠠᠳᠠᠨᠠᠬᠢ | ᠮᠦᠯᠵᠢᠭᠦᠷ ᠬᠤᠷᠤᠬᠠᠢ ᠶᠢ ᠠᠯᠠᠬᠤ ᠳᠤ ᠪᠦᠷ ᠰᠠᠶᠢᠨ ᠪᠠᠶᠢᠳᠠᠭ᠃ ᠠᠳᠠᠯᠢ ᠪᠤᠰᠤ ᠡᠮ ᠤᠨ ᠬᠡᠯᠪᠡᠷᠢ ᠶᠢ | ᠦᠨᠳᠤᠰᠤᠯᠡᠵᠦ ᠤᠤᠭᠤᠯᠭᠠᠬᠤ᠂ ᠴᠢᠳᠬᠤᠨ ᠤᠤᠭᠤᠯᠭᠠᠬᠤ ᠪᠠ ᠠᠷᠠᠰᠦᠨ ᠲᠤᠤᠷ᠎ᠠ ᠲᠠᠷᠢᠨ᠎ᠠ᠃ ᠬᠡᠷᠡᠭᠯᠡᠬᠦ | ᠬᠡᠮᠵᠢᠶ᠎ᠡ ᠶᠢ 3 ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 10 ᠮᠢᠯᠢᠭᠷᠡᠮ ᠪᠠᠶᠢᠯᠭᠠᠵᠤ᠂ ᠴᠢᠳᠬᠤᠨ | ᠤᠤᠭᠤᠯᠭᠠᠬᠤ ᠪᠤᠶᠤ ᠪᠤᠷᠳᠤᠭᠠᠨ ᠳᠤ ᠬᠤᠯᠢᠵᠤ ᠢᠳᠡᠭᠦᠯᠦᠨ᠎ᠡ᠃ ᠬᠦᠵᠦᠭᠦᠨ ᠤ ᠠᠷᠠᠰᠦᠨ ᠲᠤᠤᠷ᠎ᠠ ᠪᠣᠯ 10 | ᠺᠢᠯᠤᠭ᠍ᠷᠡᠮ ᠪᠡᠶ᠎ᠡ ᠶᠢᠨ ᠬᠦᠨᠳᠤ ᠳᠤ 0.2 ᠮᠢᠯᠢᠯᠢᠳ᠋ᠷ ᠲᠠᠷᠢᠨ᠎ᠠ᠃ | ᠪᠠᠶᠢᠩᠭᠤ ᠬᠡᠷᠡᠭᠯᠡᠬᠦ ᠠ ᠸᠧᠢ ᠪᠠᠺᠲ᠋ᠧᠷᠢ ᠶᠢᠨ ᠡᠳ᠋ ︵阿维菌素︶᠂ ᠢ ᠸᠧᠢ ᠪᠠᠺᠲ᠋ᠧᠷᠢ ᠶᠢᠨ ᠡᠳ᠋ | ︵伊维菌素︶ ᠵᠡᠷᠭᠡ ᠡᠮ ᠢᠶᠠᠷ ᠢᠳᠡᠰᠢᠨ ᠦᠬᠡᠷ ᠤᠨ ᠬᠤᠷᠤᠬᠠᠢ ᠶᠢ ᠲᠠᠭᠤᠬᠤ ᠳᠤ ᠬᠤᠳᠠᠯᠳᠤᠨ | ᠠᠪᠤᠭᠰᠠᠨ ᠬᠤᠷᠤᠬᠠᠢ ᠲᠠᠭᠤᠬᠤ ᠡᠮ ᠤᠨ ᠠᠭᠤᠯᠤᠡᠡᠳᠠᠴᠠ ᠲᠣᠭᠲᠠᠭᠰᠠᠨ ᠪᠠᠷᠢᠮᠵᠢᠶᠡᠨ ᠳᠤ ᠬᠦᠷᠬᠦ ᠦᠬᠡᠢ ᠠᠴᠠ | ᠬᠤᠷᠤᠬᠠᠢ ᠲᠠᠭᠤᠬᠤ ᠦᠷ᠎ᠡ ᠳ᠋ᠦ᠋ᠩ ᠮᠠᠭᠤ ᠪᠣᠯᠪᠠ ᠭᠡᠵᠦ ᠮᠠᠰᠢ ᠤᠯᠠᠨ ᠦᠬᠡᠷ ᠲᠡᠵᠢᠭᠡᠬᠦ ᠡᠷᠦᠬᠡ ᠳᠤᠰᠬᠠᠭᠰᠠᠨ | ᠪᠠᠶᠢᠨ᠎ᠠ᠃ ᠬᠡᠷᠪᠡ ᠡᠶᠢᠮᠦ ᠪᠠᠶᠢᠪᠠᠯ᠂ ᠪᠤᠷᠳᠤᠬᠤ ᠢᠳᠡᠰᠢᠨ ᠦᠬᠡᠷ ᠤᠨ ᠪᠡᠶ᠎ᠡ ᠲᠤᠲᠤᠷᠠᠬᠢ ᠬᠤᠷᠤᠬᠠᠢ ᠶᠢ | ᠲᠠᠭᠤᠬᠤ ᠳᠤ ᠫᠡᠷᠤᠫᠠ ᠬᠦᠬᠦᠷᠲᠦ ᠢᠮᠢᠳᠠᠽᠤᠯ ︵丙硫咪唑︶ ᠢ ᠬᠡᠷᠡᠭᠯᠡᠵᠦ ᠪᠤᠯᠤᠨ᠎ᠠ᠂ ᠨᠢᠭᠡ | ᠤᠳᠠᠭ᠎ᠠ ᠳᠤ ᠤᠤᠭᠤᠯᠭᠠᠬᠤ ᠬᠡᠮᠵᠢᠶ᠎ᠡ ᠶᠢ ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ 10 ᠮᠢᠯᠢᠭᠷᠡᠮ ᠪ᠊ ᠪᠠᠶᠢᠯᠭᠠᠬᠤ | ᠪᠤᠶᠤ ᠲᠠᠪᠤᠰᠤᠨ ᠬᠦᠴᠢᠯ ᠤᠨ ᠵᠡᠭᠦᠨᠰᠢ ᠡᠷᠭᠢᠯᠭᠡᠲᠦ ᠢᠮᠢᠳᠠᠽᠤᠯ ︵盐酸左旋咪唑︶ ᠢ ᠦᠯᠦᠨ ᠢᠶᠠᠷ | ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ7.5~10 ᠮᠢᠯᠢᠭᠷᠡᠮ ᠤᠤᠭᠤᠯᠭᠠᠨ᠎ᠠ᠃ ᠡᠯᠢᠭᠡᠨ ᠢᠯᠲᠠᠰᠤᠨ | ᠰᠤᠷᠤᠭᠤᠯᠳᠤ ᠬᠤᠷᠤᠬᠠᠢ ᠲᠠᠢ ᠭᠠᠵᠠᠷ ᠤᠷᠤᠨ ᠳᠤ ᠪᠣᠯ ᠠᠽᠤᠲ ᠬᠦᠴᠢᠯ ᠤᠨ ᠾᠯᠤᠷᠤᠹᠧᠨᠤᠯ ︵硝氯酚︶ | ᠵᠡᠷᠭᠡ ᠡᠮ ᠢᠶᠠᠷ ᠬᠤᠷᠤᠬᠠᠢ ᠶᠢ ᠲᠠᠭᠤᠵᠤ ᠪᠤᠯᠤᠨ᠎ᠠ᠃ ᠡᠭᠦᠨ ᠠᠴᠠ ᠭᠠᠳᠠᠨ᠎ᠠ᠂ ᠲᠤᠨ ᠪᠦᠷᠢ ᠪᠤᠷᠳᠤᠭᠠᠨ ᠳᠤ 0.5 | ᠺᠢᠯᠤᠭ᠍ᠷᠡᠮ ᠹᠧᠨᠤᠳ᠋ᠷᠤᠺᠰᠢᠠ ᠹᠧᠨᠢᠯ ᠠᠽᠤᠯ ︵芬苯 达唑︶ ᠢ ᠨᠡᠮᠡᠵᠦ᠂ ᠬᠡᠪ ᠤᠨ ᠲᠡᠵᠢᠭᠡᠬᠦ ᠠᠷᠭ᠎ᠠ ᠪᠠᠷ | ᠲᠡᠵᠢᠭᠡᠪᠡᠯ ᠪᠠᠰᠠ ᠢᠳᠡᠰᠢᠨ ᠦᠭᠡᠷ ᠤᠨ ᠪᠡᠶ᠎ᠡ ᠶᠢᠨ ᠳᠤᠲᠣᠷ ᠭᠠᠳᠠᠨᠠᠬᠢ ᠬᠤᠷᠤᠬᠠᠢ ᠶᠢ ᠨᠡᠯᠢᠶᠡᠳ ᠰᠠᠶᠢᠨ ᠲᠠᠭᠤᠵᠦ | ᠴᠢᠳᠠᠨ᠎ᠠ᠃ ᠠᠩᠬᠠᠷᠬᠤ᠂ ᠪᠤᠷᠳᠤᠭᠠᠨ ᠳᠤ ᠬᠤᠷᠤᠬᠠᠢ ᠲᠠᠭᠤᠬᠤ ᠡᠮ ᠢ ᠨᠡᠮᠡᠵᠦ ᠲᠡᠵᠢᠭᠡᠬᠦ ᠳᠤ ᠡᠷᠭᠡᠪᠰᠢ ᠵᠢᠭᠳᠡ | ᠬᠤᠯᠢᠵᠦ᠂ ᠵᠠᠷᠢᠮ ᠦᠬᠡᠷ ᠤᠨ ᠤᠯᠵᠤ ᠢᠳᠡᠭᠰᠡᠨ ᠦᠬᠡᠢ ᠠᠴᠠ ᠪᠤᠯᠵᠤ ᠬᠤᠷᠤᠬᠠᠢ ᠲᠠᠭᠤᠬᠤ ᠦᠷ᠎ᠡ ᠳ᠋ᠦ᠋ᠩ ᠢ | ᠨᠦᠯᠦᠭᠡᠯᠡᠬᠦ ᠠᠴᠠ ᠪᠤᠯᠭᠤᠮᠵᠢᠯᠠᠨ᠎ᠠ᠃ | ᠢᠳᠡᠰᠢᠨ ᠦᠬᠡᠷ ᠤᠨ ᠪᠡᠶ᠎ᠡ ᠶᠢᠨ ᠭᠠᠳᠠᠷᠭᠤ ᠳᠠᠬᠢ ᠮᠦᠯᠵᠢᠭᠦᠷ ᠬᠤᠷᠤᠬᠠᠢ ᠶᠢ ᠠᠷᠢᠯᠭᠠᠬᠤ ᠳᠤ ᠦᠷᠭᠦᠯᠵᠢ | ᠦᠳᠬᠡᠴᠡ 2%~5% ᠶᠢᠨ ᠳ᠋ᠢ ᠪᠠᠢ ᠴᠦᠩ ︵敌百虫︶ ᠤᠨ ᠠᠭᠤᠰᠤᠮᠠᠯ ᠢ ᠦᠬᠡᠷ ᠤᠨ ᠪᠡᠶ᠎ᠡ ᠳᠡᠭᠡᠷ᠎ᠡ | ᠲᠦᠷᠬᠢᠬᠦ ︵ᠦᠬᠡᠷ ᠲᠤ ᠠᠮᠠᠨ ᠰᠢᠩᠬᠡᠯᠢᠭ ᠵᠡᠭᠦᠯᠭᠡᠨ᠎ᠡ︶ ᠪᠤᠶᠤ ᠦᠳᠬᠡᠴᠡ 0. 3% ᠶᠢᠨ ᠬᠡᠳᠤ | ᠬᠦᠴᠢᠯᠳᠦ᠋ᠷᠦᠭᠴᠢᠳᠦ ᠡᠲ᠋ᠠ ᠬᠦᠴᠢᠯ ︵过氧乙酸︶ ᠢ ᠦᠬᠡᠷ ᠤᠨ ᠪᠡᠶ᠎ᠡ ᠳᠡᠭᠡᠷ᠎ᠡ ᠰᠦᠷᠴᠢᠵᠦ᠂ ᠲᠠᠬᠢᠨ | ᠦᠳᠬᠡᠴᠡ 0. 25% ᠶᠢᠨ ᠬᠠᠴᠢᠭ ᠴᠠᠪᠠᠷ ᠴᠢᠢᠳᠡᠮᠡᠭ ︵螨净乳剂︶ ᠢ ᠦᠬᠡᠷ ᠤᠨ ᠪᠦᠬᠦ ᠪᠡᠶ᠎ᠡ | ᠳᠡᠭᠡᠷ᠎ᠡ ᠨᠢᠭᠡ ᠤᠳᠠᠭ᠎ᠠ ᠲᠦᠷᠬᠢᠨ᠎ᠡ᠂ ᠠᠩᠬ᠎ᠠ ᠤᠳᠠᠭ᠎ᠠ ᠡᠮ ᠬᠡᠷᠡᠭᠯᠡᠭᠡᠳ ᠨᠢᠭᠡ ᠭᠠᠷᠠᠭ ᠪᠣᠯᠪᠠᠯ ᠳᠠᠬᠢᠵᠦ ᠨᠢᠭᠡ | ᠤᠳᠠᠭ᠎ᠠ ᠬᠡᠷᠡᠭᠯᠡᠨ᠎ᠡ᠃ ᠪᠤᠳᠠᠳᠠᠢ ᠬᠡᠷᠡᠭᠯᠡᠬᠦ ᠳᠤ ᠠᠩᠬᠠᠷᠬᠤ᠂ ᠡᠮ ᠤᠨ ᠬᠡᠷᠡᠭᠯᠡᠬᠦ ᠬᠡᠮᠵᠢᠶ᠎ᠡ ᠶᠢ ᠲᠤᠷ᠎ᠠ ᠪᠠᠷ | ᠨᠡᠮᠡᠭᠳᠡᠭᠦᠯᠵᠦ ᠪᠤᠯᠬᠤ ᠦᠬᠡᠢ᠃ ᠬᠡᠪ ᠤᠨ ᠪᠤᠰᠤ ᠪᠠᠶᠢᠳᠠᠯ ᠢᠯᠡᠷᠡᠪᠡᠯ ᠡᠮ ᠬᠡᠷᠡᠭᠯᠡᠬᠦ ᠪᠠᠨ ᠳᠤᠤᠷ᠎ᠠ ᠨᠢ ᠵᠤᠭᠰᠤᠵᠤ᠂ | ᠰᠢᠨᠵᠢ ᠲᠡᠮᠳᠡᠭ ᠬᠦᠨᠳᠤ ᠦᠬᠡᠷ ᠢ ᠪᠣᠯ ᠮᠡᠯ ᠤᠨ ᠡᠮᠴᠢ ᠶᠢ ᠵᠠᠯᠠᠵᠦ ᠭᠡᠮ ᠳᠤᠨᠢ ᠲᠠᠭᠠᠷᠠᠭᠤᠯᠵᠤ ᠵᠠᠰᠠᠨ᠎ᠠ᠃ | ᠬᠤᠷᠤᠬᠠᠢ ᠶᠢ ᠲᠤᠭᠲᠠᠮᠠᠯ ᠬᠤᠭᠤᠴᠠᠭ᠎ᠠ ᠪᠠᠷ ᠲᠠᠭᠤᠵᠦ᠂ ᠶᠡᠷᠦ ᠳᠡᠭᠡᠨ ᠤᠯᠠᠷᠢᠯ ᠪᠦᠷᠢ ᠳᠤ ᠨᠢᠭᠡ ᠤᠳᠠᠭ᠎ᠠ | ᠲᠠᠭᠤᠨ᠎ᠠ᠂ ᠬᠠᠮᠤᠭ ᠰᠠᠶᠢᠨ ᠫᠡᠷᠤᠫᠠ ᠬᠦᠬᠦᠷᠲᠦ ᠢᠮᠢᠳᠠᠽᠤᠯ ︵丙硫咪唑︶ ᠪᠠ ᠢ ᠸᠧᠢ | ᠪᠠᠺᠲ᠋ᠧᠷᠢ ᠶᠢᠨ ᠡᠳ᠋ ︵伊维菌素︶ ᠢ ᠬᠠᠮᠲᠤ ᠬᠡᠷᠡᠭᠯᠡᠨ᠎ᠡ᠃ ᠪᠤᠳᠠᠳᠠᠢ ᠬᠡᠷᠡᠭᠯᠡᠬᠦ ᠠᠷᠭ᠎ᠠ᠄ ᠫᠷᠤᠫᠢᠯ | ᠢᠮᠢᠳᠠᠽᠤᠯ ᠢ ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 15 ᠮᠢᠯᠢᠭᠷᠡᠮ ᠤᠤᠭᠤᠯᠭᠠᠬᠤ ᠶᠢᠨ ᠬᠠᠮᠲᠤ | ᠪᠤᠯᠴᠢᠩ ᠳᠤᠨᠢ 0.1% ᠶᠢᠨ ᠢ ᠸᠧᠢ ᠪᠠᠺᠲ᠋ᠧᠷᠢ ᠶᠢᠨ ᠡᠳ᠋ ᠢ ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 0.2 | ᠮᠢᠯᠢᠭᠷᠡᠮ ᠲᠠᠷᠢᠨ᠎ᠠ᠂ ᠢᠩᠬᠢᠵᠦ ᠬᠠᠮᠲᠦ ᠬᠡᠷᠡᠭᠯᠡᠪᠡᠯ ᠳᠡᠭᠡᠷ᠎ᠡ ᠶᠠᠷᠢᠭᠰᠠᠨ ᠮᠦᠯᠵᠢᠭᠦᠷ ᠬᠤᠷᠤᠬᠠᠢ ᠶᠢ ᠪᠦᠷ ᠮᠠᠰᠢ | ᠰᠠᠶᠢᠨ ᠠᠷᠢᠯᠭᠠᠵᠦ ᠴᠢᠳᠠᠨ᠎ᠠ᠃ | ᠬᠤᠳᠤᠭᠤᠳᠤ ᠶᠢ ᠰᠠᠶᠢᠵᠢᠷᠠᠭᠤᠯᠬᠤ᠄ ᠲᠡᠵᠢᠭᠡᠬᠦ ᠠᠷᠭ᠎ᠠ ᠵᠤᠬᠢᠰ ᠦᠬᠡᠢ ᠪᠤᠶᠤ ᠪᠤᠷᠳᠤᠭ᠎ᠠ ᠴᠡᠪᠡᠷ ᠦᠭᠡᠢ | ᠵᠡᠷᠭᠡ ᠰᠢᠯᠲᠠᠭᠠᠨ ᠠᠴᠠ ᠢᠳᠡᠰᠢᠨ ᠦᠬᠡᠷ ᠤᠨ ᠭᠦᠵᠡᠭᠡ᠂ ᠰᠠᠷᠬᠢᠨᠠᠭ ᠲᠤ ᠠᠮᠠᠷᠬᠠᠨ ᠬᠤᠯᠢᠴᠠ ᠪᠤᠳᠠᠰ ᠦᠯᠡᠳᠡᠭᠡᠳ | ᠂ ᠢᠳᠡᠭᠡᠨ ᠤ ᠲᠤᠷᠠᠰᠢᠯ ᠪᠠ ᠰᠢᠩᠭᠡᠭᠡᠯᠲᠡ ᠶᠢ ᠮᠠᠭᠤᠲᠠᠭᠤᠯᠬᠤ ᠪᠣᠯᠣᠨ᠎ᠠ᠃ ᠡᠨᠡ ᠦᠶᠡᠰ ᠦᠯᠦᠨ ᠢᠶᠠᠷ ᠦᠳᠬᠡᠴᠡ | 1% ᠶᠢᠨ ᠪᠠᠭ᠎ᠠ ᠰᠤᠳᠠ ᠲᠠᠢ ᠤᠰᠤ ᠶᠢ ᠴᠢᠳᠬᠤᠨ ᠤᠤᠭᠤᠯᠭᠠᠵᠤ᠂ ᠢᠳᠡᠰᠢᠨ ᠦᠬᠡᠷ ᠬᠤᠯᠢᠴᠠ ᠪᠤᠳᠠᠰ ᠢ | ᠭᠠᠳᠠᠭᠰᠢᠯᠠᠭᠤᠯᠤᠭᠰᠠᠨ ︵ᠬᠠᠷ᠎ᠠ ᠦᠩᠭᠡ ᠲᠠᠢ ᠰᠢᠩᠭᠡᠨ ᠪᠠᠭᠠᠰᠦ ᠪᠠᠷ ᠮᠠᠭᠠᠳᠯᠠᠬᠤ ᠪᠠᠷᠢᠮᠵᠢᠶ᠎ᠠ ᠪᠤᠯᠭᠠᠨ᠎ᠠ︶ ᠤ | ᠲᠠᠷᠠᠭ᠎ᠠ ᠲᠠᠬᠢᠨ ᠡᠬᠢᠯᠡᠵᠦ ᠪᠤᠷᠳᠤᠬᠤ ᠪᠤᠷᠳᠤᠭ᠎ᠠ ᠪᠠᠷ ᠲᠡᠵᠢᠭᠡᠨ᠎ᠡ᠃ ᠬᠤᠷᠤᠬᠠᠢ ᠲᠠᠭᠤᠭᠠᠳ 3 ᠡᠳᠤᠷ | ᠪᠤᠯᠤᠭᠰᠠᠨ ᠤ ᠲᠠᠷᠠᠭ᠎ᠠ ᠢᠳᠡᠭᠡᠨ ᠤ ᠲᠤᠷᠠᠰᠢᠯ ᠢ ᠨᠡᠮᠡᠭᠳᠡᠭᠦᠯᠵᠦ᠂ ᠰᠢᠩᠭᠡᠭᠡᠯᠲᠡ ᠶᠢ ᠰᠠᠶᠢᠵᠢᠷᠠᠭᠤᠯᠬᠤ ᠶᠢᠨ | ᠲᠦᠯᠦᠭᠡ᠂ ᠬᠤᠳᠤᠭᠤᠳᠤ ᠶᠢ 1 ᠤᠳᠠᠭ᠎ᠠ ᠳᠤ ᠰᠠᠶᠢᠵᠢᠷᠠᠭᠤᠯᠤᠨ᠎ᠠ᠃ ᠭᠡᠬᠦ ᠳᠤ ᠪᠠᠨ ᠬᠤᠳᠤᠭᠤᠳᠤ | ᠰᠠᠶᠢᠵᠢᠷᠠᠭᠤᠯᠬᠤ ᠡᠮ ᠢ ᠬᠡᠷᠡᠭᠯᠡᠵᠦ ᠬᠤᠳᠤᠭᠤᠳᠤ ᠬᠡᠳᠡᠰᠦᠨ ᠤ ᠠᠵᠢᠯᠯᠠᠭ᠎ᠠ ᠶᠢ ᠲᠤᠬᠢᠷᠠᠭᠤᠯᠵᠤ ᠪᠤᠯᠤᠨ᠎ᠠ᠂ | ᠵᠢᠱᠢᠶᠡᠯᠡᠪᠡᠯ ᠬᠤᠳᠤᠭᠤᠳᠤ ᠰᠠᠶᠢᠵᠢᠷᠠᠭᠤᠯᠬᠤ ᠲᠠᠯᠬ᠎ᠠ ︵健胃散︶᠂ ᠬᠢᠮᠠᠯ ᠲᠠᠪᠤᠰᠦ ︵人工盐︶᠂ | ᠬᠤᠳᠤᠭᠤᠳᠤᠨ ᠤᠭᠤᠷᠠᠭ ᠤᠨ ᠢᠰᠬᠡᠭᠦᠷ ︵胃蛋白酶︶᠂ ᠨᠦᠢᠷ ᠤᠨ ᠤᠭᠤᠷᠠᠭ ᠤᠨ ᠢᠰᠬᠡᠭᠦᠷ ︵胰蛋 | 白酶︶᠂ ᠵᠦᠯᠭᠡᠨ ᠴᠢᠮᠡᠭ ᠤᠨ ᠴᠢᠩᠬᠢ ︵龙胆酊︶ ᠵᠡᠷᠭᠡ ᠶᠢ ᠬᠡᠷᠡᠭᠯᠡᠵᠦ ᠪᠣᠯᠣᠨ᠎ᠠ᠂ ᠶᠡᠷᠦ ᠳᠡᠭᠡᠨ | ᠬᠤᠳᠤᠭᠤᠳᠤ ᠶᠢ ᠰᠠᠶᠢᠵᠢᠷᠠᠭᠤᠯᠤᠭᠰᠠᠨ ᠤ ᠳᠠᠷᠠᠭ᠎ᠠ ᠦᠬᠡᠷ ᠴᠤᠭ ᠰᠦᠯᠳᠡ ᠲᠠᠢ ᠪᠣᠯᠵᠤ᠂ ᠢᠳᠡᠭᠡᠨ ᠤ ᠲᠤᠷᠠᠰᠢᠯ | ᠨᠡᠮᠡᠭᠳᠡᠬᠦ ᠪᠣᠯᠣᠨ᠎ᠠ᠃ | ᠢᠳᠡᠰᠢᠨ ᠦᠬᠡᠷ ᠤᠨ ᠬᠤᠳᠤᠭᠤᠳᠤ ᠶᠢ ᠰᠠᠶᠢᠵᠢᠷᠠᠭᠤᠯᠬᠤ ᠠᠷᠭ᠎ᠠ ᠤᠯᠠᠨ ᠪᠤᠢ᠂ ᠡᠭᠦᠨ ᠳᠤ ᠦᠬᠡᠷ | ᠪᠦᠷᠢ ᠳᠤ ᠬᠢᠮᠠᠯ ᠲᠠᠪᠤᠰᠦ ᠶᠢ 60~100 ᠭᠷᠡᠮ ᠤᠤᠭᠤᠯᠭᠠᠬᠤ ᠪᠤᠶᠤ ᠬᠤᠳᠤᠭᠤᠳᠤ ᠰᠠᠶᠢᠵᠢᠷᠠᠭᠤᠯᠬᠤ | ᠲᠠᠯᠬ᠎ᠠ ᠶᠢ 350~450 ᠭᠷᠡᠮ ᠢᠶᠠᠷ ᠡᠳᠤᠷ ᠪᠦᠷᠢ 1 ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠵᠦ | ᠪᠣᠯᠣᠨ᠎ᠠ᠃ ᠵᠠᠷᠢᠮ ᠡᠴᠡᠩᠬᠡᠢ ᠦᠬᠡᠷ ᠲᠤ ᠬᠤᠳᠤᠭᠤᠳᠤ ᠰᠠᠶᠢᠵᠢᠷᠠᠭᠤᠯᠬᠤ ᠲᠠᠯᠬ᠎ᠠ ᠶᠢ ᠴᠢᠳᠬᠤᠨ | ᠤᠤᠭᠤᠯᠭᠠᠭᠰᠠᠨ ᠤ ᠲᠠᠷᠠᠭ᠎ᠠ ᠳᠠᠬᠢᠨ ᠢᠰᠬᠡᠭᠴᠢ ᠨᠤᠨᠳᠠᠭ ︵酵母 粉︶ ᠢ ᠡᠳᠤᠷ ᠪᠦᠷᠢ 1 ᠤᠳᠠᠭ᠎ᠠ᠂ | ᠤᠳᠠᠭ᠎ᠠ ᠪᠦᠷᠢ 250 ᠭᠷᠡᠮ ᠴᠢᠳᠬᠤᠨ ᠤᠤᠭᠤᠯᠭᠠᠵᠦ ᠪᠣᠯᠣᠨ᠎ᠠ᠂ ᠪᠠᠰᠠ 50~100 ᠢᠰᠬᠡᠭᠴᠢ ᠬᠠᠪᠲᠠᠭᠠᠢ | ︵酵母 片︶ ᠪᠠ ᠳ᠋ᠢ ᠪᠠᠢ ᠴᠦᠩ ᠢ ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ 0.05 ᠭᠷᠡᠮ ᠢᠶᠠᠷ ᠡᠳᠤᠷ | ᠪᠦᠷᠢ 1 ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠵᠤ ᠪᠣᠯᠣᠨ᠎ᠠ᠃ ᠡᠭᠦᠨ ᠠᠴᠠ ᠭᠠᠳᠠᠨ᠎ᠠ᠂ ᠲᠦᠮᠦᠰᠦᠳᠤ | ᠰᠠᠬᠠᠯ ᠡᠪᠡᠰᠦ 75 ᠭᠷᠡᠮ᠂ ᠵᠦᠷᠵᠢ ᠶᠢᠨ ᠬᠠᠯᠢᠰᠦ 50 ᠭᠷᠡᠮ᠂ ᠯᠤᠤᠪᠠᠩ ᠤᠨ ᠦᠷ᠎ᠡ 75 ᠭᠷᠡᠮ᠂ ᠶᠠᠰᠤᠯᠢᠭ | ᠵᠦᠷᠵᠢ ᠶᠢᠨ ᠬᠠᠯᠢᠰᠦ 75 ᠭᠷᠡᠮ᠂ ᠨᠠᠷᠠᠰᠦᠨ ᠮᠤᠳᠤᠨ ᠤ ᠦᠷ᠎ᠡ 5 ᠭᠷᠡᠮ᠂ ᠲᠤᠯᠤᠨᠤ 100 ᠭᠷᠡᠮ᠂ ᠬᠦᠷᠦᠩᠭᠡ | 100 ᠭᠷᠡᠮ᠂ ᠬᠤᠶᠠᠭᠳᠤ ᠠᠷᠪᠠᠢ ᠶᠢᠨ ᠨᠠᠬᠢᠶ᠎ᠠ 100 ᠭᠷᠡᠮ᠂ ᠪᠢᠩᠯᠠᠩ 50 ᠭᠷᠡᠮ᠂ ᠲᠠᠩᠬᠠᠢ 50 ᠭᠷᠡᠮ᠂ | ᠬᠠᠷ᠎ᠠ ᠡᠮ 50 ᠭᠡᠷᠡᠮ᠂ ᠰᠢᠬᠢᠷ ᠡᠪᠡᠰᠦ 50 ᠭᠷᠡᠮ ᠢ ᠴᠢᠨᠠᠭᠠᠳ ᠨᠢᠭᠡ ᠤᠳᠠᠭ᠎ᠠ ᠳᠤ ᠤᠤᠭᠤᠯᠭᠠᠨ᠎ᠠ᠂ ᠦᠬᠡᠷ | ᠪᠦᠷᠢ ᠳᠤ ᠡᠳᠤᠷ ᠲᠤ ᠨᠢᠭᠡ ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠪᠠᠯ᠂ ᠢᠳᠡᠰᠢᠨ ᠦᠬᠡᠷ ᠤᠨ | ᠢᠳᠡᠭᠡᠨ ᠤ ᠲᠤᠷᠠᠰᠢᠯ ᠨᠡᠮᠡᠭᠳᠡᠬᠦ ᠪᠣᠯᠣᠨ᠎ᠠ᠃ | ᠬᠤᠳᠤᠭᠤᠳᠤ ᠶᠢ ᠰᠠᠶᠢᠵᠢᠷᠠᠭᠤᠯᠤᠭᠰᠠᠨ ᠤ ᠳᠠᠷᠠᠭ᠎ᠠ ᠢᠳᠡᠰᠢᠨ ᠦᠬᠡᠷ ᠴᠤᠭ ᠰᠦᠯᠳᠡ ᠲᠠᠢ ᠪᠣᠯᠵᠤ᠂ | ᠢᠳᠡᠭᠡᠨ ᠤ ᠲᠤᠷᠠᠰᠢᠯ ᠰᠠᠶᠢᠵᠢᠷᠠᠬᠤ ᠪᠣᠯᠣᠨ᠎ᠠ᠃ ᠬᠡᠷᠪᠡ ᠵᠠᠷᠢᠮ ᠢᠳᠡᠰᠢᠨ ᠦᠬᠡᠷ ᠤᠨ ᠢᠳᠡᠭᠡᠨ ᠤ ᠲᠤᠷᠠᠰᠢᠯ | ᠮᠦᠨ ᠮᠠᠭᠤ ᠪᠠᠶᠢᠪᠠᠯ᠂ ᠦᠬᠡᠷ ᠪᠦᠷᠢ ᠳᠤ ᠬᠠᠭᠤᠷᠠᠢ ᠢᠰᠬᠡᠭᠴᠢ ᠬᠠᠪᠲᠠᠭᠠᠢ ︵干酵母︶ ᠡᠮ ᠢ 50 | ᠮᠦᠬᠦᠯᠢᠭ ᠢᠳᠡᠭᠦᠯᠦᠨ᠎ᠡ᠃ ᠬᠡᠷᠪᠡ ᠢᠳᠡᠰᠢᠨ ᠦᠬᠡᠷ ᠤᠨ ᠪᠠᠭᠠᠰᠦ ᠬᠠᠲᠠᠭᠤ ᠪᠠᠶᠢᠪᠠᠯ ᠦᠬᠡᠷ ᠪᠦᠷᠢ ᠳᠤ | 20~30 ᠭᠷᠡᠮ ᠨᠡᠶᠢᠯᠡᠮᠡᠯ ᠸᠢᠲ᠋ᠠᠮᠢᠨ ᠪᠠ ᠪᠠᠭ᠎ᠠ ᠬᠡᠮᠵᠢᠶᠡᠨ ᠤ ᠤᠷᠭᠤᠮᠠᠯ ᠤᠨ ᠲᠤᠰᠤ ᠢᠳᠡᠭᠦᠯᠦᠨ᠎ᠡ᠃ | | ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ | ᠳᠡᠪᠰᠢᠭᠦᠯᠦᠭᠴᠢ᠄ ᠬᠠᠶᠢᠷ᠎ᠠ |