ᠢᠦᠢ ᠳ᠋ᠠᠢ ᠴᠢᠩ ᠬᠢᠯᠢ ᠶᠢᠨ ᠭᠤᠷᠪᠠᠨ ᠰᠤᠮᠤ ᠶᠢᠨ ᠭᠠᠩ ᠲᠠᠢ ᠲᠡᠮᠡᠴᠡᠵᠦ ᠭᠠᠮᠰᠢᠭ ᠢ ᠪᠠᠭᠠᠰᠬᠠᠬᠤ | ᠠᠵᠢᠯ ᠳᠤ ᠰᠤᠳᠤᠯᠤᠨ ᠪᠠᠢᠷᠢᠯᠠᠭᠤᠯᠤᠯᠲᠠ ᠬᠢᠭᠰᠡᠨ | | ᠤᠶᠢᠷ᠎ᠠ ᠶᠢᠨ ᠡᠳᠦᠷ᠂ ᠬᠤᠰᠢᠭᠤ ᠨᠠᠮ ᠤᠨ ᠬᠤᠷᠢᠶᠠᠨ᠋ ᠤ ᠱᠦᠵᠢ ᠢᠦᠢ ᠳ᠋ᠠᠢ ᠴᠢᠩ ᠨᠣᠮᠣᠭᠠᠨ ᠰᠤᠮᠤ᠂ | ᠵᠠᠩᠭᠠᠨ ᠰᠤᠮᠤ᠂ ᠪᠠᠶᠠᠨ ᠣᠪᠣᠭ᠎ᠠ ᠰᠤᠮᠤᠨ ᠳᠤ ᠭᠦᠨᠵᠡᠭᠡᠶᠢᠷᠡᠨ᠂ ᠭᠠᠩ ᠲᠠᠢ ᠲᠡᠮᠡᠴᠡᠵᠦ ᠭᠠᠮᠰᠢᠭ ᠢ ᠪᠠᠭᠠᠰᠬᠠᠬᠤ | ᠠᠵᠢᠯ ᠳᠤ ᠰᠤᠳᠤᠯᠤᠨ ᠪᠠᠢᠷᠢᠯᠠᠭᠤᠯᠤᠯᠲᠠ ᠬᠢᠭᠰᠡᠨ ᠪᠠᠶᠢᠨ᠎ᠠ᠃ | ᠢᠦᠢ ᠳ᠋ᠠᠢ ᠴᠢᠩ ᠠᠴᠠ᠂ ᠡᠯ᠎ᠡ ᠭᠠᠵᠠᠷ ᠡᠯ᠎ᠡ ᠰᠠᠯᠠᠭ᠎ᠠ ᠮᠥᠴᠢᠷ ᠤᠯᠤᠰ ᠲᠦᠷᠦ ᠶᠢᠨ ᠵᠤᠭᠰᠤᠴᠠ ᠪᠠᠨ | ᠳᠡᠭᠡᠭᠰᠢᠯᠡᠭᠦᠯᠵᠦ᠂ ᠭᠠᠩ ᠬᠠᠭᠰᠠᠷᠠᠭᠠᠨ᠋ ᠤ ᠪᠠᠶᠢᠳᠠᠯ ᠢ ᠰᠡᠷᠭᠡᠭ ᠢᠶᠠᠷ ᠲᠠᠨᠢᠵᠤ᠂ ᠭᠠᠩ ᠲᠠᠢ ᠲᠡᠮᠡᠴᠡᠵᠦ ᠭᠠᠮᠰᠢᠭ ᠢ | ᠪᠠᠭᠠᠰᠬᠠᠬᠤ ᠡᠯ᠎ᠡ ᠵᠦᠢᠯ ᠤᠨᠠᠵᠢᠯ ᠢ ᠨᠠᠷᠢᠨ ᠪᠣᠳᠠᠲᠠᠢ ᠠᠳᠬᠤᠵᠤ᠂ ᠭᠠᠩ ᠬᠠᠭᠰᠠᠷᠠᠭᠠᠨ᠋ ᠤ ᠭᠠᠮᠰᠢᠭ ᠠᠴᠠ ᠪᠣᠯᠬᠤ | ᠬᠤᠬᠢᠷᠠᠯ ᠪᠣᠯᠤᠨ ᠨᠦᠯᠦᠭᠡ ᠶᠢ ᠬᠠᠮᠤᠭ ᠶᠡᠭᠡ ᠬᠡᠮᠵᠢᠶ᠎ᠡ ᠪᠠᠷ ᠪᠠᠭᠠᠰᠬᠠᠵᠤ᠂ ᠣᠳᠣᠬᠠᠨ ᠤ᠂ ᠦᠬᠡᠷ ᠬᠤᠨᠢᠨ | ᠮᠢᠬᠠᠨ ᠤ ᠦᠨ᠎ᠡ ᠬᠠᠩᠰᠢ ᠪᠠᠭᠤᠷᠠᠵᠤ᠂ ᠭᠠᠩ ᠬᠠᠭᠰᠠᠷᠠᠭᠠᠨ᠋ ᠤ ᠨᠥᠯᠥᠭᠡᠯᠡᠯ ᠳᠣᠣᠷ᠎ᠠ᠂ ᠦᠵᠡᠯ ᠰᠠᠨᠠᠭ᠎ᠠ | ᠣᠢᠯᠠᠭᠠᠭᠳᠠᠬᠤᠨ᠋ ᠢᠶᠠᠨ ᠬᠤᠪᠢᠷᠠᠭᠤᠯᠵᠤ᠂ ᠦᠬᠡᠷ ᠬᠤᠨᠢ ᠬᠤᠳᠠᠯᠳᠤᠬᠤ ᠡᠷᠴᠢᠮ ᠢᠶᠠᠨ ᠨᠡᠮᠡᠭᠳᠡᠭᠦᠯᠵᠦ᠂ | ᠬᠤᠳᠠᠯᠳᠤᠬᠤ ᠨᠥᠬᠦᠪᠥᠷᠢ ᠵᠡᠷᠭᠡ ᠲᠦᠷᠦ ᠶᠢᠨ ᠪᠤᠳᠤᠯᠭ᠎ᠠ ᠪᠠᠷ ᠳᠠᠮᠵᠢᠭᠤᠯᠤᠨ᠂ ᠮᠠᠯᠴᠢᠳ ᠲᠤ ᠪᠣᠳᠠᠲᠠᠢ ᠠᠷᠭ᠎ᠠ | ᠤᠬᠠᠭᠠᠨ ᠭᠠᠷᠭᠠᠵᠤ᠂ ᠬᠡᠷᠡᠭᠯᠡᠬᠦᠶᠢᠴᠡ ᠴᠢᠨᠠᠷ ᠢᠶᠠᠷ ᠴᠢᠩᠭ᠎ᠠ ᠠᠷᠭ᠎ᠠ ᠪᠠᠷᠢᠯ ᠬᠠᠩᠭᠠᠵᠤ᠂ ᠠᠮᠢ ᠠᠬᠤᠢ ᠶᠢᠨ | ᠬᠠᠮᠠᠭᠠᠯᠠᠯᠲᠠ ᠪᠣᠯᠤᠨ ᠣᠯᠠᠨ ᠲᠦᠮᠡᠨ᠋ ᠤ ᠪᠠᠶᠠᠵᠢᠬᠤ ᠬᠤᠣᠰ ᠢᠯᠠᠯᠲᠠ ᠶᠢ ᠲᠦᠯᠬᠢᠨ ᠠᠬᠢᠭᠤᠯᠬᠤ ᠬᠡᠷᠡᠭᠲᠡᠢ ᠭᠡᠵᠦ | ᠵᠢᠭᠠᠵᠤ ᠭᠠᠷᠭᠠᠭᠰᠠᠨ ᠪᠠᠶᠢᠨ᠎ᠠ᠃ | ᠬᠤᠰᠢᠭᠤᠨ᠋ ᠤ ᠤᠳᠤᠷᠢᠳᠤᠯᠭ᠎ᠠ ᠹᠠᠨ ᠶᠠᠨ ᠪᠢᠨ᠂ ᠰᠡᠴᠡᠨᠭᠤᠸ᠎ᠠ᠂ ᠤᠷᠢᠬᠠᠨ ᠪᠣᠯᠤᠨ ᠬᠤᠯᠪᠣᠭᠳᠠᠬᠤ | ᠬᠠᠷᠢᠭᠤᠴᠠᠯᠭᠠᠲᠠᠨ ᠨᠠᠷ ᠣᠷᠣᠯᠴᠠᠵᠠᠢ᠃ | ᠢᠷᠡᠯᠳᠡ᠄ ᠲᠥᠷᠪᠡᠳ ᠬᠤᠰᠢᠭᠤᠨ ᠤ ᠬᠠᠮ ᠵᠠᠭᠤᠴᠢᠯᠠᠭᠤᠷ ᠶᠢᠨ ᠲᠥᠪ | ᠰᠤᠷᠪᠤᠯᠵᠢᠯᠠᠭᠴᠢ᠄ ᠯᠢ ᠨᠢᠩ ᠷᠧᠨ ᠫᠧᠩ | ᠤᠷᠴᠢᠭᠤᠯᠤᠭᠴᠢ᠄ ᠲᠡᠷᠭᠡᠯ | ᠬᠢᠨᠠᠭᠰᠠᠨ ᠨᠠᠶᠢᠷᠠᠭᠤᠯᠤᠭᠴᠢ᠄ ᠦᠨᠢᠮᠠᠨᠳᠤᠬᠤ | ᠳᠡᠪᠰᠢᠭᠦᠯᠦᠭᠴᠢ᠄ ᠲᠡᠷᠭᠡᠯ | |