ᠨᠥᠭᠴᠢᠭᠰᠡᠨ ᠪᠠᠭᠠᠲᠤᠷᠴᠤᠳ ᠤᠨ ᠬᠦᠰᠡᠯ ᠵᠣᠷᠢᠯᠲᠠ ᠪᠠᠨ ᠰᠠᠨᠠᠭᠠᠯᠵᠠᠭᠤᠯᠵᠤ᠂ ᠦᠷᠭᠦᠯᠵᠢᠯᠡᠨ ᠵᠣᠷᠢᠭ ᠰᠠᠨᠠᠭ᠎ᠠ | ᠪᠠᠨ ᠵᠠᠯᠭᠠᠮᠵᠢᠯᠠᠵᠤ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠶ᠎ᠡ ᠂ ᠳᠥᠷᠪᠡᠳ ᠬᠤᠰᠢᠭᠤ ᠬᠠᠩᠰᠢ ᠶᠢᠨ | ᠲᠠᠬᠢᠯᠭ᠎ᠠ ᠶᠢᠨ ᠠᠵᠢᠯᠯᠠᠭ᠎ᠠ ᠦᠷᠨᠢᠭᠦᠯᠦᠭᠰᠡᠨ | | ᠬᠤᠪᠢᠰᠬᠠᠯᠲᠤ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠵᠤ᠂ ᠬᠤᠪᠢᠰᠬᠠᠯ ᠤᠨ ᠦᠷᠡᠭᠳᠡᠭᠰᠡᠨ | ᠪᠠᠭᠠᠲᠤᠷᠴᠤᠳ ᠢ ᠮᠥᠷᠥᠭᠡᠳᠦᠨ ᠰᠠᠨᠠᠭᠠᠯᠵᠠᠵᠤ᠂ ᠤᠤᠯ ᠵᠣᠷᠢᠯᠲᠠ ᠡᠭᠦᠷᠭᠡ ᠪᠠᠨ ᠴᠢᠩᠭᠠᠳᠬᠠᠨ᠂ ᠡᠷᠡᠯᠬᠡᠭᠯᠡᠨ | ᠤᠷᠤᠭᠰᠢᠯᠠᠬᠤ ᠬᠦᠴᠦᠨ ᠴᠢᠳᠠᠯ ᠢᠶᠠᠨ ᠨᠢᠭᠲᠡᠷᠠᠭᠤᠯᠬᠤ ᠶᠢᠨ ᠲᠥᠯᠥᠭᠡ ᠶᠦ᠋ᠮ᠃ 4 ᠰᠠᠷ᠎ᠠ ᠶᠢᠨ 4 ᠡᠳᠦᠷ᠂ ᠳᠥᠷᠪᠡᠳ | ᠬᠤᠰᠢᠭᠤᠨ ᠤ ᠥᠷᠭᠡᠨ ᠣᠯᠠᠨ ᠨᠠᠮ ᠤᠨ ᠭᠡᠰᠢᠭᠦᠨ ᠺᠠᠳ᠋ᠷ ᠨᠠᠷ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠢ | ᠬᠢᠵᠠᠭᠠᠯᠠᠰᠢ ᠦᠭᠡᠢ ᠬᠦᠨᠳᠦᠳᠬᠡᠨ ᠪᠢᠰᠢᠷᠡᠬᠦ ᠰᠡᠳᠬᠢᠯᠭᠡ ᠶᠢ ᠡᠪᠦᠷᠯᠡᠨ᠎ᠡ᠃ | | | | ᠦᠷᠡᠭᠳᠡᠭᠰᠡᠨ ᠪᠠᠭᠠᠲᠤᠷᠴᠤᠳ ᠤᠨ ᠲᠠᠬᠢᠯᠭ᠎ᠠ ᠶᠢᠨ ᠶᠣᠰᠣᠯᠠᠯ ᠰᠦᠷ ᠵᠢᠪᠬᠤᠯᠠᠩᠲᠤ ᠤᠯᠤᠰ ᠤᠨ ᠰᠦᠯᠳᠡ | ᠳᠠᠭᠤᠤ ᠶᠢᠨ ᠠᠶᠠᠰ ᠤᠨ ᠳᠤᠮᠳᠠ ᠡᠬᠢᠯᠡᠵᠦ᠂ ᠪᠦᠬᠦ ᠲᠠᠯᠠᠪᠠᠢ ᠪᠠᠷ ᠢᠶᠠᠨ ᠲᠥᠪ ᠵᠣᠭᠰᠣᠨ᠂ ᠬᠤᠪᠢᠰᠬᠠᠯ ᠤᠨ | ᠦᠷᠡᠭᠳᠡᠭᠰᠡᠨ ᠪᠠᠭᠠᠲᠤᠷᠴᠤᠳ ᠲᠤ ᠶᠣᠰᠣᠯᠠᠵᠤ ᠪᠠᠶᠢᠬᠤ ᠪᠣᠯᠤᠨ᠎ᠠ᠃ᠤᠯᠤᠰ ᠤᠨ ᠲᠤᠭ ᠤᠨ ᠬᠠᠮᠠᠭᠠᠯᠠᠯᠲᠠ ᠶᠢᠨ ᠠᠩᠭᠢ | ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠬᠥᠰᠢᠶ᠎ᠡ ᠳᠤ ᠴᠡᠴᠡᠭ ᠡᠷᠭᠦᠨ ᠪᠠᠷᠢᠬᠤ ᠠᠵᠢᠯᠯᠠᠭ᠎ᠠ ᠪᠠᠨ | ᠠᠯᠭᠤᠷᠬᠠᠨ ᠢᠶᠠᠷ ᠶᠠᠪᠤᠭᠤᠯᠵᠤ᠂ ᠬᠤᠰᠢᠭᠤᠨ ᠤ ᠤᠳᠤᠷᠢᠳᠤᠯᠭ᠎ᠠ ᠰᠠᠭᠰᠤᠲᠤ ᠲᠣᠷᠭᠠᠨ ᠪᠦᠰᠡ ᠶᠢ ᠴᠢᠮᠡᠭᠯᠡᠵᠦ᠂ ᠰᠢᠷ᠎ᠠ᠂ | ᠴᠠᠭᠠᠨ ᠤᠳᠪᠠᠯᠠ ᠴᠡᠴᠡᠭ ᠨᠦᠭᠦᠳ ᠨᠠᠮ ᠤᠨ ᠭᠡᠰᠢᠭᠦᠨ ᠺᠠᠳ᠋ᠷᠴᠤᠳ ᠲᠤ ᠪᠦᠬᠦ ᠦᠷᠡᠭᠳᠡᠭᠰᠡᠨ ᠪᠠᠭᠠᠲᠤᠷᠴᠤᠳ ᠤᠨ | ᠬᠠᠮᠤᠭ ᠤᠨ ᠡᠷᠬᠢᠮ ᠳᠡᠭᠡᠳᠦ ᠬᠦᠨᠳᠦᠳᠬᠡᠯ ᠪᠣᠯᠤᠨ ᠬᠠᠮᠤᠭ ᠤᠨ ᠭᠦᠨ ᠰᠡᠳᠬᠢᠭᠳᠡᠯ ᠤᠨ ᠬᠠᠶᠢᠷ᠎ᠠ ᠰᠡᠳᠬᠢᠯᠭᠡ ᠶᠢ | ᠡᠪᠦᠷᠯᠡᠵᠦ ᠪᠠᠶᠢᠳᠠᠭ᠃ | ᠣᠨ ᠵᠢᠯ ᠤᠨ ᠲᠤᠷᠰᠢ᠂ ᠲᠤᠭ᠎ᠠ ᠲᠣᠮᠰᠢ ᠦᠭᠡᠢ ᠣᠯᠠᠨ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ | ᠴᠥᠬᠦᠷᠡᠰᠢ ᠦᠭᠡᠢ ᠤᠷᠤᠭᠰᠢᠯᠠᠵᠤ᠂ ᠡᠮᠦᠨᠡᠬᠢ ᠨᠢ ᠤᠨᠠᠪᠠᠯ ᠬᠤᠶᠢᠨᠠᠬᠢ ᠨᠢ ᠵᠠᠯᠭᠠᠮᠵᠢᠯᠠᠵᠤ᠂ ᠦᠨᠳᠦᠰᠦᠲᠡᠨ ᠤ ᠲᠤᠰᠠᠭᠠᠷ | ᠲᠣᠭᠲᠠᠨᠢᠯ ᠪᠣᠯᠤᠨ ᠠᠷᠠᠳ ᠲᠦᠮᠡᠨ ᠤ ᠴᠢᠯᠥᠭᠡᠯᠡᠯᠲᠡ ᠶᠢ ᠲᠡᠮᠡᠴᠡᠨ ᠣᠯᠵᠤ᠂ ᠤᠯᠤᠰ ᠣᠷᠣᠨ ᠤ ᠪᠠᠶᠠᠵᠢᠯ ᠬᠦᠴᠦᠷᠬᠡᠭᠵᠢᠯ | ᠪᠠ ᠠᠷᠠᠳ ᠲᠦᠮᠡᠨ ᠤ ᠵᠣᠯ ᠵᠢᠷᠭᠠᠯ ᠢ ᠪᠡᠶᠡᠯᠡᠭᠦᠯᠬᠦ ᠶᠢᠨ ᠲᠥᠯᠥᠭᠡ ᠠᠷᠢᠭᠤᠨ ᠴᠢᠰᠤ ᠪᠠᠷ ᠢᠶᠠᠨ ᠬᠦᠰᠡᠯᠡᠩ ᠢᠶᠠᠨ | ᠤᠰᠤᠯᠠᠨ᠂ ᠠᠮᠢ ᠨᠠᠰᠤ ᠪᠠᠷ ᠢᠶᠠᠨ ᠢᠲᠡᠭᠡᠯ ᠪᠢᠰᠢᠷᠡᠯ ᠢᠶᠠᠨ ᠬᠠᠮᠠᠭᠠᠯᠠᠵᠤ᠂ ᠨᠢᠭᠡᠨ ᠪᠠᠯᠠᠷᠠᠰᠢ ᠦᠭᠡᠢ ᠣᠶᠤᠨ ᠰᠠᠨᠠᠭᠠᠨ ᠤ | ᠥᠷᠯᠥᠭ ᠬᠥᠰᠢᠶ᠎ᠡ ᠶᠢ ᠴᠣᠭᠴᠠᠯᠠᠵᠠᠢ᠃ᠲᠡᠳᠡᠨ ᠤ ᠪᠠᠭᠠᠲᠤᠷᠯᠢᠭ ᠦᠢᠯᠡ ᠠᠵᠢᠯᠯᠠᠭ᠎ᠠ ᠪᠠ ᠡᠬᠡ ᠣᠷᠣᠨᠴᠢ ᠵᠣᠷᠢᠭ ᠰᠠᠨᠠᠭ᠎ᠠ | ᠪᠣᠯ ᠮᠠᠨ ᠢ ᠵᠣᠷᠢᠭᠵᠢᠭᠤᠯᠤᠨ ᠡᠷᠡᠯᠬᠡᠭᠯᠡᠨ ᠤᠷᠤᠭᠰᠢᠯᠠᠭᠤᠯᠬᠤ ᠬᠦᠴᠦᠷᠬᠡᠭ ᠶᠡᠭᠡ ᠬᠦᠴᠦᠨ ᠮᠥᠨ᠃ | | | | ᠬᠤᠰᠢᠭᠤᠨ ᠤ ᠠᠷᠠᠳ ᠤᠨ ᠵᠡᠪᠰᠡᠭᠲᠦ ᠬᠦᠴᠦᠨ ᠤ ᠬᠡᠯᠲᠡᠰ ᠤᠨ ᠴᠡᠷᠢᠭ ᠤᠨ ᠶᠠᠪᠤᠳᠠᠯ ᠤᠨ ᠰᠠᠯᠠᠭᠠᠨ ᠤ | ᠵᠥᠪᠯᠡᠭᠴᠢ ᠵᠠᠩ ᠳ᠋ᠦ᠋ᠩ ᠢᠯᠡᠷᠬᠡᠶᠢᠯᠡᠭᠰᠡᠨ ᠨᠢ᠄ 《 ᠪᠢᠳᠡ ᠬᠤᠪᠢᠰᠬᠠᠯ ᠤᠨ ᠦᠷᠡᠭᠳᠡᠭᠰᠡᠨ ᠪᠠᠭᠠᠲᠤᠷ ᠢᠶᠠᠷ ᠦᠯᠢᠭᠡᠷ | ᠳᠠᠭᠤᠷᠢᠶᠠᠯ ᠪᠣᠯᠭᠠᠵᠤ᠂ ᠴᠠᠭ ᠢᠮᠠᠭᠲᠠ ᠨᠡᠩ ᠥᠨᠳᠥᠷ ᠪᠠᠷᠢᠮᠵᠢᠶ᠎ᠠ ᠪᠠᠷ ᠥᠪᠡᠷ ᠢ ᠪᠠᠨ ᠴᠢᠩᠭ᠎ᠠ ᠱᠠᠭᠠᠷᠳᠠᠵᠤ᠂ | ᠠᠵᠢᠯ ᠤᠨ ᠴᠢᠳᠠᠪᠤᠷᠢ ᠪᠠ ᠬᠢᠷᠢ ᠲᠦᠪᠰᠢᠨ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠰᠢᠨ᠎ᠡ ᠴᠠᠭ ᠦᠶ᠎ᠡ ᠶᠢᠨ | ᠤᠯᠤᠰ ᠤᠨ ᠪᠠᠲᠤᠯᠠᠨ ᠬᠠᠮᠠᠭᠠᠯᠠᠯᠲᠠ ᠶᠢᠨ ᠳᠠᠶᠢᠴᠢᠯᠠᠯᠲᠠ ᠶᠢᠨ ᠠᠵᠢᠯ ᠤᠨ ᠴᠢᠨᠠᠷ ᠰᠠᠶᠢᠲᠠᠢ ᠬᠥᠭᠵᠢᠯᠲᠡ ᠶᠢ ᠴᠢᠷᠮᠠᠶᠢᠨ | ᠠᠬᠢᠭᠤᠯᠤᠨ᠎ᠠ 》᠃》 | ᠦᠷᠡᠭᠳᠡᠭᠰᠡᠨ ᠪᠠᠭᠠᠲᠤᠷᠴᠤᠳ ᠢᠶᠠᠨ ᠭᠠᠰᠢᠭᠤᠳᠠᠬᠤ ᠶᠣᠰᠣᠯᠠᠯ ᠳᠤᠮᠳᠠ ᠲᠤᠬᠠᠢ ᠶᠢᠨ ᠲᠠᠯᠠᠪᠠᠢ ᠳᠤ ᠪᠠᠶᠢᠭᠰᠠᠨ | ᠬᠥᠮᠦᠰ ᠨᠢ ᠶᠡᠭᠡ ᠪᠠᠷ ᠵᠣᠷᠢᠭᠵᠢᠵᠤ ᠪᠠᠶᠢᠨ᠎ᠠ᠃《 ᠥᠨᠥᠳᠥᠷ ᠤᠨ ᠦᠷᠡᠭᠳᠡᠭᠰᠡᠨ ᠪᠠᠭᠠᠲᠤᠷᠴᠤᠳ ᠢᠶᠠᠨ ᠳᠤᠷᠠᠰᠤᠨ | ᠰᠠᠨᠠᠭᠠᠯᠵᠠᠬᠤ ᠠᠵᠢᠯᠯᠠᠭ᠎ᠠ ᠪᠠᠷ ᠳᠠᠮᠵᠢᠨ᠂ ᠪᠢ ᠣᠳᠣ ᠶᠢᠨ ᠵᠣᠯ ᠵᠢᠷᠭᠠᠯᠲᠤ ᠠᠮᠢᠳᠤᠷᠠᠯ ᠬᠢᠯᠪᠠᠷ ᠪᠤᠰᠤ ᠭᠡᠳᠡᠭ ᠢ ᠭᠦᠨᠵᠡᠭᠡᠢ | ᠣᠶᠢᠯᠠᠭᠠᠵᠤ᠂ ᠪᠢᠳᠡ ᠰᠠᠶᠢᠲᠤᠷ ᠰᠤᠷᠤᠯᠴᠠᠵᠤ᠂ ᠬᠤᠪᠢᠰᠬᠠᠯᠲᠤ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠵᠤ᠂ ᠰᠢᠨ᠎ᠡ | ᠴᠠᠭ ᠦᠶ᠎ᠡ ᠶᠢᠨ ᠰᠠᠶᠢᠨ ᠪᠠᠭᠠᠴᠤᠳ ᠪᠣᠯᠵᠤ᠂ ᠡᠬᠡ ᠤᠯᠤᠰ ᠤᠨ ᠢᠶᠠᠨ ᠴᠡᠴᠡᠭᠯᠡᠨ ᠬᠥᠭᠵᠢᠯᠲᠡ ᠳᠤ ᠥᠪᠡᠷ ᠤᠨ ᠬᠤᠪᠢ | ᠨᠡᠮᠡᠷᠢ ᠪᠠᠨ ᠦᠵᠡᠭᠦᠯᠬᠦ ᠬᠡᠷᠡᠭᠲᠡᠢ᠃ ᠬᠤᠶᠠᠳᠤᠭᠠᠷ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠳᠥᠷᠪᠡᠳᠦᠭᠡᠷ ᠣᠨ ᠤ ( | 2 ) ᠠᠩᠭᠢ ᠶᠢᠨ ᠮᠧᠩ ᠢᠦ᠋ᠢ ᠰᠢᠦᠸᠠᠨ ᠬᠡᠯᠡᠪᠡ᠃ | ᠬᠤᠰᠢᠭᠤᠨ ᠤ ᠤᠳᠤᠷᠢᠳᠤᠯᠭ᠎ᠠ ᠭᠡᠷᠡᠯ ᠰᠠᠴᠤᠷᠠᠩᠭᠤᠢ ᠠᠮᠵᠢᠯᠲᠠ ᠣᠯᠵᠤ᠂ ᠠᠯᠲ᠋ᠠ᠂ ᠴᠡᠴᠡᠨᠤᠭᠠ᠂ ᠾᠧ ᠶᠦᠩ | ᠴᠢᠩ᠂ ᠪᠦᠬᠦ ᠬᠤᠰᠢᠭᠤᠨ ᠤ ᠡᠯ᠎ᠡ ᠬᠤᠰᠢᠭᠤ ᠰᠢᠭᠤᠳ ᠬᠠᠷᠢᠶ᠎ᠠ ᠨᠢᠭᠡᠴᠡ ᠶᠢᠨ ᠨᠠᠮ ᠤᠨ ᠭᠡᠰᠢᠭᠦᠨ ᠺᠠᠳ᠋ᠷ᠂ ᠬᠤᠪᠢᠰᠬᠠᠯᠲᠤ | ᠦᠷᠡᠭᠳᠡᠭᠰᠡᠨ ᠪᠠᠭᠠᠲᠤᠷᠴᠤᠳ ᠤᠨ ᠭᠡᠷ ᠪᠦᠯᠢ ᠵᠡᠷᠭᠡ ᠨᠡᠶᠢᠭᠡᠮ ᠤᠨ ᠡᠯ᠎ᠡ ᠡᠲᠡᠭᠡᠳ ᠤᠨ ᠲᠥᠯᠥᠭᠡᠯᠡᠭᠴᠢ ᠠᠵᠢᠯᠯᠠᠭ᠎ᠠ ᠳᠤ | ᠣᠷᠣᠯᠴᠠᠵᠠᠢ᠃ | ᠢᠷᠡᠯᠲᠡ᠄ ᠳᠦᠷᠪᠡᠦᠨ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠤ ᠬᠢᠲᠠᠤᠨ ᠰᠦᠯᠵᠢᠶ᠎ᠡ | ᠤᠷᠴᠢᠭᠤᠯᠤᠭᠴᠢ᠄ ᠲᠡᠷᠭᠡᠯ | ᠬᠢᠨᠠᠭᠴᠢ᠄ ᠦᠨᠢᠮᠠᠨᠳᠤᠬᠤ | ᠳᠡᠪᠰᠢᠭᠦᠯᠦᠭᠴᠢ᠄ ᠲᠡᠷᠭᠡᠯ | |