ᠰᠢᠷᠠᠮᠦ᠋ᠷᠡᠨ ᠰᠦᠮ᠎ᠡ
ᠨᠡᠶᠢᠲᠡᠯᠡᠭᠰᠡᠨ ᠴᠠᠭ᠄
2023/11/25
          ᠰᠢᠷᠠᠮᠦ᠋ᠷᠡᠨ ᠰᠦᠮ᠎ᠡ            ᠰᠢᠷᠠᠮᠦ᠋ᠷᠡᠨ ᠰᠦᠮ᠎ᠡ ( ᠶᠡᠭᠡ ᠰᠦᠮ᠎ᠡ ) ᠨᠢ  ᠣᠯᠠᠭᠠᠨᠬᠤᠸᠠ ᠪᠠᠯᠭᠠᠰᠤᠨ ᠤ ᠪᠠᠷᠠᠭᠤᠨ ᠬᠤᠶᠢᠰᠢ 62 ᠺᠢᠯᠣᠮᠧᠳ᠋ᠷ ᠵᠠᠶᠢᠲᠠᠢ ᠬᠤᠩᠭᠤᠷ ᠰᠤᠮᠤᠨ ᠤ ᠰᠠᠭᠤᠭ᠎ᠠ ᠭᠠᠵᠠᠷ᠂ ᠪᠦᠬᠦ ᠬᠤᠰᠢᠭᠤᠨ ᠤ ᠬᠠᠮᠤᠭ ᠤᠨ ᠲᠣᠮᠣ ᠯᠠᠮᠠ ᠶᠢᠨ ᠱᠠᠰᠢᠨ ᠤ ᠰᠦᠮ᠎ᠡ ᠪᠠᠶᠢᠵᠤ᠂ ᠪᠠᠷᠢᠯᠭ᠎ᠠ ᠶᠢᠨ ᠪᠠᠶᠢᠷᠢᠯᠠᠭᠤᠯᠤᠯᠲᠠ ᠨᠢ ᠵᠣᠬᠢᠰᠲᠠᠢ ᠨᠠᠷᠢᠯᠢᠭ᠂ ᠪᠠᠷᠢᠯᠭ᠎ᠠ ᠶᠢᠨ ᠰᠦᠷᠦᠭᠵᠢᠯ  ᠨᠢ ᠵᠡᠭᠦᠨᠰᠢ ᠪᠠᠷᠠᠭᠤᠨᠰᠢ ᠪᠠᠷᠤᠭ 2 ᠺᠢᠯᠣᠮᠧᠳ᠋ᠷ᠂ ᠡᠮᠦᠨᠡᠰᠢ ᠬᠤᠶᠢᠰᠢ ᠪᠠᠷᠤᠭ 1 ᠺᠢᠯᠣᠮᠧᠳ᠋ᠷ ᠪᠠᠶᠢᠵᠤ᠂ ᠰᠦᠷ ᠳᠠᠯᠠᠶᠢᠴᠠᠲᠠᠢ ᠪᠣᠭᠤᠮᠲᠠ ᠶᠢᠨ ᠭᠠᠳᠠᠨᠠᠬᠢ ᠪᠤᠷᠬᠠᠨ ᠤ ᠱᠠᠰᠢᠨ ᠤ ᠳᠠᠷᠬᠠᠨ ᠭᠠᠵᠠᠷ ᠪᠣᠯᠵᠤ ᠪᠦᠷᠢᠯᠳᠦᠵᠡᠢ᠂ ᠲᠡᠷᠡ ᠨᠢ ᠴᠢᠩ ᠤᠯᠤᠰ ᠤᠨ ᠲᠡᠭᠷᠢ ᠲᠡᠳᠬᠦᠭᠴᠢ ᠶᠢᠨ ᠬᠤᠷᠢᠨ ᠭᠤᠷᠪᠠᠳᠤᠭᠠᠷ ᠣᠨ ( ᠨᠡᠶᠢᠲᠡ ᠶᠢᠨ ᠣᠨ ᠲᠣᠭᠠᠯᠠᠯ ᠤᠨ 1758 ᠣᠨ ) ᠳᠤ ᠪᠠᠶᠢᠭᠤᠯᠤᠭᠳᠠᠵᠤ᠂ ᠣᠳᠣ ᠨᠢᠭᠡᠨᠲᠡ 240 ᠭᠠᠷᠤᠢ ᠵᠢᠯ ᠤᠨ ᠲᠡᠦᠬᠡ ᠲᠠᠢ ᠪᠣᠯᠵᠤ᠂ ᠥᠪᠥᠷ ᠮᠣᠩᠭᠤᠯ᠂ ᠬᠥᠬᠡᠨᠠᠭᠤᠷ᠂ ᠲᠥᠪᠡᠳ ᠵᠡᠷᠭᠡ ᠭᠠᠵᠠᠷ ᠲᠤ ᠨᠡᠯᠢᠶᠡᠳ ᠶᠡᠭᠡ ᠨᠥᠯᠥᠭᠡ ᠲᠤᠰᠬᠠᠯ ᠭᠠᠷᠴᠠᠢ᠂ ᠪᠠᠰᠠ ᠥᠪᠥᠷ ᠮᠣᠩᠭᠤᠯ ᠤᠨ ᠪᠠᠷᠠᠭᠤᠨ ᠬᠡᠰᠡᠭ ᠤᠨ ᠬᠠᠮᠤᠭ ᠤᠨ ᠶᠡᠭᠡ ᠵᠣᠣ ᠰᠦᠮ᠎ᠡ ᠶᠢᠨ ᠨᠢᠭᠡ ᠨᠢ 《 ᠡᠩᠬᠡᠵᠢᠷᠭᠠᠯ 》 ( ᠠᠭᠤᠯᠠᠨ ᠪᠠᠯ ᠤᠨ ᠮᠢᠩᠭᠠᠨ ᠯᠠᠮᠠ ᠭᠡᠳᠡᠭ ᠤᠳᠬ᠎ᠠ ᠲᠠᠢ ) ᠭᠡᠳᠡᠭ ᠪᠣᠢ᠃
        ᠰᠢᠷᠠᠮᠦ᠋ᠷᠡᠨ ᠰᠦᠮ᠎ᠡ  ᠶᠢ ᠥᠪᠡᠷ ᠤᠨ ᠬᠤᠰᠢᠭᠤᠨ ᠤ ᠢᠵᠠᠭᠤᠷᠲᠠᠨ ᠤ ᠭᠠᠷᠤᠯ ᠲᠠᠢ ᠲᠠᠮᠪᠠᠷᠠᠪᠵᠢ ᠭᠡᠳᠡᠭ ᠪᠠᠶᠢᠭᠤᠯᠵᠠᠢ᠃ ᠪᠦᠬᠦᠢ ᠯᠡ ᠰᠦᠮ᠎ᠡ ᠨᠢ 1 ᠲᠡᠭᠰᠢ ᠳᠥᠷᠪᠡᠯᠵᠢᠨ ᠺᠢᠯᠣᠮᠧᠳ᠋ᠷ ᠭᠠᠵᠠᠷ ᠡᠵᠡᠯᠡᠵᠦ᠂ ᠲᠡᠭᠦᠨ ᠤ ᠪᠠᠷᠢᠯᠭ᠎ᠠ ᠨᠢ ᠲᠥᠪᠡᠳ ᠮᠠᠶ᠋ᠢᠭ ᠤᠨ ᠴᠢᠯᠠᠭᠤᠨ ᠮᠣᠳᠣᠨ ᠪᠦᠲᠦᠴᠡ ᠲᠠᠢ᠂ ᠬᠦᠷᠢᠶ᠎ᠡ ᠬᠡᠪᠴᠢᠶ᠎ᠡ ᠨᠢ ᠠᠤᠭ᠎ᠠ ᠰᠦᠷᠯᠢᠭ᠂ ᠰᠦᠷᠯᠢᠭ ᠰᠠᠶᠢᠬᠠᠨ᠂ ᠠᠭᠤᠯᠠ ᠤᠰᠤ ᠶᠢ ᠲᠤᠭᠤᠯᠵᠤ᠂ ᠥᠩᠭᠡ ᠦᠵᠡᠮᠵᠢ ᠨᠢ ᠰᠠᠶᠢᠬᠠᠨ᠂ ᠪᠦᠬᠦ ᠰᠦᠮ᠎ᠡ ᠨᠢ ᠨᠡᠶᠢᠲᠡ 5 ᠭᠤᠴᠣᠯᠠᠯ ᠲᠠᠬᠢᠯᠭ᠎ᠠ ᠶᠢᠨ ᠭᠠᠵᠠᠷ᠂ ᠳᠥᠷᠪᠡᠨ ᠶᠡᠭᠡ ᠯᠠᠪᠷᠢᠨ ( ᠲᠥᠪᠡᠳ ᠦᠭᠡ ) ᠶᠢ ᠪᠠᠶᠢᠭᠤᠯᠪᠠ  ᠂ ᠬᠤᠲᠤᠭᠲᠤ ᠶᠢᠨ ᠭᠡᠷ᠂ ᠳᠥᠷᠪᠡᠨ ᠳ᠋ᠠᠴᠠᠩ ᠤᠨ ᠰᠠᠩ ᠬᠢᠭᠡᠳ ᠯᠠᠮᠠ ᠨᠠᠷ ᠤᠨ ᠬᠥᠷᠥᠩᠭᠡ ᠬᠠᠳᠠᠭᠠᠯᠠᠬᠤ ᠭᠠᠵᠠᠷ ᠵᠢᠴᠢ 360 ᠭᠠᠷᠤᠢ ᠯᠠᠮᠠ ᠨᠠᠷ ᠤᠨ ᠣᠷᠣᠨ ᠰᠠᠭᠤᠴᠠ᠃ ᠲᠠᠪᠤᠨ ᠶᠡᠭᠡ ᠳᠠᠶᠢᠯᠭ᠎ᠠ ᠨᠢ ᠱᠣᠩᠬᠤᠷ ᠰᠠᠩ ᠤᠨ ᠳᠠᠩᠬᠠᠷ᠂ ᠴᠣᠭᠴᠢᠨ ᠲᠥᠭᠡᠯ ᠣᠷᠳᠣᠨ ᠂ ᠵᠡᠳᠤᠪ ᠤᠨ ᠳᠤᠭᠠᠩ᠂ ᠲᠠᠬᠢᠯᠭ᠎ᠠ ᠶᠢᠨ ᠲᠦᠢᠨ ᠳᠤᠭᠠᠩ᠂ ᠮᠠᠶᠢᠳᠠᠷ ᠪᠤᠷᠬᠠᠨ ᠢ ᠲᠤᠰ ᠲᠤᠰ ᠲᠤᠰ ᠲᠤ ᠨᠢ ᠡᠷᠭᠦᠳᠡᠭ᠃ ᠡᠭᠦᠨ ᠤ ᠳᠣᠲᠣᠷ᠎ᠠ ᠴᠣᠭᠴᠢᠨ ᠵᠢᠭᠠᠰᠤ ᠵᠢᠷᠠᠭᠠᠬᠠᠢ ᠶᠡᠭᠡ ᠬᠡᠮᠵᠢᠶ᠎ᠡ ᠪᠠᠷ ᠡᠵᠡᠯᠡᠵᠦ᠂ 1500 ᠲᠡᠭᠰᠢ ᠳᠥᠷᠪᠡᠯᠵᠢᠨ ᠮᠧᠳ᠋ᠷ ᠲᠠᠯᠠᠪᠠᠢ ᠪᠦᠬᠦᠢ ᠭᠠᠵᠠᠷ ᠨᠢ᠂ ᠳᠥᠷᠪᠡᠨ ᠷᠠᠪᠨᠠᠶ ᠭᠡᠳᠡᠭ ᠨᠢ ᠭᠡᠭᠡᠨᠷᠠᠪᠷᠧᠨ ᠪᠠᠷᠠᠭᠤᠨ ᠷᠠᠪᠤᠷᠠᠨ᠂ ᠬᠠᠨᠰᠠᠷᠷᠠᠪᠦᠷᠡᠨ᠂ ᠵᠡᠭᠦᠨ ᠷᠠᠪᠷᠧᠨ ᠪᠣᠯᠤᠨ᠎ᠠ  ᠂ ᠳᠥᠷᠪᠡᠨ ᠳ᠋ᠠᠴᠠᠩ ᠢ ᠢ ᠬᠡ ᠵᠢᠢ ᠬᠡᠶᠢᠳ ᠤᠨ ᠰᠠᠩ ᠴᠣᠶ᠋ᠢᠷᠠᠨ ᠤ ᠰᠠᠩ᠂ ᠵᠣᠵᠤᠪ ᠤᠨ ᠰᠠᠩ᠂ ᠭᠠᠨᠵᠤᠤᠷ ᠰᠠᠩ ᠭᠡᠬᠦ ᠮᠡᠲᠦ᠃ᠪᠠᠷᠢᠴᠠ ᠪᠦᠷᠢ ᠨᠢ ᠪᠦᠷ ᠬᠡᠪᠢᠰ᠂ ᠪᠠᠭᠠᠨ᠎ᠠ ᠬᠡᠪᠢᠰ᠂ ᠡᠯᠭᠦᠮᠡᠯ ᠨᠢᠭᠤᠷ ᠪᠠ ᠬᠠᠨ᠎ᠠ ᠶᠢᠨ ᠵᠢᠷᠤᠭ ᠲᠠᠢ ᠪᠠᠶᠢᠵᠤ᠂ ᠪᠠᠰᠠ ᠨᠡᠯᠢᠶᠡᠳ ᠬᠡᠮᠵᠢᠶᠡᠨ ᠤ ᠳᠡᠭᠡᠳᠦ ᠳᠡᠰ ᠤᠨ ᠮᠣᠳᠣᠨ ᠮᠠᠲ᠋ᠧᠷᠢᠶᠠᠯ ᠢᠶᠠᠷ ᠰᠡᠶᠢᠯᠵᠦ ᠪᠦᠲᠦᠭᠡᠭᠰᠡᠨ ᠰᠢᠷᠡᠭᠡᠨ ᠳᠡᠭᠡᠷ᠎ᠡ ᠪᠠ ᠲᠤᠭ᠎ᠠ ᠦᠭᠡᠢ ᠣᠯᠠᠨ ᠳ᠋ᠧᠩ ᠲᠠᠯᠪᠢᠳᠠᠭ᠃
        ᠰᠢᠷᠠᠮᠦ᠋ᠷᠡᠨ ᠰᠦᠮ᠎ᠡ  ᠪᠣᠯ ᠤᠯᠠᠭᠠᠨᠴᠠᠪ ᠬᠤᠲᠠ ᠶᠢᠨ ᠬᠠᠷᠢᠶ᠎ᠠ ᠬᠠᠮᠤᠭ ᠤᠨ ᠲᠣᠮᠣ ᠯᠠᠮᠠ ᠶᠢᠨ ᠰᠦᠮ᠎ᠡ ᠶᠦ᠋ᠮ᠃ ᠤᠭ ᠰᠦᠮ᠎ᠡ ᠳᠤ ᠰᠠᠭᠤᠵᠤ ᠪᠠᠶᠢᠭᠰᠠᠨ ᠯᠠᠮᠠ ᠨᠠᠷ ᠮᠠᠨᠳᠤᠵᠤ ᠪᠠᠶᠢᠭᠰᠠᠨ ᠦᠶ᠎ᠡ ᠳᠤ 1500 ᠣᠷᠴᠢᠮ ᠪᠠᠶᠢᠭᠰᠠᠨ᠃   ᠴᠢᠯᠦᠭᠡᠯᠡᠭᠳᠡᠬᠦ ᠠᠴᠠ ᠡᠮᠦᠨ᠎ᠡ᠂ ᠠᠮᠧᠷᠢᠺᠠ᠂ ᠶᠠᠫᠣᠨ ᠵᠡᠷᠭᠡ ᠤᠯᠤᠰ ᠤᠨ ᠱᠠᠰᠢᠨ ᠰᠤᠷᠲᠠᠬᠤᠨ ᠤ ᠡᠲᠡᠭᠡᠳ ᠤᠨ ᠬᠥᠮᠦᠰ ᠴᠦ ᠣᠯᠠᠨ ᠤᠳᠠᠭ᠎ᠠ ᠠᠳᠡ ᠪᠤᠷᠬᠠᠨ ᠤ ᠦᠢᠯᠡ ᠠᠵᠢᠯᠯᠠᠭ᠎ᠠ ᠬᠢᠵᠦ᠂ ᠳᠤᠮᠳᠠᠳᠤ ᠭᠠᠳᠠᠭᠠᠳᠤ ᠶᠢᠨ ᠨᠡᠷᠡᠲᠦ ᠲᠠᠯ᠎ᠠ ᠨᠤᠲᠤᠭ ᠤᠨ ᠡᠷᠲᠡᠨ ᠤ ᠬᠡᠶᠢᠳ ᠪᠣᠯᠬᠤ ᠶᠤᠮ᠃ ᠵᠢᠯ ᠪᠦᠷᠢ ᠶᠢᠨ ᠵᠤᠨ᠂ ᠨᠠᠮᠤᠷ ᠬᠤᠶᠠᠷ ᠤᠯᠠᠷᠢᠯ ᠳᠤ ᠶᠡᠭᠡ ᠰᠦᠮ᠎ᠡ ᠳᠤ ᠬᠦᠵᠢ ᠠᠰᠠᠭᠠᠨ᠂ ᠶᠣᠰᠣᠯᠠᠯ ᠪᠤᠷᠬᠠᠨ ᠪᠣᠯᠤᠨ ᠵᠢᠭᠤᠯᠴᠢᠳ ᠬᠤᠶᠢᠨ᠎ᠠ  ᠬᠤᠶᠢᠨ᠎ᠠ ᠠᠴᠠ ᠪᠠᠨ ᠤᠯᠠᠮᠵᠢᠯᠠᠳᠠᠭ᠃ ᠤᠮᠠᠷᠠᠲᠤ ᠠᠭᠤᠯᠠᠨ ᠳᠤ ᠭᠠᠷᠤᠭᠰᠠᠨ ᠨᠢ ᠶᠠᠫᠣᠨ ᠢ ᠡᠰᠡᠷᠭᠦᠴᠡᠬᠦ ᠲᠡᠶᠢᠨ ᠤ ᠦᠶ᠎ᠡ ᠳᠤ ᠦᠯᠡᠳᠡᠭᠡᠭᠰᠡᠨ ᠲᠡᠶᠢᠨ ᠤ ᠲᠠᠯᠠᠪᠤᠷ᠂ ᠪᠠᠬᠢᠯᠡᠯᠲᠡ᠂ ᠰᠤᠮᠤᠨ ᠤ ᠣᠷᠣᠮ ᠪᠠᠶᠢᠵᠤ᠂ ᠳᠠᠬᠢᠭᠠᠳ ᠪᠠᠷᠠᠭᠤᠨ ᠬᠤᠶᠢᠰᠢ 4 ᠺᠢᠯᠣᠮᠧᠳ᠋ᠷ ᠠᠶᠠᠯᠠᠪᠠᠯ ᠤᠷᠲᠤ ᠴᠠᠭᠠᠨ ᠬᠡᠷᠡᠮ ᠤᠨ ᠴᠤᠭ ᠵᠢᠪᠬᠤᠭ᠎ᠠ ᠶᠢ ᠬᠠᠷᠠᠭᠤᠯᠬᠤ ᠲᠡᠳᠦᠢ ᠦᠭᠡᠢ᠃ ᠪᠠᠷᠠᠭᠤᠨ ᠤᠷᠤᠭᠰᠢ 1 ᠺᠢᠯᠣᠮᠧᠳ᠋ᠷ ᠶᠠᠪᠤᠬᠤ ᠳᠤ ᠰᠢᠷᠠᠮᠥ᠋ᠷᠡᠨ ᠤ ᠪᠠᠷᠠᠭᠤᠨ ᠲᠠᠯ᠎ᠠ ᠶᠢᠨ ᠨᠠᠯᠠᠤ ᠳᠡᠭᠡᠷ᠎ᠡ ᠠᠯᠲᠠᠨ ᠤᠯᠤᠰ ᠶᠤᠸᠠᠨ ᠤᠯᠤᠰ ᠤᠨ ᠦᠶ᠎ᠡ ᠳᠤ ᠮᠠᠨᠳᠤᠨ ᠬᠥᠭᠵᠢᠭᠰᠡᠨ 《 ᠡᠯᠡᠰᠦᠲᠦ ᠬᠤᠳᠳᠤᠭ ᠤᠨ ᠶᠡᠷᠦᠩᠬᠡᠢ ᠵᠠᠬᠢᠷᠤᠯ ᠤᠳ ᠤᠨ ᠣᠷᠳᠣᠨ 》 ᠤ ᠳᠦᠷᠢ ᠪᠠᠶᠢᠭ᠎ᠠ᠃ ᠤᠷᠤᠭᠰᠢ 5 ᠺᠢᠯᠣᠮᠧᠳ᠋ᠷ ᠶᠠᠪᠤᠬᠤ ᠳᠤ ᠣᠳᠴᠢ ᠶᠢᠨ ᠵᠢᠯᠠᠭ᠎ᠠ ᠶᠢᠨ ᠪᠠᠶᠢᠭᠠᠯ ᠤᠨ ᠦᠵᠡᠮᠵᠢ ᠶᠢ ᠰᠣᠨᠢᠷᠬᠠᠬᠤ ᠪᠣᠯᠤᠮᠵᠢ ᠲᠠᠢ
           ᠤᠯᠠᠮᠵᠢᠯᠠᠯ ᠶᠠᠷᠢᠶᠠᠨ ᠳᠤ᠂ ᠲᠤᠬᠠᠢ ᠶᠢᠨ ᠵᠢᠯ ᠳᠤ ᠰᠦᠮ᠎ᠡ ᠬᠡᠶᠢᠳ ᠤᠨ ᠭᠠᠵᠠᠷ ᠰᠣᠩᠭᠤᠬᠤ ᠶᠢ ᠬᠠᠷᠢᠭᠤᠴᠠᠳᠠᠭ ᠯᠠᠮᠠ ᠥᠷᠯᠥᠭᠡ ᠡᠷᠲᠡ ᠰᠢᠷᠠᠮᠦ᠋ᠷᠡᠨ ᠭᠤᠣᠯ ᠤᠨ ᠬᠥᠪᠡᠭᠡᠨ ᠳᠤ ᠬᠦᠷᠦᠭᠰᠡᠨ ᠳᠤ ᠨᠢᠭᠡ ᠡᠮᠡᠭᠲᠡᠢ ᠬᠢᠴᠢᠶᠡᠮᠵᠢ  ᠦᠭᠡ ᠠᠴᠠ ᠪᠣᠯᠵᠤ ᠳᠥᠩᠭᠡᠨ ᠳᠦᠭᠦᠷᠡᠩ ᠦᠨᠢᠶᠡᠨ ᠰᠦ ᠶᠢ ᠵᠦᠯᠭᠡᠨ ᠳᠡᠭᠡᠷ᠎ᠡ ᠠᠰᠬᠠᠷᠠᠭᠤᠯᠤᠨ᠂ ᠨᠠᠷᠠᠨ ᠤ ᠭᠡᠷᠡᠯ ᠳᠤ ᠭᠢᠯᠠᠯᠵᠠᠭᠰᠠᠨ ᠨᠣᠭᠤᠭᠠᠨ ᠡᠪᠡᠰᠦᠨ ᠤ ᠦᠵᠦᠭᠦᠷ ᠲᠤ ᠴᠠᠪ ᠴᠠᠭᠠᠨ ᠰᠤᠪᠤᠳ ᠰᠠᠴᠤᠷᠠᠨ ᠭᠢᠯᠠᠯᠵᠠᠨ᠎ᠠ᠃ ᠡᠨᠡ ᠯᠠᠮᠠ ᠳᠣᠣᠷᠠᠬᠠᠨ ᠢᠶᠠᠨ 《 ᠡᠨᠡ ᠪᠣᠯ ᠠᠷᠢᠭᠤᠨ ᠭᠠᠵᠠᠷ ᠤᠨ ᠪᠡᠯᠭᠡ ᠲᠡᠮᠳᠡᠭ᠂ ᠰᠦᠮ᠎ᠡ ᠪᠠᠶᠢᠭᠤᠯᠵᠤ ᠪᠣᠯᠤᠨ᠎ᠠ 》 ᠭᠡᠵᠦ ᠤᠬᠠᠮᠰᠠᠷᠯᠠᠪᠠ᠃ ᠠᠳᠡ ᠰᠠᠭᠤᠵᠤ ᠪᠠᠶᠢᠭ᠎ᠠ ᠭᠤᠷᠪᠠᠨ ᠡᠷᠦᠬᠡ ᠮᠠᠯᠴᠢᠳ ᠠᠳᠡ ᠰᠦᠮ᠎ᠡ ᠪᠠᠶᠢᠭᠤᠯᠤᠨ᠎ᠠ ᠭᠡᠵᠦ ᠰᠣᠨᠣᠰᠤᠭᠠᠳ ᠴᠥᠮ  ᠰᠠᠨᠠᠭᠠᠴᠢᠯᠠᠭ᠎ᠠ ᠠᠴᠠ ᠪᠠᠨ ᠮᠠᠯᠵᠢᠯ ᠤᠨ ᠲᠠᠯᠠᠪᠠᠢ ᠪᠠᠶᠢᠭᠤᠯᠪᠠ᠃ ᠠᠩᠬᠠᠨ ᠤ ᠲᠤᠰᠠᠭᠠᠷ ᠪᠠᠷᠢᠯᠭ᠎ᠠ ᠶᠢ ᠪᠠᠶᠢᠭᠤᠯᠤᠭᠰᠠᠨ ᠤ ᠳᠠᠷᠠᠭ᠎ᠠ ᠭᠤᠷᠪᠠᠨ ᠡᠷᠦᠬᠡ ᠮᠠᠯᠴᠢᠳ ᠤᠨ ᠨᠡᠷ᠎ᠡ 《 ᠵᠢᠪᠡᠷᠡ 》᠂ 《 ᠷᠥᠰᠢ 》᠂ 《 ᠪᠠᠮᠪᠠᠷ 》 ᠭᠡᠳᠡᠭ ᠨᠡᠷ᠎ᠡ ᠪᠠᠷ ᠤᠭ ᠰᠦᠮ᠎ᠡ ᠶᠢᠨ ᠨᠡᠷ᠎ᠡ ᠪᠣᠯᠭᠠᠭᠰᠠᠨ ᠨᠢ ᠲᠤᠬᠠᠢ ᠶᠢᠨ ᠦᠶ᠎ᠡ ᠶᠢᠨ 《 ᠵᠢᠪᠷᠥᠰᠢᠭᠠᠨᠠᠭᠳᠠᠰᠢ 》 ᠶᠢᠨ ᠢᠷᠡᠯᠲᠡ ᠪᠣᠯᠤᠨ᠎ᠠ᠃ ᠳᠠᠷᠠᠭ᠎ᠠ ᠨᠢ ᠲᠥᠪᠡᠳ ᠢᠶᠠᠷ 《ᠨᠣᠰᠢᠫᠠᠨᠳᠢᠩ》 ᠭᠡᠵᠦ ᠨᠡᠷᠡᠯᠡᠪᠡ᠃ ᠬᠤᠵᠢᠮ ᠨᠢ ᠰᠦᠮ᠎ᠡ ᠪᠠᠨ ᠰᠢᠷᠠᠮᠦ᠋ᠷᠡᠨ ᠭᠤᠣᠯ ᠤᠨ ᠬᠥᠪᠡᠭᠡᠨ ᠳᠤ ᠰᠢᠷᠠᠮᠦ᠋ᠷᠡᠨ ᠰᠦᠮ᠎ᠡ ᠭᠡᠵᠦ ᠪᠠᠶᠢᠭᠤᠯᠤᠭᠰᠠᠨ ᠢᠶᠠᠷ ᠪᠠᠷᠠᠬᠤ ᠦᠭᠡᠢ ᠶᠡᠭᠡ ᠰᠦᠮ᠎ᠡ ᠴᠦ ᠭᠡᠵᠦ ᠨᠡᠷᠡᠯᠡᠭᠳᠡᠵᠦ᠂ ᠬᠡᠪᠴᠢᠶ᠎ᠡ ᠨᠢ ᠮᠠᠰᠢ ᠶᠡᠭᠡ ᠭᠡᠵᠦ ᠪᠠᠶᠢᠭᠰᠠᠨ᠃ ᠴᠢᠨ ᠤᠯᠤᠰ ᠤᠨ ᠰᠠᠶᠢᠰᠢᠶᠠᠯᠲᠤ ᠢᠷᠦᠭᠡᠯᠲᠦ ᠬᠠᠭᠠᠨ ᠤᠭ ᠰᠦᠮ᠎ᠡ ᠳᠤ 《ᠬᠦᠩ ᠨᠢᠩ ᠯᠢᠩ ᠰᠦᠨᠡᠰᠦ 》 ᠬᠡᠮᠡᠬᠦ ᠨᠡᠷ᠎ᠡ ᠬᠠᠶᠢᠷᠠᠯᠠᠵᠠᠢ᠃ᠢᠷᠡᠯᠲᠡ᠄  ᠳᠦᠷᠪᠡᠦᠨ ᠬᠤᠰᠢᠭᠤᠨ ᠤ ᠵᠠᠰᠠᠭ ᠤᠨ ᠤᠷᠳᠤᠨ ᠤ ᠬᠢᠲᠠᠤᠨ ᠰᠦᠯᠵᠢᠶ᠎ᠡᠳᠡᠪᠰᠢᠭᠦᠯᠦᠭᠴᠢ᠄  ᠲᠡᠷᠭᠡᠯ
 
ᠢᠷᠡᠯᠲᠡ᠄ ᠳᠦᠷᠪᠡᠦᠨ ᠬᠤᠰᠢᠭᠤᠨ ᠤ ᠵᠠᠰᠠᠭ ᠤᠨ ᠤᠷᠳᠤᠨ ᠤ ᠬᠢᠲᠠᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2