ᠪᠦᠬᠦ ᠬᠤᠰᠢᠭᠤᠨ ᠤ ᠺᠠᠳ᠋ᠷ ᠠᠵᠢᠯᠲᠠᠳ ᠤᠨ ᠫᠢᠩᠫᠠᠩ ᠪᠥᠮᠪᠦᠭᠡ ᠶᠢᠨ ᠤᠷᠤᠯᠳᠤᠭᠠᠨ ᠶᠠᠪᠤᠭᠳᠠᠭᠤᠯᠤᠭᠰᠠᠨ
ᠨᠡᠶᠢᠲᠡᠯᠡᠭᠰᠡᠨ ᠴᠠᠭ᠄
2024/8/27
      ᠪᠦᠬᠦ ᠬᠤᠰᠢᠭᠤᠨ ᠤ ᠺᠠᠳ᠋ᠷ ᠠᠵᠢᠯᠲᠠᠳ ᠤᠨ ᠫᠢᠩᠫᠠᠩ ᠪᠥᠮᠪᠦᠭᠡ ᠶᠢᠨ ᠤᠷᠤᠯᠳᠤᠭᠠᠨ ᠶᠠᠪᠤᠭᠳᠠᠭᠤᠯᠤᠭᠰᠠᠨ            ᠤᠶᠢᠷ᠎ᠠ ᠶᠢᠨ ᠡᠳᠦᠷ᠂ ᠪᠦᠬᠦ ᠠᠷᠠᠳ ᠤᠨ ᠪᠡᠶ᠎ᠡ ᠴᠢᠭᠢᠷᠠᠭᠵᠢᠭᠤᠯᠬᠤ ᠬᠥᠳᠡᠯᠭᠡᠭᠡᠨ ᠢ ᠠᠬᠢᠭᠤᠯᠵᠤ᠂ ᠺᠠᠳ᠋ᠷ ᠠᠵᠢᠯᠲᠠᠳ ᠤᠨ ᠰᠣᠶᠣᠯ ᠤᠨ ᠠᠮᠢᠳᠤᠷᠠᠯ ᠢ ᠬᠥᠭᠵᠢᠶᠡᠨᠲᠡᠢ ᠪᠣᠯᠭᠠᠬᠤ ᠶᠢᠨ ᠲᠥᠯᠥᠭᠡ᠂ ᠬᠤᠰᠢᠭᠤ ᠠᠵᠢᠯᠴᠢᠨ ᠤ ᠶᠡᠷᠦᠩᠬᠡᠢ ᠡᠪᠯᠡᠯ ᠠᠴᠠ ᠭᠤᠣᠯᠯᠠᠨ ᠡᠷᠬᠢᠯᠡᠵᠦ᠂ ᠪᠡᠭᠡᠵᠢᠩ ᠬᠤᠲᠠ ᠶᠢᠨ ᠬᠤᠸᠠᠢ ᠷᠸᠦ ᠲᠣᠭᠤᠷᠢᠭ ᠤᠨ ᠠᠵᠢᠯᠴᠢᠨ ᠤ ᠶᠡᠷᠦᠩᠬᠡᠢ ᠡᠪᠯᠡᠯ᠂ ᠬᠤᠰᠢᠭᠤ ᠨᠠᠰᠤᠲᠠᠶᠢᠴᠤᠳ ᠤᠨ ᠪᠡᠶ᠎ᠡ ᠶᠢᠨ ᠲᠠᠮᠢᠷ ᠤᠨ ᠨᠡᠶᠢᠭᠡᠮᠯᠢᠭ ᠠᠴᠠ ᠬᠠᠪᠰᠤᠷᠤᠨ ᠡᠷᠬᠢᠯᠡᠭᠰᠡᠨ《ᠳᠤᠮᠳᠠᠳᠤ ᠶᠢᠨ ᠬᠦᠰᠡᠯ᠂ ᠬᠥᠳᠡᠯᠮᠦᠷᠢ ᠰᠠᠶᠢᠬᠠᠨ》ᠪᠦᠬᠦ ᠬᠤᠰᠢᠭᠤᠨ ᠤ ᠺᠠᠳ᠋ᠷ ᠠᠵᠢᠯᠲᠠᠳ ᠤᠨ ᠫᠢᠩᠫᠠᠩ ᠪᠥᠮᠪᠦᠭᠡ ᠶᠢᠨ ᠤᠷᠤᠯᠳᠤᠭᠠᠨ ᠬᠤᠰᠢᠭᠤ ᠨᠠᠰᠤᠲᠠᠶᠢᠴᠤᠳ ᠤᠨ ᠬᠥᠳᠡᠯᠭᠡᠭᠡᠨ ᠤ ᠲᠥᠪ ᠲᠤ ᠶᠠᠪᠤᠭᠳᠠᠭᠤᠯᠤᠭᠰᠠᠨ ᠪᠠᠶᠢᠨ᠎ᠠ᠃       ᠲᠤᠰ ᠤᠳᠠᠭᠠᠨ ᠤ ᠤᠷᠤᠯᠳᠤᠭᠠᠨ ᠨᠢ ᠬᠤᠶᠠᠷ ᠡᠳᠦᠷ ᠶᠠᠪᠤᠭᠳᠠᠵᠤ᠂ ᠲᠠᠪᠤᠨ ᠲᠠᠯᠠᠪᠤᠷ ᠭᠤᠷᠪᠠ ᠢᠯᠠᠬᠤ ᠳᠦᠷᠢᠮ ᠢ ᠬᠡᠷᠡᠭᠯᠡᠵᠦ᠂ ᠤᠷᠤᠯᠳᠤᠭᠠᠨ ᠤ ᠲᠥᠷᠥᠯ ᠵᠦᠢᠯ ᠢ ᠡᠷᠡᠭᠲᠡᠢ ᠶᠢᠨ ᠳᠠᠩ ᠢᠶᠠᠷ ᠴᠣᠬᠢᠬᠤ ᠤᠷᠤᠯᠳᠤᠭᠠᠨ᠂ ᠡᠮᠡᠭᠲᠡᠢ ᠶᠢᠨ ᠳᠠᠩ ᠢᠶᠠᠷ ᠴᠣᠬᠢᠬᠤ ᠤᠷᠤᠯᠳᠤᠭᠠᠨ᠂ ᠡᠷᠡᠭᠲᠡᠢ ᠶᠢᠨ ᠬᠤᠣᠰᠯᠠᠨ ᠴᠣᠬᠢᠬᠤ ᠤᠷᠤᠯᠳᠤᠭᠠᠨ᠂ ᠡᠷᠡᠭᠲᠡᠢ ᠡᠮᠡᠭᠲᠡᠢ ᠶᠢᠨ ᠬᠤᠣᠰᠯᠠᠨ ᠴᠣᠬᠢᠬᠤ ᠤᠷᠤᠯᠳᠤᠭᠠᠨ᠂ ᠬᠠᠮᠲᠤ ᠶᠢᠨ ᠤᠷᠤᠯᠳᠤᠭᠠᠨ ᠵᠡᠷᠭᠡ ᠲᠠᠪᠤᠨ ᠲᠥᠷᠥᠯ ᠵᠦᠢᠯ ᠬᠤᠪᠢᠶᠠᠵᠤ᠂ ᠪᠦᠬᠦ ᠬᠤᠰᠢᠭᠤᠨ ᠤ 28 ᠲᠥᠯᠥᠭᠡᠯᠡᠭᠴᠢ ᠶᠢᠨ ᠠᠩᠭᠢ ᠶᠢᠨ 90 ᠭᠠᠷᠤᠢ ᠠᠵᠢᠯᠲᠠᠨ ᠤᠷᠤᠯᠳᠤᠭᠠᠨ ᠳᠤ ᠣᠷᠣᠯᠴᠠᠵᠠᠢ᠃ᠢᠷᠡᠯᠳᠡ᠄ ᠲᠥᠷᠪᠡᠳ ᠬᠤᠰᠢᠭᠤᠨ ᠤ ᠬᠠᠮ ᠵᠠᠭᠤᠴᠢᠯᠠᠭᠤᠷ ᠶᠢᠨ ᠲᠥᠪᠰᠤᠷᠪᠤᠯᠵᠢᠯᠠᠭᠴᠢ᠄  ᠰᠣᠷᠣᠨ᠎ᠠ   ᠬᠦᠰᠡᠯᠡᠩ ᠤᠷᠴᠢᠭᠤᠯᠤᠭᠴᠢ᠄ ᠲᠡᠷᠭᠡᠯᠬᠢᠨᠠᠭᠰᠠᠨ ᠨᠠᠶᠢᠷᠠᠭᠤᠯᠤᠭᠴᠢ᠄ ᠦᠨᠢᠮᠠᠨᠳᠤᠬᠤ ᠳᠡᠪᠰᠢᠭᠦᠯᠦᠭᠴᠢ᠄ ᠲᠡᠷᠭᠡᠯ 
 
ᠢᠷᠡᠯᠲᠡ᠄ ᠲᠥᠷᠪᠡᠳ ᠬᠤᠰᠢᠭᠤᠨ ᠤ ᠬᠠᠮ ᠵᠠᠭᠤᠴᠢᠯᠠᠭᠤᠷ ᠶᠢᠨ ᠲᠥᠪ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2