ᠠᠮᠤᠭᠤᠯᠠᠩ ᠤᠨ ᠠᠮᠠ
ᠨᠡᠶᠢᠲᠡᠯᠡᠭᠰᠡᠨ ᠴᠠᠭ᠄
2018-04-02
   ᠡᠷᠳᠡ ᠤᠷᠢᠳᠤ ᠶᠢᠨ ᠴᠠᠭ ᠲᠤ ᠲᠦᠷᠪᠡᠳᠦᠭᠡᠷ ᠲᠦᠷᠢ ᠶᠢᠨ ᠲᠠᠯᠠᠢ ᠯᠠᠮᠠ ᠪᠤᠯᠤᠨ ᠭᠤᠷᠪᠠᠳᠤᠭᠠᠷ ᠲᠦᠷᠢ ᠶᠢᠨ ᠪᠠᠨᠴᠢᠨᠨᠷᠳᠡᠨᠢ ᠬᠤᠶᠠᠷ ᠬᠠᠨᠢᠯᠡᠨ ᠮᠤᠩᠭᠤᠯ ᠤᠷᠤᠨ ᠢᠶᠠᠷ ᠱᠠᠰᠢᠨ ᠲᠡᠯᠭᠡᠷᠡᠭᠦᠯᠵᠤ ᠶᠠᠪᠤᠭᠰᠠᠭᠠᠷ ᠶᠠᠭ ᠤᠳᠤ ᠶᠢᠨ ᠰᠢᠷᠠᠮᠦ᠋ᠷᠡᠨ ᠭᠤᠤᠯ ᠦᠶᠡᠷᠯᠡᠵᠤ ᠵᠠᠮ ᠢ ᠨᠢ ᠬᠠᠰᠢᠴᠢᠬᠠᠵᠤ ᠭᠡᠨ᠎ᠠ᠃ ᠤᠢᠢᠷ᠎ᠠ ᠬᠠᠪᠢ ᠳᠤᠨᠢ ᠤᠩᠭᠤᠴᠠ ᠤᠯᠤᠮ ᠦᠭᠡᠢ ᠪᠤᠯᠬᠤᠷ ᠬᠤᠶᠠᠷ ᠬᠤᠪᠢᠯᠭᠠᠨ ᠠᠷᠭ᠎ᠠ ᠪᠤᠰᠤ ᠦᠶᠡᠷ ᠢ ᠶᠠᠪᠠᠭᠠᠨ ᠲᠤᠭᠤᠯᠬᠤ ᠪᠠᠷ ᠤᠴᠢᠳᠠᠯ᠎ᠠ ᠦᠶᠡᠷ ᠤᠨ ᠤᠰᠤ ᠠᠶᠠᠨᠳᠠᠭᠠᠨ ᠢᠷᠠᠭᠳᠠᠵᠤ ᠡᠮᠤᠨ᠎ᠠ ᠨᠢ ᠨᠢᠭᠡ ᠰᠠᠶᠢᠬᠠᠨ ᠬᠠᠭᠤᠷᠠᠢ ᠵᠠᠮ ᠭᠠᠷᠴᠤ ᠢᠷᠡᠭᠡᠤᠨ ᠬᠤᠶᠠᠷ ᠬᠤᠪᠢᠯᠭᠠᠨ ᠢ ᠠᠮᠤᠷ ᠲᠦᠪᠰᠢᠨ ᠦᠶᠡᠷ ᠭᠠᠳᠤᠯᠤᠭᠤᠯᠵᠤ ᠭᠡᠨ᠎ᠠ᠃ ᠪᠠᠨᠴᠢᠨᠨᠷᠳᠡᠨᠢ ᠡᠨᠡ ᠬᠦ ᠭᠠᠶᠢᠬᠠᠮᠰᠢᠭᠳᠤ ᠭᠠᠵᠠᠷ ᠢ ᠭᠠᠶᠢᠬᠠᠨ ᠬᠠᠷᠠᠵᠤ ᠵᠤᠭᠰᠤᠭᠰᠠᠨ ᠢᠶᠠᠨ᠄ ︽ᠦ᠂ ᠡᠨᠡ ᠴᠢᠨᠢ ᠠᠮᠤᠭᠤᠯᠠᠩ ᠤᠨ ᠠᠮᠠ ᠪᠠᠶᠢᠵᠤ ᠰᠢᠳᠡ︾ ᠭᠡᠵᠤ ᠠᠶᠢᠯᠠᠤᠨᠬᠠᠵᠤ ᠭᠡᠨ᠎ᠠ᠃ ᠤᠳᠤ ᠶᠢᠨ ᠰᠢᠷᠠᠮᠦ᠋ᠷᠡᠨ ᠰᠦᠮ᠎ᠠ ᠶᠢᠨ ᠪᠠᠷᠠᠭᠤᠨ ᠬᠤᠶᠢᠨ᠎ᠠ ᠪᠠᠶᠢᠭ᠎ᠠ ︽ᠠᠮᠤᠭᠤᠯᠠᠩ ᠤᠨ ᠠᠮᠠ︾ ᠭᠡᠳᠡᠭ ᠭᠠᠵᠠᠷ ᠤᠨ ᠨᠡᠷ᠎ᠠ ᠨᠢ ᠪᠠᠨᠴᠢᠨᠨᠷᠳᠡᠨᠢ ᠬᠤᠪᠢᠯᠭᠠᠨ ᠠᠴᠠ ᠬᠠᠶᠢᠷᠠᠯᠠᠭᠰᠠᠨ ᠨᠡᠷ᠎ᠠ ᠪᠦᠭᠡᠤᠨ ᠨᠠᠷ᠎ᠠ ᠬᠠᠶᠢᠷᠠᠯᠠᠭᠰᠠᠨ ᠤ ᠤᠴᠢᠷ ᠤᠤᠠᠬ᠎ᠠ ᠨᠢ ᠡᠶᠢᠮᠤ ᠪᠠᠶᠢᠵᠠᠢ᠃
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2