ᠠᠷᠢᠬᠢ ᠤᠤᠭᠤᠪᠠᠯ ᠴᠢᠷᠠᠶ ᠨᠢ ᠤᠯᠠᠶᠢᠳᠠᠭ ᠬᠥᠮᠦᠨ ᠬᠤᠷᠳᠤᠨ ᠠᠷᠢᠬᠢ ᠪᠠᠨ ᠵᠣᠭᠰᠣ︕ ᠰᠤᠳᠤᠯᠭᠠᠨ  ᠢᠶᠠᠷ ᠤᠯᠵᠤ ᠮᠡᠳᠡᠭᠰᠡᠨ ᠨᠢ᠄ ᠠᠷᠢᠬᠢ ᠤᠤᠭᠤᠪᠠᠯ ᠴᠢᠷᠠᠶ ᠨᠢ ᠤᠯᠠᠶᠢᠳᠠᠭ ᠬᠥᠮᠦᠨ ᠠᠮᠠᠷᠬᠠᠨ ᠥᠮᠡᠨ ᠳᠤ ᠨᠡᠷᠪᠡᠭᠳᠡᠵᠦ ᠮᠡᠳᠡᠨ᠎ᠡ
ᠨᠡᠶᠢᠲᠡᠯᠡᠭᠰᠡᠨ ᠴᠠᠭ᠄
2023/11/22
ᠠᠷᠢᠬᠢ ᠤᠤᠭᠤᠪᠠᠯ ᠴᠢᠷᠠᠶ ᠨᠢ ᠤᠯᠠᠶᠢᠳᠠᠭ ᠬᠥᠮᠦᠨ ᠬᠤᠷᠳᠤᠨ ᠠᠷᠢᠬᠢ ᠪᠠᠨ ᠵᠣᠭᠰᠣ︕ ᠰᠤᠳᠤᠯᠭᠠᠨ ᠢᠶᠠᠷ ᠤᠯᠵᠤ ᠮᠡᠳᠡᠭᠰᠡᠨ ᠨᠢ᠄ ᠠᠷᠢᠬᠢ ᠤᠤᠭᠤᠪᠠᠯ ᠴᠢᠷᠠᠶ ᠨᠢ ᠤᠯᠠᠶᠢᠳᠠᠭ ᠬᠥᠮᠦᠨ ᠠᠮᠠᠷᠬᠠᠨ ᠥᠮᠡᠨ ᠳᠤ ᠨᠡᠷᠪᠡᠭᠳᠡᠵᠦ ᠮᠡᠳᠡᠨ᠎ᠡ        ᠵᠠᠷᠢᠮ ᠬᠥᠮᠦᠨ ᠬᠡᠳᠦᠨ ᠤᠭᠤᠴᠢ ᠠᠷᠢᠬᠢ  ᠤᠤᠭᠤᠪᠠᠯ  ᠴᠢᠷᠠᠶ ᠨᠢ  ᠤᠯᠠᠶᠢᠳᠠᠭ᠂  ᠣᠯᠠᠩᠬᠢ  ᠬᠥᠮᠦᠨ  ︽ᠠᠷᠢᠬᠢ‌ᠤᠤᠭᠤᠪᠠᠯ ᠴᠢᠷᠠᠶ ᠨᠢ ᠤᠯᠠᠶᠢᠬᠤ︾ ᠶᠢ ᠠᠷᠢᠬᠢᠨ ᠳᠠᠭᠠᠨ  ᠮᠠᠭᠤ  ᠭᠡᠵᠦ  ᠦᠵᠡᠳᠡᠭ᠂  ᠦᠨᠡᠨ ᠳᠡᠭᠡᠨ  ᠡᠨᠡ ᠨᠢ  ᠠᠷᠢᠬᠢᠨ ‍ᠤ‌‍ᠬᠡᠮᠵᠢᠶ᠎ᠡ ᠲᠠᠢ ᠬᠠᠮᠢᠶ᠎ᠠ ᠦᠭᠡᠢ᠂ ᠭᠧᠨ ᠤ ᠳᠤᠲᠠᠭᠳᠠᠯ ᠲᠠᠢ ᠪᠠᠶᠢᠵᠤ ᠮᠡᠳᠡᠨ᠎ᠡ︕ ᠠᠷᠢᠬᠢ ᠤᠤᠭᠤᠪᠠᠯ  ᠴᠢᠷᠠᠶ  ᠨᠢ  ᠤᠯᠠᠶᠢᠳᠠᠭ ᠬᠥᠮᠦᠨ ᠢ ᠬᠤᠷᠳᠤᠨ ᠠᠷᠢᠬᠢ ᠪᠠᠨ ᠵᠣᠭᠰᠣ ᠭᠡᠵᠦ ᠰᠠᠨᠠᠭᠤᠯᠤᠶ᠎ᠠ︕  ᠠᠷᠢᠬᠢ ᠤᠤᠭᠤᠪᠠᠯ ᠴᠢᠷᠠᠶ ᠨᠢ ᠤᠯᠠᠶᠢᠳᠠᠭ ᠨᠢ ᠭᠧᠨ ᠤ ᠳᠤᠲᠠᠭᠳᠠᠯ ᠲᠠᠢ ᠪᠠᠶᠢᠵᠤ ᠮᠡᠳᠡᠨ᠎ᠡ ᠂ ᠠᠷᠢᠬᠢ ᠤᠤᠭᠤᠪᠠᠯ ᠠᠮᠠᠷᠬᠠᠨ ᠴᠢᠷᠠᠢ ᠨᠢ ᠤᠯᠠᠶᠢᠳᠠᠭ ᠬᠥᠮᠦᠨ ᠤ ᠡᠲ᠋ᠢᠯ  ᠠᠯᠳᠧᠭᠢᠳ᠋ ᠤᠨ  ᠤᠰᠤᠲᠥ᠋ᠷᠥᠭᠴᠢ‌ᠦᠭᠡᠶᠢᠳᠡᠭᠦᠯᠬᠦ ᠢᠰᠬᠡᠭᠦᠷ 2 ᠤᠨ ᠤᠳᠤᠮᠯᠠᠯ ᠤᠨ  ᠭᠧᠨ ᠤ  ᠳᠤᠲᠠᠭᠳᠠᠯ ᠲᠠᠢ  ᠪᠠᠶᠢᠵᠤ  ᠮᠡᠳᠡᠨ᠎ᠡ᠂  ᠡᠲ᠋ᠢᠯ  ᠠᠯᠳᠧᠭᠢᠳ᠋ ‍ᠤᠨ‌ᠤᠰᠤᠲᠥ᠋ᠷᠥᠭᠴᠢ ᠦᠭᠡᠶᠢᠳᠡᠭᠦᠯᠬᠦ ᠢᠰᠬᠡᠭᠦᠷ 2 ᠤᠨ ᠢᠰᠬᠡᠭᠦᠷ ᠤᠨ ᠢᠳᠡᠪᠬᠢ ᠴᠢᠨᠠᠷ ᠢᠯᠡᠳᠲᠡ ᠪᠠᠭᠤᠷᠠᠪᠠᠯ᠂ ᠡᠲ᠋ᠢᠯ ᠠᠯᠳᠧᠭᠢᠳ᠋ ᠪᠡᠶ᠎ᠡ ᠶᠢᠨ ᠳᠣᠲᠣᠷ᠎ᠠ ᠲᠤᠨᠵᠤ᠂ ᠲᠥᠪ ᠮᠡᠳᠡᠷᠡᠯ ᠳᠤ ᠦᠢᠯᠡᠳᠦᠯ  ᠦᠵᠡᠭᠦᠯᠵᠦ᠂  ᠬᠦᠮᠦᠨ  ᠳᠤ  ᠲᠣᠯᠣᠭᠠᠢ  ᠡᠷᠭᠢᠬᠦ᠂  ᠴᠢᠷᠠᠢ ᠤᠯᠠᠶᠢᠬᠤ᠂ ᠳᠤᠷ᠎ᠠ ᠪᠤᠯᠭᠢᠬᠤ ᠵᠡᠷᠭᠡ ᠢᠯᠡᠷᠡᠯ ᠰᠢᠨᠵᠢ  ᠭᠠᠷᠬᠤ ᠶᠢᠨ  ᠬᠠᠮᠲᠤ  ᠵᠢᠷᠦᠬᠡ  ᠴᠢᠰᠤᠨ  ᠰᠤᠳᠠᠯ ᠤᠨ  ᠡᠪᠡᠳᠴᠢᠨ ᠤ ᠲᠦᠭᠰᠢᠭᠦᠷᠢ ᠴᠦ ᠢᠯᠡᠷᠬᠡᠢ ᠨᠡᠮᠡᠭᠳᠡᠳᠡᠭ᠃  ᠠᠷᠢᠬᠢ ᠤᠤᠭᠤᠪᠠᠯ ᠠᠮᠠᠷᠬᠠᠨ ᠴᠢᠷᠠᠢ ᠨᠢ ᠤᠯᠠᠶᠢᠳᠠᠭ ᠬᠥᠮᠦᠨ ᠨᠡᠩ ᠠᠮᠠᠷᠬᠠᠨ ᠥᠮᠡᠨ ᠳᠤ ᠨᠡᠷᠪᠡᠭᠳᠡᠳᠡᠭ  ᠵᠧᠵᠢᠶᠠᠩ ᠶᠡᠭᠡ ᠰᠤᠷᠭᠠᠭᠤᠯᠢ ᠶᠢᠨ  ᠠᠨᠠᠭᠠᠬᠤ  ᠤᠬᠠᠭᠠᠨ ᠤ  ᠳᠡᠭᠡᠳᠦ  ᠰᠤᠷᠭᠠᠭᠤᠯᠢ ᠶᠢᠨ  ᠬᠠᠷᠢᠶᠠᠲᠤ  ᠨᠢᠭᠡᠳᠦᠭᠡᠷ‌ᠡᠮᠨᠡᠯᠭᠡ ᠶᠢᠨ ᠬᠤᠷᠢᠶ᠎ᠠ ᠶᠢᠨ ᠰᠢᠩᠭᠡᠭᠡᠯᠲᠡ ᠶᠢᠨ ᠳᠣᠲᠣᠷ ᠰᠠᠯᠠᠭᠠᠨ ᠤ ᠳᠡᠳ᠋ ᠡᠷᠬᠢᠯᠡᠭᠴᠢ ᠡᠮᠴᠢ ᠵᠧᠤ ᠰᠢᠨ ᠰᠢᠨ  ᠡᠮᠴᠢ  ᠬᠡᠯᠡᠬᠦ ᠳᠡᠭᠡᠨ᠂ ᠵᠠᠷᠢᠮ ᠬᠥᠮᠦᠨ ᠠᠩᠬ᠎ᠠ ᠠᠷᠢᠬᠢ ᠤᠤᠭᠤᠵᠤ ᠡᠬᠢᠯᠡᠬᠦ ᠳᠡᠭᠡᠨ ᠴᠢᠷᠠᠶ  ᠨᠢ ᠤᠯᠠᠶᠢᠬᠤ᠂  ᠵᠢᠷᠦᠬᠡ  ᠨᠢ  ᠲᠦᠭᠰᠢᠬᠦ  ᠵᠡᠷᠭᠡ‌ᠡᠪᠡᠳᠴᠢᠨ ᠤ ᠢᠯᠡᠷᠡᠯ ᠰᠢᠨᠵᠢ ᠭᠠᠷᠳᠠᠭ᠂ ᠵᠠᠯᠭ᠎ᠠ ᠠᠷᠢᠬᠢ ᠤᠤᠭᠤᠬᠤ ︽ᠪᠣᠯᠪᠠᠰᠤᠷᠠᠯ︾ ᠠᠴᠠ ᠪᠣᠯᠵᠣ᠂ ᠡᠲ᠋ᠢᠯ  ᠠᠯᠳᠧᠭᠢᠳ᠋ ‍ᠤᠨ‌‍ᠲ᠋ᠡᠰᠪᠦᠷᠢᠲᠦ ᠴᠢᠨᠠᠷ ᠢ ᠪᠣᠶ ᠪᠣᠯᠭᠠᠵᠤ᠂ ᠵᠠᠯᠭᠠᠭᠠᠳ ᠶᠡᠭᠡ ᠬᠡᠮᠵᠢᠶ᠎ᠡ ᠪᠠᠷ ᠠᠷᠢᠬᠢ  ᠤᠤᠭᠤᠳᠠᠭ᠂  ᠡᠲ᠋ᠢᠯ  ᠠᠯᠳᠧᠭᠢᠳ᠋ ᠨᠢ  ᠪᠡᠶ᠎ᠡ‌‍ᠲ᠋ᠣᠲᠣᠷ᠎ᠠ ᠠᠴᠠ ᠭᠠᠳᠠᠬᠰᠢᠯᠠᠵᠤ ᠴᠢᠳᠠᠬᠤ ᠥᠬᠡᠶ ᠣᠷᠳᠣ ᠬᠤᠭᠤᠴᠠᠭ᠎ᠠ ᠪᠠᠷ  ᠪᠡᠶ᠎ᠡ  ᠲᠤᠳᠤᠷ᠎ᠠ  ᠪᠠᠶᠢᠭᠠᠳ  ᠪᠠᠶᠢᠪᠠᠯ  ᠥᠮᠡᠨ‌ᠡᠭᠦᠰᠭᠡᠬᠦ ᠲᠦᠭᠰᠢᠭᠦᠷᠢ ᠨᠢ ᠮᠠᠰᠢ ᠶᠡᠭᠡ ᠪᠤᠯᠳᠠᠭ᠂ ᠡᠶᠢᠮᠦ ᠠᠴᠠ ᠡᠲᠡᠭᠡᠷ ᠬᠥᠮᠦᠰ ᠨᠢ ᠬᠠᠷᠢᠨ  ᠨᠠᠩ  ᠠᠮᠠᠷᠬᠠᠨ  ᠵᠠᠯᠭᠢᠭᠤᠷ ‍ᠤᠨ‌ᠥᠮᠡᠨ᠂ ᠤᠯᠠᠭᠠᠨ ᠬᠤᠭᠤᠯᠠᠶ ᠶᠢᠨ ᠥᠮᠡᠨ ᠣᠯᠳᠠᠭ ᠬᠡᠪᠡ᠃   2020 ᠣᠨ ᠳᠤ ︽ᠰᠢᠨᠵᠢᠯᠡᠬᠦ ᠤᠬᠠᠭᠠᠨ ᠤ ᠠᠬᠢᠴᠠ︾ ᠬᠡᠬᠦ  ᠨᠡᠷᠡᠳᠦ  ᠰᠡᠳᠬᠦᠯ  ᠳᠤ  ᠨᠡᠶᠢᠲᠡᠯᠡᠭᠰᠡᠨ  ᠨᠢᠭᠡᠨ‌‍ᠰᠤᠳᠤᠯᠭᠠᠨ ᠳᠤ ᠠᠷᠢᠬᠢ ᠤᠤᠭᠤᠪᠠᠯ ᠠᠮᠠᠷᠬᠠᠨ ᠴᠢᠷᠠᠢ ᠨᠢ ᠤᠯᠠᠶᠢᠳᠠᠭ ᠬᠥᠮᠦᠨ  ᠤ  ᠬᠤᠳᠣᠭᠤᠳᠣᠨ  ᠥᠮᠡᠨ ᠳᠤ  ᠨᠡᠷᠪᠡᠭᠳᠡᠬᠦ ᠲᠦᠭᠰᠢᠭᠦᠷᠢ ᠨᠠᠩ ᠶᠡᠭᠡ ᠪᠠᠶᠢᠳᠠᠭ ᠬᠡᠵᠡᠢ᠃ᠢᠷᠡᠯᠲᠡ᠄  ᠠᠷᠠᠤᠨ ᠤᠨ  ᠰᠦᠯᠵᠢᠶ᠎ᠡᠳᠡᠪᠰᠢᠭᠦᠯᠦᠭᠴᠢ᠄  ᠲᠡᠷᠭᠡᠯ
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2