ᠠᠵᠢᠯᠴᠢ ᠬᠦᠮᠦᠨ ᠤ ᠠᠮᠢᠳᠤᠷᠠᠯ ᠦᠭᠡᠳᠡ
ᠨᠡᠶᠢᠲᠡᠯᠡᠭᠰᠡᠨ ᠴᠠᠭ᠄
2018-04-02
     ᠲᠠᠷᠢᠶᠠᠯᠠᠩ ᠤᠶᠢᠯᠡᠳᠪᠤᠷᠢᠯᠡᠯ ᠢᠶᠠᠷ ᠭᠤᠤᠯ ᠪᠤᠯᠭᠠᠭᠰᠠᠨ ᠬᠢᠨᠭ᠍ᠭᠠᠨ ᠠᠶᠢᠮᠠᠭ ᠨᠢᠳᠤᠨᠤᠨ ᠵᠢᠯ ᠬᠦᠨᠳᠤ ᠨᠤᠴᠢᠳᠠᠢ ᠭᠠᠩ ᠬᠠᠭᠰᠠᠷᠠᠭᠠᠨ ᠳᠤ ᠲᠠᠭᠠᠷᠢᠭᠳᠠᠭᠰᠠᠨ ᠠᠴᠠ ᠤᠯᠠᠩᠭᠢ ᠲᠠᠷᠢᠶᠠᠴᠢᠳ ᠤᠨ ᠤᠷᠤᠯᠭ᠎ᠠ ᠶᠡᠬᠡᠪᠡᠷ ᠬᠠᠰᠤᠬᠳᠠᠬᠰᠠᠨ ᠮᠦᠷᠳᠡᠭᠡᠨ ᠵᠠᠷᠢᠮ ᠤᠨ ᠬᠢᠨ ᠤᠷᠤᠯᠭ᠎ᠠ ᠨᠢ ᠵᠠᠷᠤᠯᠭ᠎ᠠ ᠳᠠᠭᠠᠨ ᠴᠤ ᠬᠦᠷᠦᠭᠰᠡᠨ ᠦᠭᠡᠢ ᠶᠠᠪᠤᠳᠠᠯ ᠭᠠᠷᠴᠠᠢ᠃ ᠭᠡᠳᠡᠯ᠎ᠠ ᠵᠠᠷᠢᠮ ᠲᠠᠷᠢᠶᠠᠴᠢᠨ ᠲᠡᠭᠷᠢ ᠶᠢᠨ ᠴᠢᠷᠠᠢ ᠶᠢ ᠬᠠᠷᠠᠵᠤ ᠲᠡᠷᠢᠶ᠎ᠠ ᠳᠠᠭᠠᠨ ᠯᠠ ᠲᠦᠰᠢᠭᠯᠡᠭᠡᠳ ᠰᠠᠭᠤᠭᠰᠠᠨ ᠪᠢᠰᠢ᠂ ᠬᠠᠷᠢᠨ ᠠᠷᠭ᠎ᠠ ᠪᠦᠬᠦᠨ ᠢ ᠰᠦᠪᠡᠭᠴᠢᠯᠡᠨ ᠠᠷᠠᠯᠵᠢᠶᠠᠨ ᠤ ᠠᠵᠠ ᠲᠤᠬᠢᠶᠠᠯ ᠢ ᠠᠮᠵᠢᠨ ᠤᠯᠠᠨ ᠠᠷᠭ᠎ᠠ ᠵᠠᠮ ᠢᠶᠠᠷ ᠠᠰᠢᠭ ᠤᠷᠤᠯᠭ᠎ᠠ ᠪᠠᠨ ᠨᠡᠮᠡᠭᠳᠡᠬᠦᠯᠦᠭᠰᠡᠨ ᠠᠴᠠ ᠭᠠᠩ ᠭᠠᠴᠢᠭ ᠵᠢᠯ ᠳᠤ ᠭᠤᠴᠢᠨ ᠲᠠᠪᠤᠨ ᠲᠦᠮᠡᠨ ᠲᠦᠬᠦᠷᠢᠭ ᠤᠨ ᠴᠡᠪᠡᠷ ᠤᠷᠤᠯᠭ᠎ᠠ ᠰᠢᠭᠦᠷᠡᠵᠦ ᠭᠠᠨᠵᠤᠭ᠎ᠠ ᠲᠦᠬᠦᠷᠡᠩ ᠶᠠᠪᠤᠵᠤ ᠪᠤᠢ᠃ ᠡᠳᠡᠭᠡᠷ ᠬᠦᠮᠦᠰ ᠤᠨ ᠲᠤᠳᠤᠷᠠᠬᠢ ᠨᠢᠭᠡ ᠨᠢ ᠪᠤᠯ ᠲᠠᠷᠤᠢ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤᠨ ᠤ ᠰᠤᠯᠤᠨ ᠪᠠᠯᠭᠠᠰᠤ ᠶᠢᠨ ᠪᠤᠤ ᠲᠢᠶᠠᠨ ᠭᠠᠴᠠᠭᠠᠨ ᠤ ᠵᠠᠯᠠᠭᠤ ᠲᠠᠷᠢᠶᠠᠴᠢᠨ ᠯᠢ ᠴᠢᠤᠸᠠᠨ ᠶᠢᠤ ᠪᠤᠯᠤᠨ᠎ᠠ᠃      ᠪᠢᠳᠡ ᠲᠡᠳᠡᠨᠡᠶᠢᠬᠢᠨ ᠳᠤ ᠬᠦᠷᠬᠦ ᠳᠤ᠂ ᠯᠢ ᠴᠢᠤᠸᠠᠨ ᠶᠢᠤ ᠬᠤᠷᠤᠭᠠᠨ ᠳᠠᠬᠢ ᠬᠤᠨᠢ ᠪᠠᠨ ᠤᠰᠤᠯᠠᠵᠤ ᠠᠷᠠᠴᠢᠯᠠᠨ ᠲᠡᠵᠢᠭᠡᠬᠦ ᠵᠡᠷᠭᠡ ᠠᠵᠢᠯ ᠢᠶᠠᠨ ᠠᠮᠵᠢᠭᠤᠯᠤᠨ ᠬᠢᠵᠤ ᠪᠠᠶᠢᠯ᠎ᠠ᠃ ︽ᠯᠢ ᠴᠢᠤᠸᠠᠨ ᠶᠢᠤ ᠭᠡᠵᠤ ᠨᠢᠭᠡ ᠶᠢ ᠰᠡᠳᠭᠢᠵᠤ ᠤᠷᠤᠯᠳᠤᠬᠤ ᠲᠤᠷᠠᠳᠠᠢ ᠬᠦᠮᠤᠨ᠂ ᠬᠡᠵᠢᠶᠡᠳᠡ ᠵᠦᠭᠡᠷ ᠰᠠᠭᠤᠬᠤ ᠶᠢ ᠮᠡᠳᠡᠳᠡᠭ ᠦᠭᠡᠢ︾ ᠭᠡᠵᠤ ᠪᠤᠤ ᠲᠢᠶᠠᠨ ᠭᠠᠴᠠᠭᠠᠨ ᠤ ᠨᠢᠭᠡᠳᠤᠭᠡᠷ ᠱᠦᠵᠢ ᠮᠠ ᠵᠧᠩ ᠶᠤᠸᠠᠨ ᠬᠠᠵᠠᠭᠤ ᠠᠴᠠ ᠲᠠᠨᠢᠯᠴᠠᠭᠤᠯᠤᠨ ᠭᠠᠷᠤᠯ᠎ᠠ᠃ ᠯᠢ ᠴᠢᠤᠸᠠᠨ ᠶᠢᠤ ᠠᠷᠪᠠᠨ ᠬᠡᠳᠤᠳᠠᠢ ᠳᠡᠭᠡᠨ ᠠᠳᠠᠯ ᠭᠡᠷ ᠤᠨ ᠠᠮᠢᠳᠤᠷᠠᠯ ᠤᠨ ᠬᠦᠴᠢᠷᠳᠠᠯ ᠠᠴᠠ ᠪᠤᠯᠵᠤ ᠠᠩᠬ᠎ᠠ ᠲᠤᠮᠳᠠᠳᠤ ᠪᠠᠨ ᠲᠡᠭᠦᠰᠦᠮᠡᠭᠴᠡ ᠰᠤᠷᠤᠯᠭ᠎ᠠ ᠪᠠᠨ ᠵᠤᠭᠰᠤᠵᠤ᠂ ᠠᠪᠤ ᠡᠵᠢ ᠪᠠᠨ ᠬᠠᠪᠰᠤᠷᠤᠨ ᠬᠠᠷ᠎ᠠ ᠠᠵᠢᠯ ᠬᠢᠵᠠᠢ᠃ ᠠᠭᠤᠯᠠᠨ ᠭᠠᠵᠠᠷ ᠤᠨ ᠲᠠᠷᠢᠶ᠎ᠠ ᠠᠨᠠᠢ᠂ ᠪᠠᠶᠢᠭᠠᠯᠢ ᠠᠬᠤᠢ ᠶᠢᠨ ᠭᠠᠮᠰᠢᠭ ᠤᠯᠠᠨ ᠠᠴᠠ ᠵᠢᠯ ᠤᠨ ᠤᠷᠤᠯᠭ᠎ᠠ ᠨᠢ ᠵᠠᠷᠤᠯᠭ᠎ᠠ ᠳᠤ ᠬᠦᠷᠬᠦ ᠦᠭᠡᠢ ᠪᠠᠶᠢᠳᠠᠭ ᠠᠴᠠ ᠲᠡᠷᠡ ᠭᠠᠭᠴᠠ ᠬᠦ ᠲᠠᠷᠢᠶ᠎ᠠ ᠳᠤ ᠲᠦᠰᠢᠭᠯᠡᠨ ᠠᠳᠠᠯ ᠠᠮᠢᠳᠤᠷᠠᠯ ᠢᠶᠠᠨ ᠦᠭᠡᠳᠡᠯᠡᠬᠦᠯᠬᠦ ᠨᠢ ᠮᠠᠰᠢ ᠬᠦᠴᠢᠷ ᠲᠠᠢ ᠭᠡᠰᠡᠨ ᠢ ᠡᠷᠳᠡ ᠲᠠᠨᠢᠵᠤ ᠤᠯᠵᠠᠢ᠃ ᠲᠡᠷᠡ ᠦᠶ᠎ᠠ ᠠᠴᠠ ᠡᠬᠢᠯᠡᠨ ᠯᠢ ᠴᠢᠤᠸᠠᠨ ᠶᠢᠤ ᠨᠢᠭᠡ ᠲᠠᠯ᠎ᠠ ᠪᠠᠷ ᠲᠠᠷᠢᠶᠠᠨ ᠠᠵᠢᠯ ᠢᠶᠠᠨ ᠬᠢᠵᠤ ᠲᠠᠭᠤᠰᠬᠠᠭᠰᠠᠨ ᠤ ᠲᠠᠷᠠᠭ᠎ᠠ ᠲᠠᠷᠢᠶᠠᠯᠠᠩ ᠤᠨ ᠰᠤᠯᠠ ᠰᠡᠯᠡᠬᠦᠤ ᠴᠠᠭ ᠢᠶᠠᠨ ᠠᠰᠢᠭᠯᠠᠨ ᠤᠶᠢᠷ᠎ᠠ ᠤᠷᠴᠢᠮ ᠤᠨ ᠭᠠᠴᠠᠭ᠎ᠠ ᠲᠤᠰᠬᠤᠨ ᠢᠶᠠᠷ ᠢᠶᠠᠨ ᠶᠠᠪᠤᠵᠤ ᠡᠮ ᠤᠨ ᠮᠠᠲ᠋ᠧᠷᠢᠶᠠᠯ ᠪᠤᠷᠤᠯᠠᠭᠤᠯᠬᠤ᠂ ᠬᠤᠨᠢ ᠮᠠᠯ ᠠᠷᠠᠯᠵᠢᠶᠠᠯᠠᠬᠤ ᠵᠡᠷᠭᠡ ᠠᠷᠰᠠᠷ ᠠᠷᠠᠯᠵᠢᠶ᠎ᠠ ᠮᠠᠶᠢᠮᠠᠢ ᠬᠢᠵᠤ ᠪᠠᠭ᠎ᠠ ᠳᠠᠭᠠᠨ ᠬᠡᠳᠤᠨ ᠮᠢᠩᠭᠠᠨ ᠲᠦᠬᠦᠷᠢᠭ᠂ ᠠᠷᠪᠢᠨ ᠳᠠᠭᠠᠨ ᠬᠡᠳᠤᠨ ᠲᠦᠮᠡᠨ ᠲᠦᠬᠦᠷᠢᠭ ᠤᠨ ᠤᠷᠤᠯᠭ᠎ᠠ ᠤᠯᠤᠭᠠᠳ ᠶᠠᠪᠤᠵᠤ ᠪᠠᠶᠢᠵᠠᠢ᠃      ᠠᠷᠠᠯᠵᠢᠶ᠎ᠠ ᠮᠠᠶᠢᠮᠠᠢ ᠨᠢ ᠤᠷᠤᠭᠰᠢᠳᠠᠢ ᠪᠤᠯᠬᠤ ᠲᠤᠳᠤᠮ ᠢᠳᠡ ᠵᠤᠷᠢᠭ ᠨᠢ ᠤᠯᠠᠮ ᠴᠢᠩᠭᠠᠷᠠᠵᠦ᠂ ᠠᠳᠠᠯ ᠠᠮᠢᠳᠤᠷᠠᠯ ᠢᠶᠠᠨ ᠦᠭᠡᠳᠡᠯᠡᠬᠦᠯᠬᠦ ᠡᠷᠴᠢ ᠵᠤᠷᠢᠭ ᠨᠢ ᠤᠯᠠᠮ ᠬᠦᠪᠴᠢᠯᠡᠭᠳᠡᠨ᠎ᠠ᠃ ᠠᠵᠠ ᠵᠠᠪᠰᠢᠶᠠᠨ ᠬᠡᠵᠢᠶᠡᠳᠡ ᠪᠡᠯᠡᠳᠭᠡᠯ ᠲᠠᠢ ᠬᠦᠮᠤᠨ ᠢ ᠢᠪᠡᠭᠡᠨ᠎ᠠ ᠭᠡᠳᠡᠭ ᠢᠶᠠᠷ᠂ ᠠᠷᠠᠯᠵᠢᠶ᠎ᠠ ᠮᠠᠶᠢᠮᠠᠢ ᠶᠢᠨ ᠠᠷᠭ᠎ᠠ ᠤᠬᠠᠭᠠᠨ ᠢ ᠤᠯᠤᠭᠰᠠᠨ ᠯᠢ ᠴᠢᠤᠸᠠᠨ ᠶᠢᠤ ᠡᠮᠤᠨ᠎ᠠ ᠬᠡᠳᠤᠨ ᠵᠢᠯ ᠤᠨ ᠬᠤᠨᠢᠨ ᠤ ᠦᠨ᠎ᠠ ᠬᠠᠩᠰᠢ ᠪᠠᠭᠤᠷᠠᠭᠰᠠᠨ ᠪᠠᠶᠢᠳᠠᠯ ᠳᠤ ᠴᠢᠭᠯᠡᠬᠦᠯᠤᠨ ᠲᠤᠤᠷ᠎ᠠ ᠬᠠᠩᠰᠢ ᠪᠠᠷ ᠬᠤᠳᠠᠯᠳᠤᠨ ᠠᠪᠤᠭᠰᠠᠨ ᠬᠤᠨᠢ ᠪᠠᠨ ᠦᠪᠡᠰᠤᠪᠡᠨ ᠲᠡᠵᠢᠭᠡᠭᠰᠡᠨ ᠪᠠᠶᠢᠨ᠎ᠠ᠃ ᠲᠡᠭᠡᠭᠡᠳ ᠬᠤᠨᠢ ᠪᠦᠷᠢ ᠶᠢ ᠲᠡᠭᠰᠢᠳᠭᠡᠭᠡᠳ ᠲᠦᠷᠪᠡ ᠲᠠᠪᠤᠨ ᠵᠠᠭᠤᠨ ᠲᠦᠬᠦᠷᠢᠭ ᠤᠨ ᠲᠤᠤᠷ᠎ᠠ ᠦᠨ᠎ᠠ ᠪᠠᠷ ᠬᠤᠳᠠᠯᠳᠤᠨ ᠠᠪᠴᠤ ᠲᠡᠵᠢᠭᠡᠭᠰᠡᠨ ᠤ ᠲᠠᠷᠠᠭ᠎ᠠ 2017 ᠤᠨ ᠳᠤ ᠬᠤᠨᠢᠨ ᠤ ᠦᠨ᠎ᠠ ᠬᠠᠩᠰᠢ ᠨᠢᠭᠡᠯᠡ ᠲᠡᠭᠡᠷ᠎ᠠ ᠦᠰᠦᠭᠰᠡᠨ ᠦᠶᠡᠰ ᠬᠤᠨᠢ ᠪᠦᠷᠢ ᠶᠢ ᠲᠡᠭᠰᠢᠳᠭᠡᠭᠡᠳ 700 — 1000 ᠲᠦᠬᠦᠷᠢᠭ ᠢᠶᠠᠷ ᠬᠤᠳᠠᠯᠳᠤᠭᠰᠠᠨ ᠠᠴᠠ ᠨᠢᠭᠡ ᠬᠤᠨᠢᠨ ᠲᠡᠭᠡᠷ᠎ᠠ ᠠᠴᠠ 3 — 5 ᠵᠠᠭᠤᠨ ᠲᠦᠬᠦᠷᠢᠭ ᠤᠨ ᠤᠷᠤᠯᠭ᠎ᠠ ᠤᠯᠵᠤ᠂ ᠨᠢᠳᠤᠨᠤᠨ ᠵᠢᠯ ᠤᠨ ᠬᠤᠨᠢᠨ ᠤ ᠤᠷᠤᠯᠭ᠎ᠠ ᠨᠢ ᠭᠤᠴᠢᠨ ᠲᠦᠮᠡᠨ ᠲᠦᠬᠦᠷᠢᠭ ᠲᠤ ᠲᠤᠯᠤᠭᠰᠠᠨ ᠪᠠᠶᠢᠨ᠎ᠠ᠃ ︽ᠮᠢᠨᠤ ᠨᠢᠭᠡ ᠬᠦᠮᠤᠨ ᠤ ᠦᠵᠡᠬᠦ ᠪᠠᠷ᠂ ᠶᠠᠮᠠᠷ ᠨᠢᠭᠡ ᠶᠠᠭᠤᠮ᠎ᠠ ᠭᠡᠳ ᠰᠲ᠋ᠤᠺ ᠤᠨ ᠵᠠᠬ᠎ᠠ ᠲᠡᠯᠭᠡᠬᠦᠷ ᠲᠠᠢ ᠠᠳᠠᠯᠢ ᠬᠠᠮᠤᠭ ᠤᠨ ᠲᠤᠤᠷ᠎ᠠ ᠬᠡᠮᠵᠢᠶᠡᠨ ᠳᠡᠭᠡᠨ ᠲᠤᠯᠪᠠᠯ ᠲᠠᠬᠢᠭᠠᠳ ᠯᠡ ᠰᠠᠶᠢᠵᠢᠷᠠᠬᠤ ᠶᠤᠮ᠂ ᠬᠤᠨᠢᠨ ᠤ ᠬᠠᠩᠰᠢ ᠴᠤ ᠠᠳᠠᠯᠢᠬᠠᠨ︾ ᠭᠡᠵᠤ ᠯᠢ ᠴᠢᠤᠸᠠᠨ ᠶᠢᠤ ᠦᠪᠡᠷ ᠤᠨ ᠦᠵᠡᠯᠳᠠ ᠪᠤᠳᠤᠯ ᠢᠶᠠᠨ ᠶᠠᠷᠢᠵᠤ ᠪᠠᠶᠢᠯ᠎ᠠ᠃      ︽ᠮᠠᠨᠠᠶᠢᠬᠢᠨ ᠵᠠᠭᠤ ᠵᠢᠷᠠᠭᠠᠳ ᠮᠤ᠋ ᠲᠠᠷᠢᠶᠠᠨ ᠭᠠᠵᠠᠷ ᠲᠠᠢ᠂ ᠵᠠᠭᠤᠨ ᠮᠤ᠋ ᠨᠢ ᠠᠭᠤᠯᠠᠨ ᠬᠢᠷ᠎ᠠ ᠶᠢᠨ ᠲᠠᠷᠢᠶ᠎ᠠ᠂ ᠵᠢᠷᠠᠭᠠᠳ ᠮᠤ᠋ ᠨᠢ ᠤᠰᠤᠯᠠᠯᠳᠠ ᠶᠢᠨ ᠲᠠᠷᠢᠶ᠎ᠠ ᠪᠠᠶᠢᠵᠤ᠂ ᠪᠦᠷ ᠡᠷᠳᠡᠨᠢ ᠰᠢᠰᠢ ᠲᠠᠷᠢᠭᠰᠠᠨ ᠪᠠᠶᠢᠨ᠎ᠠ᠂ ᠨᠢᠳᠤᠨᠤᠨ ᠭᠠᠩ ᠶᠡᠬᠡᠳᠠᠢ ᠪᠤᠯᠪᠠᠴᠤ 4 ᠰᠠᠷ᠎ᠠ ᠶᠢᠨ ᠰᠡᠭᠦᠯᠴᠢ ᠪᠠᠷ ᠤᠷᠤᠭᠰᠠᠨ ᠪᠤᠷᠤᠭᠠᠨ ᠳᠤ ᠮᠠᠨᠠᠶᠢᠬᠢᠨ ᠡᠷᠳᠡᠨᠢ ᠰᠢᠰᠢ ᠪᠠᠨ ᠵᠡᠪᠳᠤᠨ ᠲᠠᠷᠢᠭᠰᠠᠨ ᠠᠴᠠ ᠡᠷᠳᠡᠨᠢ ᠰᠢᠰᠢ ᠶᠢᠨ ᠴᠢᠬᠢ ᠪᠠᠷᠢᠭᠰᠠᠨ ᠨᠢ ᠰᠠᠶᠢᠨ ᠪᠤᠯᠤᠭᠰᠠᠨ ᠢᠶᠠᠷ ᠪᠠᠷᠠᠬᠤ ᠦᠭᠡᠢ ᠤᠷᠭᠤᠴᠠ ᠰᠠᠶᠢᠳᠠᠢ ᠪᠤᠯᠵᠠᠢ᠂ ᠨᠢᠳᠤᠨᠤᠨ ᠵᠢᠯ ᠲᠠᠷᠢᠶᠠᠨ ᠠᠴᠠ ᠪᠠᠨ 5 ᠲᠦᠮᠡ ᠢᠯᠡᠬᠦᠤ ᠲᠦᠬᠦᠷᠢᠭ ᠤᠨ ᠤᠷᠤᠯᠭ᠎ᠠ ᠤᠯᠵᠠᠢ᠂ ᠬᠤᠨᠢᠨ ᠤ ᠪᠠᠨ ᠤᠷᠤᠯᠭ᠎ᠠ ᠲᠠᠢ ᠪᠠᠨ ᠪᠤᠳᠤᠪᠠᠯ ᠴᠡᠪᠡᠷ ᠤᠷᠤᠯᠭ᠎ᠠ ᠲᠠᠳᠠᠵᠤ ᠬᠡᠯᠡᠬᠦ ᠳᠤ 35 ᠲᠦᠮᠡᠨ ᠲᠦᠬᠦᠷᠢᠭ ᠲᠤ ᠬᠦᠷᠴᠠᠢ᠃ ᠲᠠᠷᠠᠭᠠᠴᠢ ᠪᠠᠷ᠂ ᠦᠪᠡᠷ ᠤᠨ ᠲᠠᠷᠢᠶᠠᠨ ᠠᠴᠠ ᠪᠠᠨ ᠭᠠᠳᠠᠨ᠎ᠠ ᠪᠠᠰᠠ 200 ᠮᠤ᠋ ᠲᠠᠷᠢᠶᠠᠨ ᠭᠠᠵᠠᠷ ᠲᠠᠭᠠᠭᠠᠴᠢᠯᠠᠨ ᠠᠪᠴᠤ᠂ ᠤᠳᠤ ᠶᠢᠨ ᠪᠠᠶᠢᠭ᠎ᠠ 500 ᠬᠤᠨᠢ ᠪᠠᠨ ᠨᠢᠮᠪᠠᠢ ᠠᠷᠠᠴᠢᠯᠠᠨ ᠲᠡᠵᠢᠭᠡᠵᠤ ᠤᠯᠠᠮ ᠢᠯᠡᠬᠦᠤ ᠤᠷᠤᠯᠭ᠎ᠠ ᠡᠭᠦᠳᠬᠦ ᠪᠠᠷ ᠴᠢᠷᠮᠠᠶᠢᠨ᠎ᠠ︾ ᠭᠡᠵᠤ ᠨᠢᠭᠤᠷ ᠲᠦᠬᠦᠷᠡᠩ ᠪᠠᠶᠠᠷ ᠪᠠᠶᠠᠰᠤᠯ ᠪᠢᠯᠬᠠᠭᠤᠯᠤᠭᠰᠠᠨ ᠯᠢ ᠴᠢᠤᠸᠠᠨ ᠶᠢᠤ ᠬᠤᠵᠢᠮ ᠤᠨ ᠲᠦᠯᠤᠪᠯᠡᠭᠡ ᠪᠠᠨ ᠶᠠᠷᠢᠨ᠎ᠠ᠃  
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2