ᠲᠤᠰ ᠡᠪᠡᠳᠴᠢᠨ ᠪᠤᠯ ᠮᠠᠯ ᠤᠨ ᠪᠠᠶ᠎ᠠ ᠲᠤᠳᠤᠷ᠎ᠠ ᠸᠢᠲ᠋ᠠᠮᠢᠨ A ᠪᠤᠶᠤ ᠸᠢᠲ᠋ᠠᠮᠢᠨ A ᠶᠢᠨ ᠡᠬᠢ ᠬᠦᠢᠴᠡᠳ | ᠦᠭᠡᠢ ᠠᠴᠠ ᠪᠤᠯᠤᠭᠰᠠᠨ ᠨᠢᠭᠡ ᠵᠦᠢᠯ ᠤᠨ ᠪᠤᠳᠠᠰ ᠤᠨ ᠰᠤᠯᠢᠯᠴᠠᠭᠠᠨ ᠤ ᠡᠪᠡᠳᠴᠢᠨ ᠮᠦᠨ᠃ ᠡᠬᠦᠨ ᠳᠤ ᠦᠭᠡᠷ᠂ | ᠤᠨᠴᠠᠭᠠᠢᠢᠯᠠᠨ ᠲᠤᠭᠤᠯ ᠳᠤ ᠤᠯᠠᠨᠳᠠ ᠲᠤᠬᠢᠶᠠᠯᠳᠤᠨ᠎ᠠ᠃ | ᠨᠢᠭᠡ᠂ ᠡᠪᠡᠳᠴᠢᠨ ᠤ ᠰᠢᠯᠳᠠᠭᠠᠨ ᠭᠤᠤᠯᠳᠠᠭᠤ ᠸᠢᠲ᠋ᠠᠮᠢᠨ A ᠪᠤᠶᠤ ᠸᠢᠲ᠋ᠠᠮᠢᠨ A ᠶᠢᠨ ᠡᠬᠢ᠂ ᠬᠤᠯᠤᠤᠪᠠᠨᠭ᠌᠂ | ᠡᠷᠳᠡᠨᠢ ᠰᠢᠰᠢ᠂ ᠯᠠᠩᠭᠤᠸᠠ᠂ ᠬᠦᠭᠡ ᠪᠤᠷᠳᠤᠭ᠎ᠠ ᠬᠦᠢᠴᠡᠳ ᠦᠭᠡᠢ ᠠᠴᠠ ᠪᠤᠯᠵᠠᠢ᠃ | ᠬᠤᠶᠠᠷ᠂ ᠰᠢᠨᠵᠢ ᠲᠡᠮᠳᠡᠭ ᠡᠪᠡᠳᠴᠢᠨ ᠲᠠᠢ ᠦᠭᠡᠷ ᠦᠷᠬᠦᠯᠵᠢ ᠨᠢᠰᠤ ᠨᠢᠯᠪᠤᠰᠤ ᠭᠤᠭᠤᠵᠢᠭᠤᠯᠵᠤ᠂ | ᠬᠠᠨᠢᠶᠠᠵᠤ᠂ ᠴᠢᠴᠠᠭ᠎ᠠ ᠠᠯᠳᠠᠨ᠂ ᠦᠰᠤᠯᠳᠡ ᠪᠤᠶᠢᠵᠢᠯᠳᠠ ᠨᠢ ᠤᠳᠠᠭᠠᠰᠢᠷᠠᠨ᠎ᠠ᠃ ᠤᠯᠠᠩᠭᠢ ᠨᠢ ᠲᠠᠬᠢᠶ᠎ᠠ ᠬᠠᠷᠠᠩ | ᠪᠤᠯᠵᠤ᠂ ᠦᠷᠯᠦᠭᠡ ᠦᠳᠡᠰᠢ ᠡᠰᠡᠬᠦᠯ᠎ᠠ ᠰᠠᠷᠠᠨ ᠤ ᠭᠡᠷᠡᠯ ᠲᠤᠤᠷ᠎ᠠ ᠵᠤᠷᠢᠯᠭ᠎ᠠ ᠦᠭᠡᠢ ᠬᠦᠳᠡᠯᠭᠡᠭᠡᠨ ᠬᠢᠬᠦ ᠪᠤᠶᠤ | ᠴᠢᠨᠠᠭᠰᠢᠯᠠᠪᠠᠯ ᠰᠠᠭᠠᠳ ᠪᠤᠳᠠᠰ ᠲᠠᠢ ᠮᠦᠷᠬᠦᠬᠦ ᠢᠯᠡᠷᠡᠯ ᠡᠬᠦᠰᠤᠨᠡ᠃ ᠦᠰᠤ ᠨᠢ ᠪᠤᠷᠵᠠᠶᠢᠵᠤ᠂ ᠠᠷᠠᠰᠤ ᠨᠢ | ᠪᠤᠭᠤᠳᠠᠢ ᠶᠢᠨ ᠠᠭ᠎ᠠ ᠰᠢᠬ ᠬᠤᠭᠵᠢᠷᠠᠤ ᠡᠬᠦᠰᠴᠤ᠂ ᠨᠢᠳᠤᠨ ᠤ ᠡᠪᠡᠷᠯᠢᠭ ᠪᠦᠷᠬᠦᠬᠦᠯ ᠨᠢ ᠪᠤᠯᠠᠩᠭᠢᠷᠳᠤᠨᠠ᠃ | ᠭᠡᠭᠡᠯ ᠲᠠᠢ ᠦᠨᠢᠶ᠎ᠠ ᠦᠷᠬᠦᠯᠵᠢ ᠭᠡᠭᠡᠯ ᠬᠠᠶᠠᠬᠤ ᠪᠤᠶᠤ ᠬᠠᠭ ᠰᠠᠭᠠᠳᠠᠨ᠎ᠠ᠃ ᠲᠤᠭᠤᠯᠯᠠᠭᠰᠠᠨ ᠲᠤᠭᠤᠯ ᠤᠨ ᠵᠠᠷᠢᠮ ᠨᠢ | ᠦᠬᠦᠵᠤ ᠮᠡᠳᠡᠨ᠎ᠠ᠃ ᠤᠯᠠᠩᠭᠢ ᠨᠢ ᠲᠤᠷᠤᠢ ᠲᠤᠭᠤᠯ ᠪᠤᠯᠵᠤ᠂ ᠨᠢᠳᠤᠨ ᠬᠠᠷᠠᠭ᠎ᠠ ᠨᠢ ᠮᠠᠭᠤᠳᠠᠬᠤ ᠪᠤᠶᠤ ᠨᠢᠳᠤ ᠨᠢ | ᠰᠤᠬᠤᠷᠠᠨ᠎ᠠ᠃ ᠬᠠᠶᠠ ᠵᠠᠷᠢᠮ ᠨᠢ ᠪᠠᠰᠠ ᠠᠭᠠᠵᠢᠮ ᠢᠶᠠᠷ ᠲᠠᠬᠢᠶ᠎ᠠ ᠬᠠᠷᠠᠩ ᠪᠤᠯᠬᠤ ᠪᠦᠭᠡᠳ ᠬᠦᠰᠢᠯᠳᠡ ᠶᠢᠨ | ᠴᠢᠨᠠᠷᠳᠠᠢ ᠲᠠᠳᠠᠩᠨᠠᠯ ᠪᠤᠯᠳᠠᠭ᠃ ᠪᠤᠬ᠎ᠠ ᠶᠢᠨ ᠦᠷ᠎ᠠ ᠶᠢᠨ ᠠᠮᠢᠵᠢᠷᠠᠯ ᠤᠨ ᠬᠦᠴᠤᠨ ᠨᠢ ᠲᠤᠷᠤᠭᠰᠢᠯᠠᠬᠤ ᠪᠦᠭᠡᠳ | ᠲᠦᠮᠤᠰᠤ ᠨᠢ ᠬᠠᠳᠠᠩᠬᠢᠷᠠᠨᠠ᠃ | ᠭᠤᠷᠪᠠ᠂ ᠤᠨᠤᠰᠢᠯᠠᠬᠤ ᠭᠤᠤᠯᠳᠠᠭᠤ ᠰᠢᠨᠵᠢ ᠲᠡᠮᠳᠡᠭ ᠪᠠ ᠡᠪᠡᠳᠴᠢᠨ ᠤ ᠲᠡᠤᠭᠡ ᠶᠢ ᠦᠨᠳᠤᠰᠤᠯᠠᠨ | ᠤᠨᠤᠰᠢᠯᠠᠨ᠎ᠠ᠃ ᠴᠢᠬᠤᠯᠠ ᠲᠠᠢ ᠦᠶᠡᠰ ᠲᠡᠵᠢᠭᠡᠯ ᠪᠤᠷᠳᠤᠭᠠᠨ ᠤ ᠪᠦᠷᠢᠯᠳᠤᠬᠦᠨ ᠢ ᠪᠠᠶᠢᠴᠠᠭᠠᠵᠤ ᠪᠤᠯᠤᠨ᠎ᠠ᠃ | ᠲᠦᠷᠪᠡ᠂ ᠡᠮᠴᠢᠯᠡᠭᠡ 1᠂ ᠸᠢᠲ᠋ᠠᠮᠢᠨ A ᠶᠢᠨ ᠲᠠᠷᠢᠯᠭ᠎ᠠ ᠶᠢᠨ ᠠᠭᠤᠰᠤᠮᠠᠯ ᠢ ᠪᠦᠳᠤᠬᠦᠨ ᠦᠭᠡᠷ ᠲᠤ 5 10 | ml᠂ ᠲᠤᠭᠤᠯ ᠪᠠ ᠬᠤᠨᠢ ᠢᠮᠠᠭ᠎ᠠ ᠳᠤ 2 3 ml ᠪᠤᠯᠴᠢᠩ ᠳᠤ ᠨᠢ ᠲᠠᠷᠢᠨ᠎ᠠ᠃ ᠭᠡᠬᠦ ᠳᠤ ᠡᠳᠤᠷ ᠪᠦᠷᠢ 1 2 | ᠤᠳᠠᠭ᠎ᠠ᠂ ᠲᠠᠷᠠᠭᠠᠯᠠᠨ ᠭᠡᠳᠤᠨ ᠡᠳᠤᠷ ᠲᠠᠷᠢᠨ᠎ᠠ᠃ ᠡᠬᠦᠨ ᠤ ᠬᠠᠮᠳᠤ ᠸᠢᠲ᠋ᠠᠮᠢᠨ A ᠶᠢ ᠡᠯᠪᠡᠭ ᠠᠭᠤᠯᠤᠭᠰᠠᠨ | ᠲᠡᠵᠢᠭᠡᠯ ᠲᠤᠬᠠᠢᠢᠯᠠᠪᠠᠯ ᠬᠤᠯᠤᠤᠪᠠᠨᠭ᠌᠂ ᠡᠷᠳᠡᠨᠢ ᠰᠢᠰᠢ᠂ ᠯᠠᠩᠭᠤᠸᠠ᠂ ᠬᠦᠭᠡ ᠪᠤᠷᠳᠤᠭ᠎ᠠ ᠵᠡᠷᠭᠡ ᠶᠢ ᠬᠦᠢᠴᠡᠳ | ᠬᠠᠨᠭ᠍ᠭᠠᠨ᠎ᠠ᠃ 2᠂ 30 ᠬᠤᠪᠢ ᠯᠠᠩᠭᠤᠸᠠ᠂ 20 ᠬᠤᠪᠢ ᠬᠤᠯᠤᠤᠪᠠᠨᠭ᠌᠂ 1 ᠬᠤᠪᠢ ᠴᠠᠢ ᠠᠪᠴᠤ ᠨᠦᠳᠤᠵᠤ | ᠨᠢᠴᠠᠯᠤᠭᠠᠳ ᠤᠳᠠᠭ᠎ᠠ ᠪᠦᠷᠢ ᠪᠦᠳᠤᠬᠦᠨ ᠦᠭᠡᠷ ᠲᠤ 500 1000 ᠭᠷᠡᠮ᠂ ᠲᠤᠭᠤᠯ ᠪᠠ ᠬᠤᠨᠢ ᠢᠮᠠᠭ᠎ᠠ ᠳᠤ | 200 300 ᠭᠷᠡᠮ ᠢ ᠲᠡᠵᠢᠭᠡᠯ ᠳᠤ ᠨᠢ ᠬᠤᠯᠢᠵᠤ ᠢᠳᠡᠬᠦᠯᠦᠨᠠ᠃ 3᠂ 150 ᠭᠷᠡᠮ ᠬᠤᠯᠤᠤᠪᠠᠨᠭ᠌᠂ 120 ᠭᠷᠡᠮ | ᠭᠤᠭᠤᠳ ᠢ ᠲᠤᠭᠤᠯ ᠪᠠ ᠬᠤᠨᠢ ᠢᠮᠠᠭ᠎ᠠ ᠳᠤ 1 ᠤᠳᠠᠭ᠎ᠠ ᠳᠤ ᠲᠡᠵᠢᠭᠡᠯ ᠳᠤ ᠨᠢ ᠬᠤᠯᠢᠵᠤ ᠢᠳᠡᠬᠦᠯᠤᠨᠠ᠂ | ᠦᠭᠡᠷ ᠲᠤ 5 ᠲᠠᠬᠢᠨ ᠢᠶᠠᠷ ᠤᠯᠭᠤᠨ᠎ᠠ᠃ 4᠂ 1 2 ᠯᠠᠩ ᠠᠮᠢᠳᠠᠨ ᠤ ᠡᠯᠢᠭᠡ ︵ᠬᠤᠨᠢ᠂ ᠢᠮᠠᠭ᠎ᠠ᠂ ᠲᠠᠬᠢᠶ᠎ᠠ᠂ | ᠲᠠᠤᠯᠠᠢ᠂ ᠭᠠᠭ᠋ᠠᠢ ᠶᠢᠨ ᠬᠢ ᠪᠤᠯ ᠰᠠᠶᠢᠨ︶᠂ 1 2 ᠲᠠᠬᠢᠶᠠᠨ ᠦᠨᠳᠡᠭᠡ ᠶᠢ ᠨᠦᠳᠤᠵᠤ ᠨᠢᠴᠠᠯᠤᠭᠠᠳ ᠲᠤᠭᠤᠯ ᠪᠠ | ᠬᠤᠨᠢ ᠢᠮᠠᠭ᠎ᠠ ᠳᠤ 1 ᠤᠳᠠᠭ᠎ᠠ ᠳᠤ ᠲᠡᠵᠢᠭᠡᠯ ᠳᠤ ᠨᠢ ᠬᠤᠯᠢᠵᠤ ᠢᠳᠡᠬᠦᠯᠤᠨᠠ᠂ ᠦᠭᠡᠷ ᠲᠤ 5 7 ᠲᠠᠬᠢᠨ ᠢᠶᠠᠷ | ᠤᠯᠭᠤᠨ᠎ᠠ᠃ |