1᠂ ᠤᠭᠤᠷᠠᠭ ᠬᠤᠨᠢ ᠰᠢᠨ᠎ᠡ ᠬᠠᠭᠤᠴᠢᠨ ᠤ ᠰᠤᠯᠢᠯᠴᠠᠭ᠎ᠠ ᠶᠢᠨ ᠶᠠᠪᠤᠴᠠ ᠳᠤ ᠪᠠᠨ ᠢᠳᠡᠬᠦ ᠡᠪᠡᠰᠤ | ᠪᠤᠷᠳᠤᠭ᠎ᠠ ᠠᠴᠠ ᠪᠠᠨ ᠭᠡᠷᠡᠭᠰᠡᠬᠦ ᠤᠭᠤᠷᠠᠭ ᠢᠶᠠᠨ ᠰᠢᠩᠭᠡᠭᠡᠨ ᠠᠪᠳᠠᠭ᠃ ᠤᠭᠤᠷᠠᠭ ᠤᠨ ᠭᠡᠷᠡᠭᠴᠡᠭᠡ ᠭᠡᠳᠡᠭ ᠨᠢ | ᠦᠨᠡᠨᠳᠡᠭᠡᠨ ᠠᠮᠢᠨᠤ᠋ ᠬᠦᠴᠢᠯ ᠤᠨ ᠭᠡᠷᠡᠭᠴᠡᠭᠡ ᠪᠤᠯᠤᠨ᠎ᠠ᠃ ᠲᠡᠵᠢᠭᠡᠯ ᠡᠪᠡᠰᠤᠨ ᠤ ᠤᠯᠠᠨ ᠲᠦᠷᠦᠯ ᠨᠢ ᠤᠭᠤᠷᠠᠭ ᠤᠨ | ᠭᠡᠷᠡᠭᠴᠡᠭᠡ ᠶᠢ ᠪᠠᠳᠤᠯᠠᠬᠤ ᠳᠤ ᠠᠰᠢᠭᠳᠠᠢ ᠪᠠᠶᠢᠳᠠᠭ᠃ | 2᠂ ᠡᠨᠧᠷᠬᠢ ᠬᠠᠨᠭ᠍ᠭᠠᠭᠴᠢ ᠪᠤᠳᠠᠰ ᠨᠡᠬᠦᠷᠡᠰᠤ ᠤᠰᠤᠨ ᠤ ᠨᠢᠭᠡᠳᠪᠤᠷᠢ ᠪᠤᠯ ᠡᠨᠧᠷᠬᠢ ᠬᠠᠨᠭ᠍ᠭᠠᠭᠴᠢ ᠭᠤᠤᠯ | ᠪᠤᠳᠠᠰ ᠪᠤᠯᠤᠨ᠎ᠠ᠃ ᠬᠤᠨᠢ ᠶᠢᠨ ᠡᠨᠧᠷᠬᠢ ᠶᠢᠨ ᠭᠡᠷᠡᠭᠴᠡᠭᠡ ᠨᠢ ᠬᠦᠳᠡᠯᠭᠡᠭᠡᠨ ᠬᠢᠬᠦ ᠲᠠᠢ ᠬᠤᠯᠪᠤᠭ᠎ᠠ ᠲᠠᠢ ᠪᠠᠶᠢᠳᠠᠭ᠃ | ᠪᠡᠯᠴᠢᠭᠡᠷᠯᠡᠬᠦᠯᠵᠤ ᠪᠠᠶᠢᠬᠤ ᠬᠤᠨᠢ ᠨᠢ ᠬᠠᠰᠢᠶᠠᠯᠠᠨ ᠲᠡᠵᠢᠭᠡᠵᠤ ᠪᠠᠶᠢᠬᠤ ᠬᠤᠨᠢ ᠠᠴᠠ ᠢᠯᠡᠬᠦᠤ ᠡᠨᠧᠷᠬᠢ | ᠬᠤᠷᠤᠭᠳᠠᠭᠤᠯᠳᠠᠭ᠃ | 3᠂ ᠡᠷᠤᠳᠡᠰᠤ ᠪᠤᠳᠠᠰ ᠪᠤᠯ ᠬᠤᠨᠢ ᠶᠢᠨ ᠶᠠᠰᠤ ᠪᠤᠯᠤᠨ ᠰᠢᠳᠤ ᠶᠢ ᠪᠦᠷᠢᠯᠳᠤᠬᠦᠯᠬᠦ ᠭᠤᠤᠯ ᠪᠦᠷᠢᠯᠳᠤᠬᠦᠨ | ᠪᠤᠯᠤᠨ᠎ᠠ᠃ ᠦᠯᠡᠮᠵᠢ ᠡᠯᠧᠮᠧᠨ᠋ᠲ ᠨᠢ ᠭᠤᠤᠯᠳᠠᠭᠤ ᠺᠠᠯᠼ᠂ ᠹᠤᠰᠹᠤᠷ᠂ ᠺᠠᠯᠢ᠂ ᠾᠯᠤᠷ᠂ ᠮᠠᠭᠨᠢ᠂ ᠬᠦᠬᠦᠷ ᠵᠡᠷᠭᠡ | ᠪᠤᠯᠤᠨ᠎ᠠ᠃ ᠪᠢᠴᠢᠯ ᠡᠯᠧᠮᠧᠨ᠋ᠲ ᠨᠢ ᠭᠤᠤᠯᠳᠠᠭᠤ ᠲᠡᠮᠤᠷ᠂ ᠵᠡᠰ᠂ ᠴᠠᠶᠢᠷ᠂ ᠰᠧᠯᠧᠨ᠂ ᠢᠤᠳ᠋᠂ ᠺᠤᠪᠠᠯᠲ᠂ | ᠮᠤᠯᠢᠪᠳᠧᠨ ᠵᠡᠷᠭᠡ ᠪᠤᠯᠤᠨ᠎ᠠ᠃ ᠲᠡᠳᠡᠭᠡᠷ ᠨᠢ ᠠᠮᠢᠳᠠᠨ ᠤ ᠪᠡᠶ᠎ᠡ ᠮᠠᠬᠠᠪᠤᠳ ᠤᠨ ᠬᠤᠭᠤᠯᠠ ᠪᠤᠯᠪᠠᠰᠤᠷᠠᠭᠤᠯᠬᠤ᠂ | ᠰᠢᠩᠭᠡᠭᠡᠨ ᠠᠪᠬᠤ᠂ ᠰᠤᠯᠢᠯᠴᠠᠭ᠎ᠠ ᠬᠢᠬᠦ᠂ ᠬᠦᠴᠢᠯ ᠱᠦᠯᠳᠤ ᠶᠢ ᠲᠡᠩᠴᠡᠬᠦᠷᠢᠰᠢᠬᠦᠯᠬᠦ᠂ ᠨᠡᠪᠴᠢᠯᠳᠡ ᠶᠢᠨ | ᠲᠠᠷᠤᠴᠠ ᠶᠢ ᠭᠡᠪ ᠢᠶᠠᠷ ᠪᠠᠶᠢᠯᠭᠠᠬᠤ ᠳᠤ ᠲᠦᠢᠯ ᠤᠨ ᠴᠢᠬᠤᠯᠠ ᠦᠢᠯᠡᠳᠤᠯ ᠦᠵᠡᠬᠦᠯᠳᠡᠭ᠃ | 4᠂ ᠸᠢᠲ᠋ᠠᠮᠢᠨ ᠤ ᠭᠤᠤᠯ ᠦᠢᠯᠡᠳᠤᠯ ᠪᠤᠯ ᠹᠢᠽᠢᠤᠯᠤᠬᠢ ᠶᠢᠨ ᠠᠵᠢᠯᠯᠠᠭ᠎ᠠ ᠶᠢ ᠲᠤᠬᠢᠷᠠᠭᠤᠯᠵᠤ᠂ ᠡᠷᠡᠬᠦᠯ ᠮᠡᠨᠳᠤ | ᠶᠢ ᠪᠠᠳᠤᠯᠠᠨ ᠡᠪᠡᠳᠴᠢᠨ ᠬᠢᠵᠢᠭ ᠢ ᠰᠡᠷᠬᠡᠶᠢᠯᠡᠳᠡᠭ᠃ ᠦᠭᠡᠬᠦᠨ ᠳᠤ ᠠᠭᠤᠰᠳᠠᠭ ᠸᠢᠲ᠋ᠠᠮᠢᠨ ᠳᠤ VA᠂ VD᠂ | VE᠂ VK ᠲᠦᠷᠪᠡᠨ ᠵᠦᠢᠯ ᠪᠠᠶᠢᠳᠠᠭ ᠤᠰᠤᠨ ᠳᠤ ᠠᠭᠤᠰᠳᠠᠭ ᠸᠢᠲ᠋ᠠᠮᠢᠨ ᠳᠤ B ᠲᠦᠷᠦᠯ ᠤᠨ ᠸᠢᠲ᠋ᠠᠮᠢᠨ | ᠪᠤᠯᠤᠨ VC᠂ VP ᠵᠡᠷᠭᠡ ᠶᠢ ᠪᠠᠭᠳᠠᠭᠠᠨ᠎ᠠ᠃ ᠬᠤᠨᠢ ᠬᠦᠵᠡᠭᠡᠨ ᠤ ᠮᠢᠺᠷᠤᠪ ᠢᠶᠠᠷ ᠲᠡᠮᠵᠢᠭᠤᠯᠤᠨ ᠵᠤᠬᠢᠬᠤ | ᠭᠡᠮᠵᠢᠶᠠᠨ ᠤ B ᠲᠦᠷᠦᠯ ᠤᠨ ᠸᠢᠲ᠋ᠠᠮᠢᠨ ᠢ ᠨᠢᠭᠡᠳᠭᠡᠳᠡᠭ᠃ ᠤᠯᠠᠩᠭᠢ ᠪᠤᠷᠳᠤᠭᠠᠨ ᠳᠤ VD᠂ VE᠂ VK | ᠡᠯᠪᠡᠭ ᠠᠭᠤᠯᠤᠭᠳᠠᠵᠤ ᠪᠠᠶᠢᠳᠠᠭ᠂ ᠬᠠᠮᠤᠭ ᠠᠴᠠ ᠬᠢᠯᠪᠠᠷᠬᠠᠨ ᠲᠤᠳᠠᠭᠳᠠᠳᠠᠭ ᠨᠢ VA ᠪᠤᠯᠤᠨ᠎ᠠ᠃ ᠡᠶᠢᠮᠤ ᠠᠴᠠ᠂ | ᠠᠯᠠᠰᠢᠨ ᠬᠤᠨᠢ ᠨᠢ ᠲᠡᠵᠢᠭᠡᠨ ᠠᠷᠠᠴᠢᠯᠠᠬᠤ ᠲᠤᠮᠳᠠ VA ᠶᠢ ᠨᠦᠬᠦᠪᠤᠷᠢᠯᠠᠬᠦ ᠶᠢ ᠤᠨᠴᠠᠭᠠᠢᠢᠯᠠᠨ ᠠᠩᠬᠠᠷᠬᠤ | ᠭᠡᠷᠡᠭᠳᠡᠢ᠃ |