ᠨᠢᠭᠡ ᠵᠦᠢᠯ ᠤᠨ ᠰᠢᠳᠦ ᠶᠢ ᠤᠨᠠᠭᠠᠳᠠᠭ ᠡᠪᠡᠳᠴᠢᠨ | | ᠪᠤᠶᠢᠯᠠ ᠶᠢᠨ ᠦᠷᠪᠢᠰᠦᠯ ᠪᠣᠯ ᠪᠢᠳᠡᠨ ᠤ ᠰᠢᠳᠦ ᠶᠢ ᠠᠮᠠᠷᠬᠠᠨ ᠤᠨᠠᠭᠠᠳᠠᠭ ᠬᠡᠷᠡᠭ ᠤᠨ ᠡᠵᠡᠨ ᠶᠤᠮ︕ | | ᠡᠶᠢᠮᠦ ᠡᠪᠡᠳᠴᠢᠨ ᠢ ᠮᠠᠰᠢ ᠣᠯᠠᠨ ᠬᠥᠮᠦᠨ ᠵᠠᠯᠠᠭᠤ ᠪᠠᠶᠢᠬᠤ ᠳᠠᠭᠠᠨ ᠲᠡᠮᠡᠢ ᠠᠩᠬᠠᠷᠤᠯ ᠳᠠᠭᠠᠨ ᠠᠪᠳᠠᠭ | ᠦᠭᠡᠢ᠂ ᠰᠢᠳᠦ ᠨᠢ ᠤᠨᠠᠭᠠᠳ ᠢᠷᠡᠬᠦ ᠲᠠᠢ ᠵᠡᠷᠭᠡ ᠰᠠᠶ᠋ᠢ ᠠᠩᠬᠠᠷᠤᠯ ᠳᠠᠭᠠᠨ ᠠᠪᠳᠠᠭ ᠪᠠᠶᠢᠨ᠎ᠠ᠂ ᠬᠡᠳᠡᠯ᠎ᠡ ᠡᠨᠡ | ᠦᠶ᠎ᠡ ᠪᠤᠯᠬᠤ ᠳᠤ ᠨᠢᠭᠡᠨᠲᠡ ᠤᠷᠤᠶᠢᠳᠠᠬᠰᠠᠨᠪᠠᠶᠢᠳᠠᠭ᠃ ᠪᠤᠶᠢᠯᠠ ᠶᠢᠨ ᠦᠷᠪᠢᠰᠦᠯ ᠨᠢ ᠰᠠᠶ᠋ᠢ ᠦᠷᠪᠢᠰᠬᠦ ᠦᠶ᠎ᠡ | ᠳᠤ ᠮᠠᠰᠢ ᠤᠳᠠᠭᠠᠨ ᠪᠠᠶᠢᠳᠠᠭ ᠶᠤᠮ᠂ ᠰᠠᠶ᠋ᠢ ᠦᠷᠪᠢᠰᠬᠦ ᠦᠶ᠎ᠡ ᠶᠢᠨ ᠢᠯᠡᠷᠡᠯ ᠬᠡᠪᠡᠯ᠄ ᠪᠤᠶᠢᠯᠠ ᠵᠢᠭᠠᠬᠠᠨ | ᠤᠯᠠᠶᠢᠬᠤ᠂ ᠰᠢᠳᠦ ᠪᠠᠨ ᠱᠤᠤᠠᠵᠠᠳᠠᠬᠤ ᠦᠶᠡᠰ ᠵᠢᠭᠠᠬᠠᠨ ᠴᠢᠰᠤ ᠭᠠᠷᠬᠤ ᠪᠤᠶᠤ ᠡᠰᠡᠬᠦᠯ᠎ᠡ ᠠᠯᠮᠤᠷᠠᠳ ᠢᠳᠡᠬᠦ ᠳᠤ | ᠬᠠᠵᠠᠬᠰᠠᠨ ᠬᠡᠰᠡᠭ ᠲᠤᠨᠢ ᠴᠢᠰᠤᠨ ᠣᠷᠣ ᠦᠯᠡᠳᠡᠳᠡᠭ᠃ ᠰᠡᠭᠦᠯᠡᠷ ᠨᠢ ︵ᠣᠯᠠᠨ ᠵᠢᠯ᠂ ᠬᠡᠳᠦᠨ ᠠᠷᠪᠠᠨ ᠵᠢᠯ | ᠤᠨ ᠲᠠᠷᠠᠭ᠎ᠠ︶᠂ ᠲᠠ ᠬᠡᠳᠦᠨ ᠰᠢᠳᠦ ᠬᠦᠳᠡᠯᠵᠦ᠂ ᠶᠠᠭᠤᠮ᠎ᠠ ᠵᠠᠵᠢᠯᠬᠤ ᠳᠤ ᠲᠡᠶᠢᠮᠦ ᠬᠦᠴᠦᠳᠡᠢ ᠪᠢᠰᠢ | ᠪᠤᠯᠤᠬᠰᠠᠨ ᠪᠠ ᠵᠠᠷᠢᠮ ᠳᠠᠭᠠᠨ ᠱᠣᠷᠪᠣᠭ ᠡᠬᠡᠭᠦᠨ ᠢᠳᠡᠭᠡ ᠰᠢᠭᠦᠰᠦ ᠭᠠᠷᠳᠠᠭ ᠢ ᠬᠡᠨᠡᠳᠳᠡ ᠤᠯᠵᠤ ᠮᠡᠳᠡᠳᠡᠭ᠃ | ᠡᠭᠦᠨ ᠡᠴᠠᠰᠡᠭᠦᠯᠡᠷ ᠨᠢ ᠰᠢᠳᠦ ᠴᠢᠨᠢ ᠬᠦᠳᠡᠯᠳᠡᠭ ᠢᠶᠠᠷ ᠪᠠᠷᠠᠬᠤ ᠥᠬᠡᠶ᠂ ᠵᠠᠷᠢᠮ ᠳᠠᠭᠠᠨ ᠪᠠᠰᠠ ᠰᠢᠳᠦ ᠨᠢ | ᠡᠪᠡᠳᠦᠳᠡᠭ︕ ᠡᠨᠡ ᠦᠶ᠎ᠡ ᠳᠤ ᠰᠢᠳᠦ ᠪᠠᠨ ᠡᠮᠨᠡᠯᠭᠡ ᠳᠤ ᠬᠦᠷᠴᠦ ᠦᠵᠡᠬᠦᠯᠬᠦ ᠦᠭᠡᠢ᠂ ᠵᠥᠪᠬᠡᠨ ᠡᠮ ᠤᠤᠭᠤᠵᠤ | ᠡᠪᠡᠳᠬᠦ ᠶᠢ ᠵᠣᠭᠰᠣᠭᠠᠬᠤ ᠶᠢ ᠪᠤᠳᠤᠬᠤ ᠳ᠋ᠤ᠋ᠬᠦ᠋ᠷᠪᠡᠯ᠂ ᠦᠨᠡᠨ ᠳᠡᠭᠡᠨ ᠶᠠᠮᠠᠷ ᠴᠤ ᠲᠤᠰᠠ ᠦᠭᠡᠢ ᠶᠤᠮ᠃ | ᠰᠢᠳᠦᠨ ᠤ ᠤᠭ ᠨᠢ ᠢᠯᠡᠷᠡᠨ ᠭᠠᠷᠪᠠᠯ᠂ ᠰᠢᠳᠦ ᠬᠦᠳᠡᠯᠬᠦ ᠨᠢ ᠤᠯᠠᠮ ᠠᠴᠠ ᠤᠯᠠᠮ ᠬᠦᠨᠳᠦ ᠪᠤᠯᠤᠨ᠎ᠠ᠃ | ᠪᠤᠶᠢᠯᠠ ᠶᠢᠨ ᠦᠷᠪᠢᠰᠦᠯ ᠢ ᠶᠠᠭᠠᠬᠢᠵᠤ ᠵᠠᠰᠠᠬᠤ ᠪᠣᠶ︖ | 1.ᠰᠢᠳᠦ ᠪᠠᠨ ᠤᠬᠢᠶᠠᠬᠤ | 2. ᠪᠣᠬᠢᠷᠲᠤᠭᠰᠠᠨ ᠬᠡᠰᠡᠭ ᠢ ᠬᠤᠰᠤᠵᠤ ᠠᠷᠢᠯᠭᠠᠬᠤ | 3. ᠪᠤᠶᠢᠯᠠ ᠶᠢᠨ ᠮᠡᠰᠡ ᠵᠠᠰᠠᠯ ᠬᠢᠯᠭᠡᠬᠦ | 4. ᠡᠮ ᠢᠶᠠᠷ ᠵᠠᠰᠠᠬᠤ | 5. ᠡᠯᠡᠭᠳᠡᠭᠰᠡᠨ ᠰᠢᠳᠦ ᠶᠢ ᠲᠡᠭᠰᠢᠯᠡᠵᠦ ᠵᠠᠰᠠᠬᠤ᠂ ᠪᠠᠬᠢᠯᠡᠵᠦ ᠲᠤᠬᠳᠠᠪᠤᠷᠢᠵᠢᠭᠤᠯᠬᠤ ᠪᠠ ᠰᠢᠳᠦ ᠶᠢ | ᠦᠳᠡᠭᠡᠨ ᠠᠪᠬᠤ | ᠪᠤᠶᠢᠯᠠ ᠶᠢᠨ ᠦᠷᠪᠢᠰᠦᠯ ᠤᠨ ᠰᠢᠰᠲ᠋ᠧᠮ ᠤᠨ ᠡᠮᠴᠢᠯᠡᠭᠡ ᠬᠢᠭᠰᠡᠨ ᠤ ᠳᠠᠷᠠᠭ᠎ᠠ᠂ ᠥᠪᠡᠷ ᠤᠨ ᠠᠮᠠᠨ | ᠬᠥᠨᠳᠡᠶ ᠵᠢᠨᠡᠷᠡᠭᠦᠯ ᠬᠠᠮᠠᠭᠠᠯᠠᠯ ᠰᠠᠶᠢᠳᠤᠷ ᠬᠢᠬᠦ ᠪᠠ ᠲᠣᠭᠲᠠᠭᠰᠠᠨ ᠬᠤᠭᠤᠴᠠᠭ᠎ᠠ ᠳᠤ ᠳᠠᠬᠢᠨ ᠪᠠᠶᠢᠴᠠᠭᠠᠯᠲᠠ | ᠬᠢᠬᠦ ᠨᠢ ᠮᠦᠨ ᠠᠳᠠᠯᠢᠬᠠᠨᠴᠢᠬᠤᠯᠠ ᠶᠤᠮ᠃ | ᠢᠷᠡᠯᠲᠡ᠄ ᠠᠷᠠᠤᠨ ᠤᠨ ᠰᠦᠯᠵᠢᠶ᠎ᠡ | ᠳᠡᠪᠰᠢᠭᠦᠯᠦᠭᠴᠢ ᠄ ᠲᠡᠷᠭᠡᠯ | |