ᠶᠠᠮᠠᠷ ᠪᠠᠶᠢᠳᠠᠯ ᠳᠤ N95 ᠠᠮᠠᠪᠴᠢ ᠵᠡᠭᠦᠬᠦ ᠴᠢᠬᠤᠯᠠᠲᠠᠢ ᠪᠣᠶ︖ | | ᠪᠡᠭᠡᠵᠢᠩ ᠶᠡᠭᠡ ᠰᠤᠷᠭᠠᠭᠤᠯᠢ ᠶᠢᠨ ᠨᠢᠭᠡᠳᠦᠭᠡᠷ ᠡᠮᠨᠡᠯᠭᠡ ᠶᠢᠨ ᠬᠤᠷᠢᠶᠠᠨ ᠤ ᠬᠠᠷᠢᠭᠤᠴᠠᠯᠭᠠᠳᠠᠨ | ᠯᠢ ᠯᠢᠦ ᠢᠢᠯᠡᠷᠬᠡᠶᠢᠯᠡᠬᠦ ᠳᠡᠭᠡᠨ᠂ ᠠᠮᠠᠪᠴᠢ ᠳᠤ ᠭᠤᠣᠯᠳᠠᠭᠤ ᠭᠤᠷᠪᠠᠨ ᠵᠦᠢᠯ ᠪᠤᠢ᠄ ᠨᠢᠭᠡ ᠯᠡ ᠤᠳᠠᠭ᠎ᠠ ᠬᠡᠷᠡᠭᠯᠡᠬᠦ | ᠡᠮᠨᠡᠯᠭᠡ ᠶᠢᠨ ᠠᠮᠠᠪᠴᠢ᠂ᠡᠮᠨᠡᠯᠭᠡ ᠶᠢᠨ ᠭᠠᠳᠠᠷ ᠰᠠᠯᠠᠭᠠᠨ ᠳᠤ ᠬᠡᠷᠡᠭᠯᠡᠬᠦ ᠠᠮᠠᠪᠴᠢ ᠪᠠ ᠡᠮᠨᠡᠯᠭᠡ ᠳᠤ ᠬᠡᠷᠡᠭᠯᠡᠬᠦ | ᠬᠠᠮᠠᠭᠠᠯᠠᠯᠲᠠ ᠶᠢᠨ ᠠᠮᠠᠪᠴᠢ ︵N95︶ᠵᠡᠷᠭᠡ ᠪᠤᠯᠤᠨ᠎ᠠ᠃ ᠣᠯᠠᠩᠬᠢ ᠪᠠᠶᠢᠳᠠᠯ ᠳᠤ᠂ ᠬᠠᠯᠳᠠᠪᠤᠷᠢᠯᠠᠯ ᠤᠨ | ᠡᠷᠡᠰᠳᠡᠯ ᠪᠠᠭ᠎ᠠ ᠪᠠᠶᠢᠪᠠᠯ ᠪᠢᠳᠡ ᠨᠢᠭᠡ ᠯᠡ ᠤᠳᠠᠭ᠎ᠠ ᠬᠡᠷᠡᠭᠯᠡᠬᠦᠡᠮᠨᠡᠯᠭᠡ ᠶᠢᠨ ᠠᠮᠠᠪᠴᠢ ᠪᠤᠶᠤ ᠡᠮᠨᠡᠯᠭᠡ ᠶᠢᠨ | ᠭᠠᠳᠠᠷ ᠰᠠᠯᠠᠭᠠᠨ ᠳᠤ ᠬᠡᠷᠡᠭᠯᠡᠬᠦ ᠠᠮᠠᠪᠴᠢ ᠶᠢ ᠵᠠᠷᠣᠪᠠᠯ ᠪᠣᠯᠴᠢᠬᠠᠨ᠎ᠠ᠃ N95 ᠠᠮᠠᠪᠴᠢ ᠶᠢ ᠭᠤᠣᠯᠳᠠᠭᠤ | ᠬᠠᠯᠳᠠᠪᠤᠷᠢᠯᠠᠯ ᠤᠨ ᠡᠷᠡᠰᠳᠡᠯ ᠶᠡᠬᠡᠲᠡᠢ ᠣᠷᠴᠢᠨ ᠲᠣᠭᠤᠷᠢᠨ ᠳᠤ ᠵᠡᠭᠦᠳᠡᠭ᠂ᠵᠢᠱᠢᠶᠡᠯᠡᠪᠡᠯ ᠬᠠᠯᠠᠭᠤᠷᠠᠬᠤ ᠶᠢ | ᠵᠠᠰᠠᠬᠤ ᠡᠭᠦᠳᠡᠨ ᠡᠮᠨᠡᠯᠭᠡ᠂ ᠰᠢᠨ᠎ᠡ ᠲᠢᠲᠢᠮᠯᠢᠭ ᠸᠢᠷᠦ᠋ᠰ ᠤᠨ ᠬᠢᠵᠢᠭ ᠢ ᠵᠠᠰᠠᠬᠤ ᠲᠤᠬᠳᠠᠬᠰᠠᠨᠡᠮᠨᠡᠯᠭᠡ ᠶᠢᠨ | ᠬᠤᠷᠢᠶ᠎ᠠ ᠵᠡᠷᠭᠡ ᠭᠠᠵᠠᠷ ᠲᠤ ᠵᠡᠭᠦᠳᠡᠭ᠂ ᠲᠡᠭᠦᠨ ᠤ ᠬᠠᠯᠳᠠᠪᠦᠷᠢᠯᠠᠯ ᠢ ᠰᠡᠷᠭᠡᠶᠢᠯᠡᠬᠦ ᠴᠢᠨᠠᠷ ᠨᠢ ᠪᠤᠰᠤᠳ | ᠬᠤᠶᠠᠷᠵᠦ᠋ᠢᠯ ᠤᠨ ᠠᠮᠠᠪᠴᠢ ᠠᠴᠠ ᠨᠡᠩ ᠰᠠᠶᠢᠨ ᠪᠠᠶᠢᠳᠠᠭ᠃ N95 ᠠᠮᠠᠪᠴᠢ ᠶᠢ ᠬᠡᠷᠡᠭᠯᠡᠬᠦ ᠳᠤ ᠠᠩᠬᠠᠷᠬᠤ | ᠵᠦᠢᠯ᠄ ᠨᠢᠭᠡ ᠯᠡ ᠤᠳᠠᠭ᠎ᠠ ᠬᠡᠷᠡᠭᠯᠡᠵᠦ᠂ 4 ᠠᠴᠠ 6 ᠴᠠᠭ ᠯᠠᠵᠡᠬᠦᠵᠦ ᠪᠤᠯᠳᠠᠭ᠃ ᠤᠳᠠᠭᠠᠨ ᠵᠡᠭᠦᠪᠡᠯ ᠠᠮᠢᠰᠬᠤᠯ | ᠪᠦᠳᠦᠨ᠎ᠡ᠂ ᠢᠩᠬᠢᠪᠡᠯ ᠠᠮᠠᠷᠬᠠᠨ ᠶᠠᠳᠠᠷᠠᠵᠤ᠂ ᠵᠢᠷᠦᠬᠡ ᠪᠠ ᠲᠠᠷᠢᠬᠢᠨ ᠳ᠋ᠤ᠋ᠮᠠᠭᠤ ᠪᠤᠯᠬᠤ ᠶᠤᠮ᠃ ᠡᠶᠢᠮᠦ ᠠᠴᠠ | ᠡᠩ ᠤᠨ ᠦᠶ᠎ᠡ ᠳᠤ ᠵᠡᠭᠦᠬᠦ ᠴᠢᠬᠤᠯᠠ ᠦᠭᠡᠢ ᠶᠤᠮ ᠪᠠᠶᠢᠨ᠎ᠠ᠃ | ᠢᠷᠡᠯᠲᠡ᠄ ᠳᠤᠮᠳᠠᠳᠤ ᠤᠯᠤᠰ ᠤᠨ ᠮᠣᠩᠭᠤᠯ ᠷᠠᠳᠢᠤ᠋ ᠰᠦᠯᠵᠢᠶ᠎ᠡ | | |