ᠮᠠᠨ ᠤ ᠤᠷᠤᠨ ᠳᠤ 《ᠨᠢᠭᠡ ᠰᠦᠷᠴᠢᠯᠲᠡ ᠪᠠᠷ ᠣᠯᠠᠨ ᠳᠠᠯ᠎ᠠ ᠶᠢ ᠠᠬᠢᠭᠤᠯᠬᠤ》 3.58 ᠳ᠋ᠦ᠋ᠩᠰᠢᠭᠤᠷ ᠭᠠᠷᠤᠢ | ᠲᠥᠭᠦᠷᠢᠭ ᠤᠨ ᠨᠦᠬᠦᠪᠤᠷᠢ ᠪᠠᠭᠤᠯᠭᠠᠪᠠ | | ᠵᠤᠬᠢᠶᠠᠭᠴᠢ᠄ ᠭᠤᠸ᠎ᠠ | | | ᠮᠠᠨ ᠤ ᠣᠷᠣᠨ ᠤ ᠡᠷᠳᠡᠨᠢ ᠰᠢᠰᠢ ᠪᠠ ᠰᠢᠷ᠎ᠠ ᠪᠤᠷᠴᠠᠭ ᠶᠠᠭ ᠢᠳᠡᠬᠡᠰᠢᠵᠤ ᠪᠤᠯᠪᠠᠰᠤᠷᠠᠬᠤ ᠵᠠᠩᠬᠢᠯᠠᠭ᠎ᠠ | ᠶᠢᠨ ᠬᠤᠭᠤᠴᠠᠭᠠᠨ ᠳᠤ ᠤᠷᠤᠪᠠ᠃ 《ᠪᠠᠶᠠᠷ ᠲᠠᠬᠡᠷ᠎ᠡ ᠪᠠᠶᠠᠷ᠂ ᠪᠠᠮᠪᠠᠷ ᠲᠠᠬᠡᠷ᠎ᠡ ᠰᠢᠬᠦᠷ》 ᠬᠡᠳᠡᠭᠴᠢᠯᠡᠨ ᠤᠶᠢᠷ᠎ᠠ | ᠳᠤ ᠤᠯᠤᠰ ᠠᠴᠠ ᠮᠠᠨ ᠤ ᠤᠷᠤᠨ ᠳᠤ 3.5898 ᠳ᠋ᠦ᠋ᠩᠰᠢᠭᠤᠷ ᠲᠥᠭᠦᠷᠢᠭ ᠤᠨ ᠡᠷᠳᠡᠨᠢ ᠰᠢᠰᠢ ᠪᠠ ᠰᠢᠷ᠎ᠠ | ᠪᠤᠷᠴᠠᠭ ᠤᠨ 《ᠨᠢᠭᠡ ᠰᠦᠷᠴᠢᠯᠲᠡ ᠪᠠᠷ ᠣᠯᠠᠨ ᠳᠠᠯ᠎ᠠ ᠶᠢ ᠠᠬᠢᠭᠤᠯᠬᠤ》 ᠨᠢᠭᠡ ᠯᠡ ᠤᠳᠠᠭ᠎ᠠ ᠶᠢᠨ ᠴᠢᠨᠠᠷᠲᠠᠢ | ᠨᠥᠬᠦᠪᠥᠷᠢ ᠪᠠᠭᠤᠯᠭᠠᠵᠤ᠂ ᠨᠠᠪᠴᠢᠨ ᠤ ᠪᠤᠷᠳᠤᠭᠤᠷ ᠪᠤᠶᠤ ᠳᠠᠷᠢᠶᠠᠨ ᠡᠮ ᠰᠦᠷᠴᠢᠭᠦ ᠪᠠᠷ ᠲᠠᠮᠵᠢᠨ ᠳᠠᠷᠢᠮᠠᠯ ᠤᠨ | ᠲᠣᠭᠲᠠᠭᠤᠨ ᠤᠷᠭᠤᠯᠳᠠ ᠶᠢ ᠠᠬᠢᠭᠤᠯᠬᠤ᠂ ᠢᠳᠡᠭᠡᠰᠢᠵᠤ ᠪᠣᠯᠪᠠᠰᠤᠷᠠᠬᠤ ᠶᠢ ᠠᠬᠢᠭᠤᠯᠬᠤ᠂ ᠭᠠᠮᠰᠢᠭ ᠤᠨ ᠳᠠᠷᠠᠭᠠᠬᠢ | ᠰᠡᠷᠭᠦᠭᠡᠯᠲᠡ ᠶᠢ ᠠᠬᠢᠭᠤᠯᠬᠤ᠂ ᠮᠦ ᠨᠢᠭᠡᠴᠢ ᠶᠢᠨ ᠤᠨᠠᠯᠲᠠ ᠶᠢᠨ ᠳᠡᠭᠡᠭᠰᠢᠯᠡᠯᠲᠡ ᠶᠢ ᠠᠬᠢᠭᠤᠯᠬᠤ ᠵᠢᠴᠢ ᠡᠪᠡᠳᠴᠢᠨ | ᠪᠠ ᠬᠤᠷᠣᠬᠠᠢ ᠰᠢᠪᠡᠵᠢ ᠶᠢᠨ ᠬᠦᠨᠦᠭᠡᠯ ᠢ ᠰᠡᠷᠭᠡᠶᠢᠯᠡᠬᠦ ᠳᠤ ᠬᠡᠷᠡᠭᠯᠡᠬᠦᠯᠵᠤ ᠪᠠᠶᠢᠨ᠎ᠠ᠃ | ᠮᠠᠨ ᠤ ᠣᠷᠣᠨ ᠡᠷᠳᠡᠨᠢ ᠰᠢᠰᠢ ᠪᠠ ᠰᠢᠷ᠎ᠠ ᠪᠤᠷᠴᠠᠭ ᠤᠨ 《ᠨᠢᠭᠡ ᠰᠦᠷᠴᠢᠯᠲᠡ ᠪᠠᠷ ᠣᠯᠠᠨ ᠳᠠᠯ᠎ᠠ | ᠶᠢ ᠠᠬᠢᠭᠤᠯᠬᠤ》 ᠠᠵᠢᠯ ᠤᠨ ᠨᠠᠶᠢᠳᠠᠪᠤᠷᠢᠵᠢᠭᠤᠯᠤᠯᠲᠠ ᠶᠢ ᠪᠦᠬᠦ ᠬᠦᠴᠦᠨ ᠢᠶᠠᠷ ᠢᠶᠠᠨ ᠠᠬᠢᠭᠤᠯᠵᠤ᠂ 《ᠲᠠᠪᠤ ᠶᠢ | ᠪᠣᠳᠠᠲᠠᠶᠢᠵᠢᠭᠤᠯᠬᠤ》᠂ 《ᠲᠠᠪᠤᠨ ᠦᠢᠯᠡᠴᠢᠯᠡᠭᠡ》᠂ 《ᠲᠠᠪᠤᠨ ᠬᠢᠨᠠᠯᠳᠠ ᠬᠠᠮᠢᠶᠠᠷᠤᠯᠳᠠ》 ᠪᠠᠷ ᠬᠦᠴᠦᠯᠡᠬᠦ | ᠴᠡᠭ ᠪᠣᠯᠭᠠᠨ ᠨᠦᠭᠦᠪᠦᠷᠢ ᠮᠦᠩᠭᠦ ᠶᠢ ᠰᠠᠶᠢᠳᠤᠷ ᠨᠠᠶᠢᠳᠠᠪᠤᠷᠢᠵᠢᠭᠤᠯᠵᠤ᠂ ᠪᠦᠬᠦ ᠤᠷᠤᠨ ᠤ ᠡᠷᠳᠡᠨᠢ ᠰᠢᠰᠢ ᠪᠠ | ᠰᠢᠷ᠎ᠠ ᠪᠤᠷᠴᠠᠭ ᠤᠨ ᠡᠯᠪᠡᠭ ᠬᠤᠷᠢᠶᠠᠯᠳᠠ ᠳᠤ ᠪᠠᠳᠤᠯᠠᠭ᠎ᠠ ᠬᠠᠩᠭᠠᠵᠤ ᠪᠠᠶᠢᠨ᠎ᠠ᠃ | ᠮᠠᠨ ᠤ ᠤᠷᠤᠨ ᠨᠦᠭᠦᠪᠦᠷᠢ ᠮᠦᠩᠭᠦ ᠶᠢ ᠪᠠᠭᠤᠯᠭᠠᠭᠰᠠᠨ ᠤ ᠳᠠᠷᠠᠭ᠎ᠠ᠂ ᠱᠠᠯᠠᠪᠳᠠᠨ ᠵᠣᠬᠢᠶᠠᠨ | ᠪᠠᠶᠢᠭᠤᠯᠤᠨ ᠬᠡᠷᠡᠭᠵᠢᠭᠦᠯᠵᠦ᠂ 《ᠲᠠᠪᠤ》 ᠶᠢ ᠪᠣᠳᠠᠲᠠᠶᠢᠵᠢᠭᠤᠯᠪᠠ᠃ ᠨᠢᠭᠡ ᠳᠤ ᠤᠯᠤᠰ ᠤᠨ ᠬᠠᠮᠢᠶ᠎ᠠ ᠪᠦᠬᠦᠢ | ᠱᠠᠭᠠᠷᠳᠠᠯᠭ᠎ᠠ ᠶᠢ ᠪᠤᠳᠠᠳᠠᠶᠢᠵᠢᠭᠤᠯᠵᠤ᠂ ᠡᠭᠦᠷᠭᠡ ᠪᠠ ᠬᠠᠷᠢᠭᠤᠴᠠᠯᠭ᠎ᠠ ᠶᠢ ᠠᠶᠢᠮᠠᠭ ᠬᠤᠲᠠ ᠬᠤᠰᠢᠭᠤ ᠰᠢᠶᠠᠨ ᠳᠤ | ᠬᠦᠷᠳᠡᠯ᠎ᠠ ᠨᠠᠶᠢᠳᠠᠪᠤᠷᠢᠵᠢᠭᠤᠯᠤᠨ᠂ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ᠂ ᠲᠠᠷᠢᠮᠠᠯ ᠤᠨ | ᠲᠣᠮᠣ ᠡᠷᠦᠬᠡ᠂ ᠲᠠᠷᠢᠶᠠᠯᠠᠬᠤ ᠡᠷᠦᠬᠡ ᠶᠢᠨ ᠰᠠᠨᠠᠭᠠᠴᠢᠯᠠᠭ᠎ᠠ ᠠᠴᠠ ᠪᠠᠨ ᠣᠷᠣᠯᠴᠠᠭᠰᠠᠨ ᠠᠵᠢᠯ ᠤᠨ ᠪᠠᠶᠢᠳᠠᠯ ᠢ ᠪᠣᠢ | ᠪᠣᠯᠭᠠᠪᠠ᠃ ᠬᠤᠶᠠᠷ ᠲᠤ ᠠᠵᠢᠯᠲᠠᠨ ᠢ ᠪᠣᠳᠠᠲᠠᠶᠢᠵᠢᠭᠤᠯᠵᠤ᠂ ᠥᠪᠡᠷᠲᠡᠭᠡᠨ ᠵᠠᠰᠠᠬᠤ ᠣᠷᠣᠨ ᠠᠴᠠ 4 ᠱᠠᠯᠠᠪᠳᠠᠨ | ᠵᠢᠯᠣᠭᠤᠳᠬᠤ ᠳᠤᠭᠤᠶᠢᠯᠠᠩ ᠲᠣᠮᠢᠯᠠᠨ ᠳᠠᠭᠠᠭᠠᠴᠢᠯᠠᠵᠤ ᠬᠠᠷᠢᠯᠴᠠᠭ᠎ᠠ ᠪᠠᠶᠢᠭᠤᠯᠤᠭᠰᠠᠨ ᠠᠶᠢᠮᠠᠭ ᠬᠤᠳᠠ ᠳᠤ | ᠣᠴᠢᠭᠤᠯᠵᠤ ᠲᠤᠬᠠᠢ ᠶᠢᠨ ᠭᠠᠵᠠᠷ ᠲᠤᠨᠢ ᠱᠠᠯᠠᠪᠳᠠᠨ ᠵᠢᠯᠣᠭᠤᠳᠬᠤ ᠠᠵᠢᠯ ᠥᠷᠨᠢᠭᠦᠯᠪᠡ᠃ ᠡᠭᠦᠨ ᠤ ᠬᠠᠮᠲᠤ ᠡᠯ᠎ᠡ | ᠱᠠᠲᠤᠨ ᠤ ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠥᠴᠢᠷ ᠪᠣᠯᠤᠨ ᠰᠤᠮᠤ ᠰᠢᠶᠠᠩ ᠪᠠᠯᠭᠠᠰᠤ ᠭᠠᠴᠠᠭ᠎ᠠ | ᠲᠣᠰᠬᠤᠨ ᠠᠴᠠ ᠲᠤᠰᠬᠠᠢ ᠠᠩᠭᠢ ᠭᠠᠷᠭᠠᠵᠤ᠂ ᠭᠤᠭᠴᠤᠭ᠎ᠠ ᠨᠢᠭᠡᠪᠦᠷᠢ ᠳᠤ ᠴᠥᠮ ᠲᠤᠰᠬᠠᠢ ᠬᠥᠮᠦᠨ | ᠬᠠᠷᠢᠭᠤᠴᠠᠬᠤ ᠶᠢ ᠪᠠᠲᠤᠯᠠᠵᠤ᠂ ᠬᠠᠮᠢᠶ᠎ᠠ ᠪᠦᠬᠦᠢ ᠨᠠᠷᠢᠨ ᠵᠦᠢᠯᠡᠰ ᠢ ᠪᠣᠳᠠᠲᠠᠢ ᠳᠤ ᠨᠠᠶᠢᠳᠠᠪᠤᠷᠢᠵᠢᠭᠤᠯᠬᠤ ᠶᠢ | ᠪᠠᠲᠤᠯᠠᠪᠠ᠃ ᠭᠤᠷᠪᠠ ᠳᠤ ᠡᠳ᠋ ᠪᠣᠳᠠᠰ ᠢ ᠪᠣᠳᠠᠲᠠᠶᠢᠵᠢᠭᠤᠯᠵᠤ᠂ ᠡᠯ᠎ᠡ ᠭᠠᠵᠠᠷ ᠤᠨ ᠬᠢᠨ ᠳᠠᠷᠢᠮᠠᠯ ᠤᠨ ᠨᠠᠪᠴᠢᠨ ᠤ | ᠪᠣᠷᠳᠣᠭᠤᠷ ᠪᠠ ᠲᠠᠷᠢᠶᠠᠨ ᠡᠮ ᠵᠡᠷᠭᠡ ᠲᠠᠷᠢᠶᠠᠯᠠᠩ ᠤᠨ ᠮᠠᠲᠧᠷᠢᠶᠠᠯ ᠢ 2000 ᠭᠠᠷᠤᠢ ᠲᠤᠨ ᠨᠥᠭᠡᠴᠡᠯᠡᠵᠦ᠂ | ᠣᠳᠣᠬᠠᠨ ᠤ ᠬᠡᠷᠡᠭᠴᠡᠭᠡ ᠶᠢ ᠬᠠᠩᠭᠠᠵᠤ ᠳᠡᠶᠢᠯᠬᠦ ᠪᠣᠯᠤᠭᠰᠠᠨ ᠪᠦᠭᠡᠳ ᠬᠤᠶᠢᠰᠢᠳᠠ ᠶᠢᠨ ᠲᠠᠷᠢᠶᠠᠯᠠᠩ ᠤᠨ | ᠮᠠᠲᠧᠷᠢᠶᠠᠯ ᠢ ᠶᠠᠭ ᠱᠠᠯᠠᠪᠳᠠᠨ ᠲᠣᠬᠢᠷᠠᠭᠤᠯᠵᠤ ᠪᠠᠶᠢᠨ᠎ᠠ᠃ ᠳᠥᠷᠪᠡ ᠳᠤ ᠮᠠᠰᠢᠨ ᠲᠦᠭᠦᠭᠡᠷᠦᠮᠵᠢ ᠶᠢ | ᠪᠣᠳᠠᠲᠠᠶᠢᠵᠢᠭᠤᠯᠵᠤ᠂ ᠡᠯ᠎ᠡ ᠭᠠᠵᠠᠷ ᠤᠨ ᠬᠢᠨ ᠡᠮ ᠰᠦᠷᠴᠢᠬᠦ ᠮᠠᠰᠢᠨ ᠲᠦᠭᠦᠭᠡᠷᠦᠮᠵᠢ ᠪᠠ ᠨᠢᠰᠬᠡᠯ ᠤᠨ ᠬᠦᠴᠦᠨ ᠢ | ᠨᠢᠭᠡᠳᠦᠯᠲᠡᠢ ᠲᠥᠯᠥᠪᠵᠢᠭᠦᠯᠦᠨ ᠬᠡᠷᠡᠭᠯᠡᠵᠦ᠂ ᠣᠳᠣᠬᠠᠨ ᠳᠤ ᠨᠢᠭᠡᠨᠲᠡ 3000 ᠭᠠᠷᠤᠢ ᠵᠢᠯᠣᠭᠤᠴᠢ ᠥᠬᠡᠢ ᠨᠢᠰᠬᠡᠯ | ᠪᠤᠯᠤᠨ 40 ᠡᠭᠴᠡ ᠨᠢᠰᠬᠡᠯ ᠢ ᠤᠷᠢᠳᠴᠢᠯᠠᠨ ᠲᠣᠭᠲᠠᠭᠠᠭᠰᠠᠨ ᠪᠠᠶᠢᠨ᠎ᠠ᠃ ᠲᠠᠪᠤ ᠳᠤ ᠭᠠᠵᠠᠷ ᠳᠠᠷᠢᠶ᠎ᠠ ᠶᠢ | ᠪᠣᠳᠠᠲᠠᠶᠢᠵᠢᠭᠤᠯᠵᠤ᠂ ᠤᠷᠭᠤᠯᠳᠠ ᠶᠢᠨ ᠬᠤᠭᠤᠴᠠᠭ᠎ᠠ ᠨᠢ ᠬᠤᠶᠢᠰᠢᠯᠠᠭᠰᠠᠨ᠂ ᠡᠪᠡᠳᠴᠢᠨ ᠪᠠ ᠬᠤᠷᠣᠬᠠᠢ ᠰᠢᠪᠡᠵᠢ | ᠶᠢᠨ ᠬᠦᠨᠦᠭᠡᠯ ᠡᠭᠦᠰᠦᠭᠰᠡᠨ ᠵᠡᠷᠭᠡ ᠭᠠᠵᠠᠷ ᠤᠷᠤᠨ ᠳᠤ ᠤᠷᠢᠳ ᠢᠶᠠᠷ ᠬᠠᠩᠭᠠᠵᠤ᠂ 8 ᠰᠠᠷ᠎ᠠ ᠶᠢᠨ ᠰᠡᠭᠦᠯᠴᠢ | ᠪᠣᠯᠲᠠᠯ᠎ᠠ ᠨᠢᠭᠡᠨᠲᠡ 299.1 ᠲᠦᠮᠡᠨ ᠮᠥ ᠲᠠᠷᠢᠶᠠᠨ ᠳᠤ ᠨᠠᠪᠴᠢᠨ ᠤ ᠪᠤᠷᠳᠤᠭᠤᠷ ᠪᠠ ᠳᠠᠷᠢᠶᠠᠨ ᠡᠮ ᠵᠡᠷᠭᠡ ᠶᠢ | ᠰᠦᠷᠴᠢᠵᠤ᠂ ᠶᠡᠷᠦᠩᠬᠡᠢ ᠡᠭᠦᠷᠭᠡ ᠶᠢᠨ ᠢᠶᠠᠨ 8% ᠶᠢ ᠪᠡᠶᠡᠯᠡᠭᠦᠯᠪᠡ᠃ | ᠮᠡᠷᠭᠡᠵᠢᠯ ᠤᠨ ᠵᠢᠯᠣᠭᠤᠳᠤᠯᠭ᠎ᠠ ᠶᠢᠨ ᠦᠢᠯᠡᠴᠢᠯᠡᠭᠡᠨ ᠢ ᠪᠦᠬᠦ ᠲᠠᠯ᠎ᠠ ᠪᠠᠷ ᠰᠠᠶᠢᠲᠤᠷ ᠬᠢᠵᠦ᠂ ᠪᠣᠳᠠᠲᠤ | ᠦᠷ᠎ᠡ ᠪᠦᠲᠦᠮᠵᠢ ᠣᠯᠬᠤ ᠶᠢ ᠦᠨᠡᠨ ᠬᠣ ᠪᠠᠲᠤᠯᠠᠪᠠ᠃ ᠪᠥᠬᠦ ᠣᠷᠣᠨ ᠤ ᠡᠯ᠎ᠡ ᠱᠠᠲᠤᠨ ᠤ ᠲᠤᠰᠬᠠᠢ ᠮᠡᠷᠭᠡᠵᠢᠯᠲᠡᠨ | ᠪᠠ ᠮᠡᠷᠭᠡᠵᠢᠯ ᠤᠨ ᠠᠵᠢᠯᠲᠠᠨ ᠢᠶᠠᠷ ᠪᠦᠷᠢᠯᠳᠦᠭᠰᠡᠨ 53 ᠲᠤᠰᠬᠠᠢ ᠮᠡᠷᠭᠡᠵᠢᠯᠲᠡᠨ ᠤ ᠦᠢᠯᠡᠴᠢᠯᠡᠭᠡᠨ ᠤ | ᠳᠤᠭᠤᠶᠢᠯᠠᠩ ᠢ ᠵᠣᠬᠢᠶᠠᠨ ᠪᠠᠶᠢᠭᠤᠯᠵᠤ᠂ ᠪᠦᠬᠦᠨ ᠢᠶᠠᠷ ᠢᠶᠠᠨ ᠨᠢᠭᠡᠳᠦᠭᠡᠷ ᠹᠷᠣᠨᠲ ᠲᠤ ᠬᠦᠷᠴᠦ ᠮᠡᠷᠭᠡᠵᠢᠯ ᠤᠨ | ᠵᠢᠭᠠᠨ ᠵᠢᠯᠣᠭᠤᠳᠤᠯᠭ᠎ᠠ ᠪᠠ ᠬᠢᠨᠠᠨ ᠵᠢᠯᠣᠭᠤᠳᠬᠤ ᠠᠵᠢᠯ ᠦᠷᠨᠢᠬᠦᠯᠵᠤ ᠪᠠᠶᠢᠨ᠎ᠠ᠃ ᠡᠬᠦᠨ ᠳᠤ ᠡᠯ᠎ᠡ ᠬᠤᠰᠢᠭᠤ | ᠰᠢᠶᠠᠨ ᠤ ᠡᠮ ᠤᠨ ᠨᠠᠶᠢᠷᠠᠯᠭ᠎ᠠ ᠪᠠ ᠬᠡᠷᠡᠭᠯᠡᠬᠦ ᠬᠡᠮᠵᠢᠶ᠎ᠡ ᠶᠢ ᠳᠠᠬᠢᠨ ᠳᠠᠪᠲᠠᠨ ᠵᠠᠰᠠᠵᠤ ᠲᠡᠭᠦᠯᠳᠡᠷᠵᠢᠭᠦᠯᠬᠦ ᠶᠢᠨ | ᠬᠠᠮᠳᠤ᠂ ᠡᠷᠳᠡᠨᠢ ᠰᠢᠰᠢ ᠪᠠ ᠰᠢᠷ᠎ᠠ ᠪᠤᠷᠴᠠᠭ ᠤᠨ ᠮᠡᠷᠭᠡᠵᠢᠯ ᠤᠨ ᠭᠤᠣᠯᠳᠠᠯᠭ᠎ᠠ ᠶᠢ ᠲᠣᠭᠲᠠᠭᠠᠨ᠂ ᠨᠠᠪᠴᠢᠨ ᠤ | ᠪᠣᠷᠳᠣᠭᠤᠷ ᠪᠠ ᠳᠠᠷᠢᠶᠠᠨ ᠡᠮ ᠢ ᠬᠤᠯᠢᠵᠤ ᠨᠠᠶᠢᠷᠠᠭᠤᠯᠬᠤ ᠶᠠᠪᠤᠴᠠ᠂ ᠤᠰᠤ ᠰᠣᠯᠢᠬᠤ ᠬᠡᠮᠵᠢᠶ᠎ᠡ᠂ ᠰᠦᠷᠴᠢᠬᠦ ᠠᠷᠭ᠎ᠠ᠂ | ᠠᠵᠢᠯᠯᠠᠬᠤ ᠪᠠᠷᠢᠮᠵᠢᠶ᠎ᠠ ᠵᠢᠴᠢ ᠠᠩᠬᠠᠷᠬᠤ ᠵᠦᠢᠯᠡᠰ ᠵᠡᠷᠭᠡ ᠳᠤ ᠲᠣᠳᠣᠷᠬᠠᠢ ᠲᠣᠭᠲᠠᠭᠠᠯ ᠭᠠᠷᠭᠠᠪᠠ᠃ ᠭᠤᠣᠯᠳᠠᠯᠭ᠎ᠠ | ᠲᠠᠢ ᠠᠶᠢᠮᠠᠭ ᠬᠤᠲᠠ ᠨᠢ ᠪᠠᠰᠠ ᠴᠠᠭ ᠠᠭᠤᠷ᠂ ᠪᠣᠷᠣᠭᠠᠨ ᠤ ᠪᠠᠶᠢᠳᠠᠯ᠂ ᠰᠠᠯᠬᠢ᠂ ᠳᠤᠯᠠᠭᠠᠨ ᠤ ᠬᠡᠮᠵᠢᠶ᠎ᠡ ᠵᠡᠷᠭᠡ | ᠮᠡᠳᠡᠭᠡ ᠵᠠᠩᠭᠢ ᠶᠢ ᠡᠳᠦᠷ ᠪᠦᠷᠢ ᠮᠡᠳᠡᠭᠦᠯᠵᠦ᠂ ᠰᠦᠷᠴᠢᠯᠳᠡ ᠶᠢᠨ ᠠᠵᠢᠯ ᠳᠤ ᠦᠢᠯᠡᠴᠢᠯᠡᠭᠡ ᠬᠠᠩᠭᠠᠵᠤ ᠪᠠᠶᠢᠨ᠎ᠠ᠃ | | ᠡᠯ᠎ᠡ ᠬᠤᠰᠢᠭᠤ ᠰᠢᠶᠠᠨ ᠤ ᠵᠠᠰᠠᠭ ᠤᠨ ᠣᠷᠳᠣᠨ ᠦᠨ᠎ᠡ ᠯᠠᠪᠯᠠᠬᠤ ᠳᠤᠭᠤᠶᠢᠯᠠᠩ ᠪᠠᠶᠢᠭᠤᠯᠵᠤ᠂ | ᠳᠠᠷᠢᠶᠠᠨ ᠡᠮ ᠪᠠ ᠪᠣᠷᠳᠣᠭᠤᠷ ᠤᠨ ᠶᠠᠰᠤ ᠴᠢᠨᠠᠷ ᠢ ᠪᠠᠲᠤᠯᠠᠭᠰᠠᠨ ᠤᠷᠢᠳᠠᠯ ᠳᠣᠣᠷ᠎ᠠ ᠦᠢᠯᠡᠳᠪᠦᠷᠢ ᠠᠴᠠ ᠰᠢᠭᠤᠳ | ᠬᠤᠳᠠᠯᠳᠤᠨ ᠠᠪᠴᠦ᠂ ᠥᠪᠡᠷ ᠤᠨ ᠥᠷᠲᠡᠭ ᠢ ᠠᠯᠢ ᠴᠢᠳᠠᠬᠤ ᠪᠠᠷ ᠠᠷᠪᠢᠯᠠᠬᠤ ᠶᠢᠨ ᠬᠠᠮᠳᠤ ᠰᠦᠷᠴᠢᠬᠦ ᠲᠠᠯᠠᠪᠠᠢ | ᠶᠢ ᠠᠯᠢ ᠴᠢᠳᠠᠬᠤ ᠪᠠᠷ ᠥᠷᠭᠡᠳᠬᠡᠵᠦ᠂ ᠨᠡᠩ ᠣᠯᠠᠨ ᠮᠠᠯᠵᠢᠬᠤ ᠲᠠᠷᠢᠶᠠᠯᠠᠬᠤ ᠡᠷᠦᠬᠡ ᠳᠤ ᠠᠰᠢᠭ ᠬᠦᠷᠲᠡᠭᠡᠪᠡ᠃ | ᠪᠣᠷᠳᠣᠭᠤᠷ ᠪᠠ ᠳᠠᠷᠢᠶᠠᠨ ᠡᠮ ᠤᠨ ᠶᠠᠰᠤ ᠴᠢᠨᠠᠷ ᠲᠤ ᠬᠢᠨᠠᠯᠳᠠ ᠬᠠᠮᠢᠶᠠᠷᠤᠯᠳᠠ ᠬᠢᠵᠤ᠂ ᠳᠠᠷᠢᠶᠠᠨ ᠡᠮ ᠪᠠ | ᠪᠣᠷᠳᠣᠭᠤᠷ ᠤᠨ ᠦᠯᠢᠭᠡᠷ ᠠᠪᠴᠤ ᠪᠠᠶᠢᠴᠠᠭᠠᠬᠤ ᠠᠵᠢᠯ ᠢ ᠴᠢᠩᠭᠠᠳᠬᠠᠬᠤ ᠶᠢᠨ ᠬᠠᠮᠳᠤ᠂ ᠡᠯ᠎ᠡ ᠭᠠᠵᠠᠷ ᠤᠨ ᠬᠢᠨ | ᠨᠠᠮ ᠤᠨ ᠭᠡᠰᠢᠭᠦᠨ ᠺᠠᠳ᠋ᠷᠴᠤᠳ ᠢ ᠳᠠᠶᠢᠴᠢᠯᠠᠨ ᠬᠢᠨᠠᠨ ᠬᠠᠮᠢᠶᠠᠷᠴᠤ ᠵᠣᠬᠢᠴᠠᠭᠤᠯᠬᠤ ᠳᠤᠭᠤᠶᠢᠯᠠᠩ ᠪᠠᠶᠢᠭᠤᠯᠵᠤ᠂ | ᠠᠵᠢᠯ ᠤᠨ ᠶᠠᠰᠤ ᠴᠢᠨᠠᠷ ᠪᠠ ᠠᠵᠢᠯᠯᠠᠬᠤ ᠲᠠᠯᠠᠪᠠᠢ ᠳᠤ ᠬᠢᠨᠠᠯᠲᠠ ᠬᠠᠮᠢᠶᠠᠷᠤᠯᠲᠠ ᠬᠢᠵᠤ ᠪᠠᠶᠢᠨ᠎ᠠ᠃ ᠪᠠᠰᠠ ᠠᠮᠤᠷ | ᠲᠦᠪᠰᠢᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ ᠰᠢᠨᠵᠢᠯᠡᠬᠦ ᠤᠬᠠᠭᠠᠨᠴᠢ ᠪᠠᠷ ᠠᠮᠤᠷ ᠲᠦᠪᠰᠢᠨ ᠢᠶᠠᠷ | ᠲᠠᠷᠢᠶᠠᠨ ᠡᠮ ᠬᠡᠷᠡᠭᠯᠡᠬᠦ ᠶᠢ ᠪᠠᠳᠤᠯᠠᠵᠤ᠂ ᠲᠠᠷᠢᠶᠠᠨ ᠡᠮ ᠤᠨ ᠪᠣᠭᠤᠳᠠᠯ ᠪᠠᠭᠯᠠᠭ᠎ᠠ ᠶᠢᠨ ᠬᠠᠶᠠᠭᠳᠠᠮᠠᠯ ᠪᠣᠳᠠᠰ ᠵᠢᠴᠢ | ᠠᠵᠢᠯ ᠳᠠᠭᠤᠰᠤᠭᠰᠠᠨ ᠤ ᠳᠠᠷᠠᠭ᠎ᠠ ᠦᠯᠡᠳᠡᠭᠰᠡᠨ ᠲᠠᠷᠢᠶᠠᠨ ᠡᠮ ᠤᠨ ᠰᠢᠩᠭᠡᠨ ᠢ ᠲᠥᠪᠯᠡᠷᠡᠭᠦᠯᠦᠨ ᠲᠣᠬᠢᠲᠠᠢ | ᠰᠢᠢᠳᠪᠦᠷᠢᠯᠡᠵᠤ᠂ ᠲᠠᠷᠢᠶᠠᠯᠠᠩ ᠤᠨ ᠠᠮᠢ ᠠᠬᠤᠢ ᠣᠷᠴᠢᠨ ᠲᠣᠭᠤᠷᠢᠨ ᠢ ᠦᠨᠡᠨ ᠬᠣ ᠬᠠᠮᠠᠭᠠᠯᠠᠵᠤ ᠪᠠᠶᠢᠨ᠎ᠠ᠃ | ᠢᠷᠡᠯᠲᠡ ᠄ ᠳᠤᠮᠲᠠᠲᠤ ᠣᠯᠣᠠᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ | ᠳᠡᠪᠰᠢᠭᠦᠯᠦᠭᠴᠢ ᠄ ᠲᠡᠷᠭᠡᠯ | |