ᠰᠠᠷᠬᠤᠳ ᠤᠨ ᠢᠷᠦᠬᠡᠯ
ᠨᠡᠶᠢᠲᠡᠯᠡᠭᠰᠡᠨ ᠴᠠᠭ᠄
2024/5/22
     ᠰᠠᠷᠬᠤᠳ ᠤᠨ ᠢᠷᠦᠬᠡᠯ       ᠤᠸ᠋ᠮ ᠰᠠᠶᠢᠨ ᠠᠮᠤᠭᠤᠯᠠᠩ ᠪᠣᠯᠲᠤᠭᠠᠢ︕  ᠡᠩᠭᠡ ᠰᠠᠶᠢᠨ ᠵᠢᠷᠭᠠᠯᠠᠩ ᠪᠣᠯᠲᠣᠭᠠᠢ︕  ᠳᠡᠯᠡᠬᠡᠢ ᠰᠢᠨ᠎ᠡ ᠵᠢᠯ ᠢᠶᠠᠨ ᠤᠭᠲᠤᠭᠰᠠᠨ ᠪᠠᠶᠢᠵᠤ  ᠳᠡᠯᠭᠡᠷ ᠪᠠᠶᠠᠨ ᠨᠤᠲᠤᠭ ᠢᠶᠠᠨ ᠮᠠᠭᠲᠠᠭᠰᠠᠨ ᠪᠠᠶᠢᠵᠤ  ᠳᠡᠪᠡᠯ ᠮᠠᠯᠠᠭᠠᠢ ᠲᠡᠷᠢᠬᠦᠳᠡᠨ ᠢᠶᠠᠨ ᠵᠠᠰᠠᠭᠰᠠᠨ ᠪᠠᠶᠢᠵᠤ  ᠳᠡᠷᠭᠡᠳᠡᠬᠢ ᠤᠯᠠᠨ ᠲᠠ ᠪᠦᠬᠦᠳᠡ ᠳᠤ ᠪᠠᠨ ᠶᠤᠰᠤᠯᠠᠨ ᠪᠠᠶᠢᠵᠤ  ᠳᠡᠯᠡᠩᠲᠦ ᠮᠠᠯ ᠤᠨ ᠰᠢᠮ᠎ᠡ ᠪᠠᠷ ᠨᠡᠷᠡᠭᠰᠡᠨ ᠰᠠᠷᠬᠤᠳ ᠢᠶᠠᠨ  ᠳᠡᠯᠭᠡᠷᠡᠩᠬᠦᠢ ᠨᠠᠶᠢᠷ ᠤᠨ ᠵᠤᠭ᠎ᠠ ᠠᠷᠢᠭᠤᠳᠬᠠᠨ  ᠳᠡᠭᠡᠳᠦᠰ ᠤᠨ ᠪᠣᠯᠣᠷ ᠬᠤᠨᠳᠠᠭᠠᠨ ᠳᠤ ᠪᠠᠨ ᠳᠡᠭᠡᠵᠢᠯᠡᠨ ᠬᠡᠮᠨᠡᠭᠡᠳ  ᠳᠡᠭᠡᠭᠰᠢ ᠰᠠᠭᠠᠳᠤᠭᠰᠠᠨ ᠲᠠ ᠤᠯᠠᠨ ᠳᠤ ᠪᠠᠨ  ᠢᠷᠦᠭᠡᠨ ᠪᠡᠯᠭᠡᠯᠡᠵᠦ ᠳᠡᠪᠰᠢᠬᠦᠯᠦᠨ ᠪᠠᠷᠢᠮᠤ︕  ᠳᠡᠭᠡᠳᠦ ᠮᠤᠩᠭᠤᠯ ᠵᠠᠩᠰᠢᠯ ᠮᠢᠨᠢ ᠪᠠᠳᠠᠷᠠᠲᠤᠭᠠᠢ︕  ᠲᠡᠭᠰᠢ ᠰᠠᠶᠢᠬᠠᠨ ᠵᠢᠷᠭᠠᠯ ᠮᠢᠨᠢ ᠤᠨᠳᠤᠷᠲᠤᠭᠠᠢ︕  ᠳᠡᠭᠡᠪᠦᠷᠢᠲᠦ ᠴᠠᠭᠠᠨ ᠭᠡᠷ ᠤᠳ ᠮᠢᠨᠢ   ᠴᠡᠩᠭᠡᠯ ᠵᠢᠷᠭᠠᠯ ᠢᠶᠠᠷ ᠪᠢᠯᠬᠠᠬᠤ ᠪᠣᠯᠲᠤᠭᠠᠢ︕  ᠳᠡᠭᠵᠢᠷᠡᠬᠦ ᠠᠷᠢᠭᠤᠨ ᠦᠢᠯᠡᠰ ᠮᠢᠨᠢ   ᠴᠡᠴᠡᠭᠯᠡᠨ ᠮᠠᠨᠳᠤᠬᠤ ᠪᠣᠯᠲᠤᠭᠠᠢ︕ ᠢᠷᠡᠯᠲᠡ᠄  ᠬᠤᠯᠪᠤᠭ᠎ᠠ  ᠪᠦᠷᠭᠡ ᠳᠡᠪᠰᠢᠭᠦᠯᠦᠭᠴᠢ᠄  ᠲᠡᠷᠭᠡᠯ  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2