ᠬᠢᠴᠢᠶᠡ︕ ᠡᠶᠢᠮᠦ ᠬᠤᠶᠠᠷ ᠬᠡᠮᠵᠢᠯᠳᠦ ᠲᠡᠮᠳᠡᠭ ᠢ ᠪᠢᠲᠡᠭᠡᠶ ᠰᠢᠷᠪᠢᠭᠡᠷᠡᠢ︕
ᠨᠡᠶᠢᠲᠡᠯᠡᠭᠰᠡᠨ ᠴᠠᠭ᠄
2023/11/23
ᠬᠢᠴᠢᠶᠡ︕ ᠡᠶᠢᠮᠦ ᠬᠤᠶᠠᠷ ᠬᠡᠮᠵᠢᠯᠳᠦ ᠲᠡᠮᠳᠡᠭ ᠢ ᠪᠢᠲᠡᠭᠡᠶ ᠰᠢᠷᠪᠢᠭᠡᠷᠡᠢ︕                ᠣᠶᠢᠷ᠎ᠠ ᠳᠤ᠂ ᠴᠥᠭᠡᠨ ᠪᠤᠰᠤ ᠬᠤᠲᠠ ᠶᠢᠨ ᠠᠷᠠᠳ ᠨᠢᠭᠡᠨ ᠬᠤᠶᠠᠷ ᠬᠡᠮᠵᠢᠯᠳᠦ ᠲᠡᠮᠳᠡᠭ ᠲᠠᠢ ᠲᠠᠨᠢᠯ ᠪᠤᠰᠤ  ᠲᠦᠷᠭᠡᠨ‌‍ᠬᠦ᠋ᠷᠭᠡᠯᠲᠡ ᠶᠢ ᠤᠯᠪᠠ᠂ ᠵᠠᠷᠢᠮ ᠨᠢ ᠴᠣᠮᠣ ᠪᠠᠶᠢᠵᠤ᠂ ᠵᠠᠷᠢᠮ ᠨᠢ ᠤᠬᠠᠭᠤᠯᠭ᠎ᠠ ᠶᠢᠨ ᠬᠠᠭᠤᠳᠠᠰᠤ ᠪᠠᠶᠢᠯ᠎ᠠ  ᠭᠡᠵᠦ  ᠲᠤᠰᠬᠠᠪᠠ᠃ᠡᠭᠦᠨ ᠤ ᠬᠠᠮᠲᠤ ᠶᠢᠨ ᠣᠨᠴᠠᠯᠢᠭ ᠭᠡᠪᠡᠯ ᠪᠤᠭᠤᠳᠠᠯ ᠳᠡᠭᠡᠷ᠎ᠡ ᠨᠢ ᠪᠦᠷ ᠬᠤᠶᠠᠷ ᠬᠡᠮᠵᠢᠯᠳᠦ ᠲᠡᠮᠳᠡᠭ  ᠳᠠᠷᠤᠮᠠᠯᠯᠠᠬᠰᠠᠨ  ᠪᠠᠶᠢᠪᠠ᠃ᠡᠨᠡ ᠪᠣᠯ ᠨᠢᠭᠡᠨ ᠮᠠᠰᠢ ᠬᠦᠮᠦᠨ ᠢ ᠲᠥᠭᠡᠷᠢᠭᠳᠡᠭᠦᠯᠬᠦ ᠴᠢᠨᠠᠷᠲᠠᠶ ᠰᠢᠨ᠎ᠡ ᠬᠡᠯᠪᠡᠷᠢ ᠶᠢᠨ ᠮᠡᠬᠡᠯᠡᠯ ᠤᠨ ᠠᠷᠭ᠎ᠠ ᠪᠠᠷᠢᠯ ᠮᠥᠨ᠃               ᠤᠤᠯ ᠨᠢ ᠮᠡᠬᠡᠯᠡᠭᠴᠢ ᠬᠠᠤᠯᠢ ᠪᠤᠰᠤ ᠠᠷᠭ᠎ᠠ ᠵᠠᠮ ᠢᠶᠠᠷ  ᠣᠯᠠᠨ  ᠬᠦᠮᠦᠨ  ᠤ  ᠪᠡᠶ᠎ᠡ  ᠬᠡᠮ ᠤᠨ  ᠮᠡᠳᠡᠭᠡ  ᠵᠠᠩᠭᠢ᠂ᠵᠢᠱᠢᠶᠡᠯᠡᠪᠡᠯ ᠣᠪᠣᠭ ᠨᠡᠷ᠎ᠡ᠂ ᠭᠠᠷ ᠤᠲᠠᠰᠤᠨ ᠤ ᠨᠣᠮᠧᠷ᠂ ᠪᠠᠷᠠᠭ᠎ᠠ ᠲᠣᠰᠬᠤ ᠬᠠᠶ᠋ᠢᠭ ᠵᠡᠷᠭᠡ ᠶᠢ ᠤᠯᠤᠭᠠᠳ  ᠬᠤᠶᠠᠷ  ᠬᠡᠮᠵᠢᠯᠳᠦ‌‍ᠲ᠋ᠡᠮᠳᠡᠭ ᠲᠠᠢ ᠲᠦᠷᠭᠡᠨ ᠬᠦᠷᠭᠡᠯᠲᠡ ᠶᠢ ᠰᠢᠤᠳᠠᠨ ᠢᠶᠠᠷ ᠢᠯᠡᠭᠡᠳᠡᠭ ᠪᠠᠶᠢᠨ᠎ᠠ᠃                  ᠵᠠᠷᠢᠮ ᠮᠡᠬᠡᠯᠡᠭᠴᠢ ᠪᠠᠰᠠ ᠡᠯᠧᠺᠲᠷᠣᠨ ᠬᠤᠳᠠᠯᠳᠤᠭᠠᠨ ᠤ ᠲᠠᠪᠴᠠᠩ ᠤᠨ ᠵᠣᠴᠢᠳ ᠤᠨ ᠦᠢᠯᠡᠴᠢᠯᠡᠭᠡ  ᠶᠢᠨ ᠨᠡᠷ᠎ᠡ ᠪᠠᠷ‌ᠣᠪᠯᠠᠵᠤ᠂ ᠪᠠᠰᠠ ᠨᠢᠭᠡ ᠤᠭᠤᠲᠠ ᠪᠤᠳᠠᠭ᠎ᠠ᠂ ᠨᠢᠭᠡ ᠬᠠᠶᠢᠷᠴᠠᠭ ᠵᠢᠮᠢᠰ ᠪᠤᠶᠤ ᠬᠤᠪᠴᠠᠰᠤ ᠤᠬᠢᠶᠠᠬᠤ ᠰᠢᠩᠭᠡᠨ ᠵᠡᠷᠭᠡ ᠬᠡᠷᠡᠭᠰᠡᠯ‌‍ᠬᠦ᠋ᠷᠭᠡᠵᠦ᠂ ᠵᠠᠷᠢᠮ ᠬᠤᠲᠠ ᠶᠢᠨ ᠠᠷᠠᠳ ᠤᠨ ᠰᠡᠵᠢᠭᠯᠡᠰᠢ ᠥᠬᠡᠶ ᠪᠠᠲᠤ ᠢᠳᠡᠭᠡᠯ ᠢ ᠤᠯᠳᠠᠭ᠃                 ᠲᠥᠯᠥᠪᠦᠷᠢ ᠥᠬᠡᠶ ᠪᠡᠯᠡᠭ ᠢ ᠣᠯᠤᠭᠰᠠᠨ ᠤ ᠳᠠᠷᠠᠭ᠎ᠠ᠂ ᠵᠠᠷᠢᠮ ᠬᠥᠮᠦᠨ  ᠡᠭᠦᠨ ᠢ  ᠬᠤᠳᠠᠯᠳᠤᠭᠠᠨ ᠤ  ᠲᠠᠪᠴᠠᠩ ‍ᠤᠨ‌ᠵᠣᠴᠢᠳ ᠤᠨ ᠦᠢᠯᠡᠴᠢᠯᠡᠭᠡ ᠶᠢᠨ ᠬᠢᠨ ᠤ ᠬᠦᠷᠭᠡᠭᠰᠡᠨ ᠠᠰᠠᠷᠠᠮᠵᠢ ᠭᠡᠵᠦ  ᠦᠵᠡᠭᠡᠳ᠂  ᠶᠠᠭᠤ  ᠴᠤ  ᠪᠤᠳᠤᠬᠤ  ᠦᠭᠡᠢ  ᠪᠡᠷ‌ᠨᠥ᠋ᠭᠦᠭᠡ ᠡᠲᠡᠭᠡᠳ ᠤᠨ ᠢᠶᠠᠨ ᠬᠠᠩᠭᠠᠭᠰᠠᠨ ᠬᠤᠶᠠᠷ ᠬᠡᠮᠵᠢᠯᠳᠦ ᠲᠡᠮᠳᠡᠭ ᠢ ᠰᠢᠷᠪᠢᠵᠦ ᠮᠡᠬᠡᠯᠡᠭᠴᠢ ᠶᠢᠨ ᠨᠡᠭᠡᠭᠡᠭᠰᠡᠨ  ᠵᠣᠭᠤᠭ ‍ᠤᠨ‌ᠬᠤᠯᠪᠣᠭᠠᠨ ᠳᠤ ᠤᠷᠤᠳᠠᠭ᠃        ᠵᠣᠭᠤᠭ ᠤᠨ ᠬᠤᠯᠪᠣᠭᠠᠨ ᠳᠤ ᠣᠷᠣᠭᠰᠠᠨ ᠤ ᠳᠠᠷᠠᠭ᠎ᠠ᠂ ᠮᠡᠬᠡᠯᠡᠭᠴᠢ ᠨᠢ ᠬᠤᠯᠪᠤᠭᠠᠨ ᠲᠤᠳᠤᠷ᠎ᠠ ᠪᠠᠨ ᠵᠠᠬᠢᠶᠠᠯᠠᠭ᠎ᠠ ᠵᠢᠨ‌ᠬᠠᠭᠤᠳᠠᠰᠤ ᠰᠢᠷᠪᠢᠬᠦ ᠡᠭᠦᠷᠭᠡ ᠦᠭᠴᠦ᠂ ᠪᠡᠶᠡᠯᠡᠭᠦᠯᠪᠡᠯ ᠳᠠᠷᠤᠶ ᠤᠯᠠᠭᠠᠨ ᠪᠠᠭᠯᠠᠭ᠎ᠠ ᠲᠠᠷᠬᠠᠭᠠᠨ ᠦᠭᠴᠦ᠂ ᠬᠥᠮᠦᠰ ᠲᠤ  ᠪᠠᠭ᠎ᠠ‌‍ᠰᠠᠭ᠎ᠠ ᠪᠠᠶᠠᠰᠤᠯ ᠬᠦᠷᠳᠡᠭᠡᠭᠡᠳ ᠬᠦᠮᠦᠰ ᠰᠡᠷᠭᠡᠶᠢᠯᠡᠬᠦ  ᠪᠤᠳᠤᠯ ᠢᠶᠠᠨ  ᠪᠦᠷᠢᠮᠦᠰᠦᠨ  ᠲᠠᠶᠠᠬᠳᠠᠬᠰᠠᠨ ᠤ  ᠬᠤᠶᠢᠨ᠎ᠠ᠂  ᠵᠥᠭᠡᠯᠡᠨ‌‍ᠲ᠋ᠣᠨᠤᠭ ᠪᠠᠭᠤᠯᠭᠠᠬᠤ᠂ ᠵᠣᠭᠤᠰ ᠨᠡᠮᠡᠵᠦ ᠣᠷᠣᠯᠠᠨ ᠲᠦᠯᠦᠬᠦ ᠪᠠᠷ ᠤᠷᠮᠠᠰᠢᠭᠤᠯᠤᠨ ᠲᠠᠳᠠᠵᠤ᠂ ᠲᠡᠳᠡᠨ ᠢᠶᠠᠷ ᠬᠥᠯᠥᠰᠥᠨ  ᠮᠥᠩᠭᠦ‌ᠨᠢ ᠨᠠᠩ ᠥᠨᠳᠥᠷ ᠲᠤᠰᠢᠶᠠᠯ ᠬᠠᠪᠰᠤᠷᠭᠠᠬᠤ ᠡᠭᠦᠷᠭᠡ ᠶᠢ ᠪᠡᠶᠡᠯᠡᠭᠦᠯᠦᠬᠦᠯᠳᠡᠭ᠃                  ᠬᠡᠷᠪᠡ ᠣᠷᠣᠭᠤᠯᠤᠯᠲᠠ ᠪᠠᠨ ᠲᠠᠰᠤᠷᠠᠯᠲᠠ ᠥᠬᠡᠶ ᠨᠡᠮᠡᠭᠳᠡᠭᠦᠯᠬᠦ ᠳᠤ ᠭᠦᠷᠪᠡᠯ᠂ ᠥᠪᠡᠷ ᠤᠨ ᠴᠢᠨᠢ ᠡᠬᠡ ᠮᠥᠩᠭᠦ  ᠪᠠ‌‍ᠬᠥ᠋ᠯᠥᠰᠥᠨ  ᠮᠥᠩᠭᠦ  ᠪᠦᠷ  ᠭᠠᠷᠭᠠᠵᠤ  ᠠᠪᠬᠤ  ᠶᠢᠨ  ᠠᠷᠭ᠎ᠠ  ᠥᠬᠡᠶ  ᠪᠤᠯᠳᠠᠭ᠂  ᠡᠨᠡ  ᠦᠶ᠎ᠡ ᠳᠤ  ᠮᠡᠬᠡᠯᠡᠭᠴᠢ  ᠳᠠᠷᠤᠶ︽ᠰᠢᠰᠲ᠋ᠧᠮ ᠲᠦᠭᠵᠢᠷᠡᠯ ᠲᠠᠢ ᠪᠤᠯᠤᠬᠰᠠᠨ︾᠂  ︽ᠡᠭᠦᠷᠭᠡ  ᠴᠠᠭ ᠠᠴᠠ  ᠪᠠᠨ  ᠬᠡᠲᠦᠷᠡᠭᠰᠡᠨ︾᠂  ︽ᠠᠵᠢᠯᠯᠠᠭᠠᠨ ᠤ  ᠠᠯᠳᠠᠰᠢ‌ᠭᠠᠷᠤᠬᠰᠠᠨ︾ ᠭᠡᠬᠦ ᠮᠡᠳᠦ ᠶᠢᠨ ᠰᠢᠯᠳᠠᠭ ᠭᠡᠯᠡᠵᠦ ᠦᠷᠭᠦᠯᠵᠢᠯᠡᠨ ᠵᠤᠭᠤᠰ ᠨᠡᠮᠡᠵᠦ ᠣᠷᠣᠯᠠᠨ ᠳᠥᠯᠥᠬᠦ ᠶᠢ ᠱᠠᠭᠠᠷᠳᠠᠳᠠᠭ᠃                  ᠦᠨᠡᠨ ᠳᠡᠭᠡᠨ᠂ ᠡᠨᠡ ᠪᠣᠯ  ᠪᠦᠷ  ᠮᠡᠬᠡᠯᠡᠭᠴᠢ ᠶᠢᠨ  ᠶᠠᠷᠢᠶᠠᠲᠤ  ᠵᠦᠴᠦᠭᠡ ᠶᠢᠨ  ᠵᠣᠬᠢᠶᠠᠯ  ᠪᠤᠯᠬᠤᠷ  ᠮᠡᠬᠡᠯᠡᠭᠳᠡᠭᠴᠢ‌ᠥᠪᠡᠷ ᠤᠨ ᠡᠬᠡ ᠮᠥᠩᠭᠦ ᠪᠣᠯᠤᠨ ᠬᠥᠯᠥᠰᠥᠨ ᠮᠥᠩᠭᠦ ᠪᠠᠨ ᠭᠠᠷᠭᠠᠨ ᠠᠪᠬᠤ ᠶᠢᠨ ᠠᠷᠭ᠎ᠠ ᠦᠭᠡᠢ ᠶᠤᠮ᠃ᠢᠷᠡᠯᠲᠡ᠄  ᠠᠷᠠᠤᠨ ᠤᠨ ᠰᠦᠯᠵᠢᠶ᠎ᠡᠳᠡᠪᠰᠢᠭᠦᠯᠦᠭᠴᠢ᠄  ᠲᠡᠷᠭᠡᠯ 
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2