ᠤᠬᠠᠭᠠᠨ ᠢᠶᠠᠷ ᠬᠦᠮᠵᠢᠬᠦ ᠠᠮᠢᠳᠤᠷᠠᠯ
ᠨᠡᠶᠢᠲᠡᠯᠡᠭᠰᠡᠨ ᠴᠠᠭ᠄
2018-04-02
     ᠥᠷᠯᠥᠬᠡ ᠨᠢ ᠰᠢᠪᠠᠭᠤ ᠰᠢᠭ ᠡᠷᠳᠡ ᠪᠤᠰᠤᠨ᠂ ᠤᠷᠤᠢ ᠨᠢ ᠠᠳᠤᠭᠤ ᠰᠢᠭ ᠤᠷᠤᠢ ᠤᠨᠳᠠᠵᠦ᠂ ᠨᠤᠳᠤᠭ ᠤᠰᠤ᠂ ᠬᠦᠷᠰᠢ ᠵᠡᠷᠬᠡᠯᠡᠳᠡᠭᠡ ᠶᠢᠨ ᠠᠬᠠᠮᠠᠳ ᠲᠤᠮᠤᠭᠠᠳᠠᠳ᠂ ᠦᠶ᠎ᠡ ᠬᠤᠷᠠᠭᠴᠤᠤᠯ ᠤᠨ ᠢᠶᠠᠨ ᠵᠤᠭᠤᠭ ᠶᠠᠷᠢᠯᠴᠠᠭᠠᠨ ᠤ ᠬᠢᠨᠢ ᠰᠡᠳᠥᠪ ᠪᠤᠯᠵᠦ᠂ ᠠᠵᠦ ᠠᠮᠢᠳᠤᠷᠠᠯ ᠤᠨ ᠵᠠᠮ ᠲᠡᠬᠡᠷ᠎ᠡ ᠪᠠᠨ ᠪᠤᠳᠤᠯᠭ᠎ᠠ ᠲᠦᠯᠥᠪᠯᠡᠭᠡ ᠲᠠᠢ ᠮᠡᠷᠡᠶᠢᠵᠦ ᠶᠠᠪᠤᠭ᠎ᠠ ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠮᠢᠩᠭᠠᠨᠳᠦ ᠪᠠᠯᠭᠠᠰᠤᠨ ᠤ ᠪᠠᠶᠠᠨᠪᠤᠯᠠᠭ ᠭᠠᠴᠠᠭᠠᠨ ᠤ ᠮᠠᠯᠴᠢᠨ ᠵᠠᠯᠠᠭᠤ ᠮᠦᠡᠭᠬᠡ ᠶᠢ ᠰᠢᠨ᠎ᠡ ᠤᠨ ᠤ ᠡᠬᠢᠨ ᠰᠠᠷ᠎ᠠ ᠶᠢᠨ ᠡᠬᠢᠨ ᠳᠤ ᠰᠣᠷᠪᠤᠯᠵᠢᠯᠠᠵᠦ ᠪᠢᠯᠡ᠃      ᠨᠢᠬᠡ ᠨᠠᠰᠦ ᠨᠡᠶᠢᠳᠡ ᠶᠢᠨ ᠬᠤᠨᠢᠨ ᠰᠦᠷᠥᠭ ᠢ ᠬᠠᠷᠢᠭᠤᠯᠵᠦ᠂ ᠤᠷᠭᠤᠵᠦ ᠤᠨᠠᠬᠤ ᠨᠠᠷᠠᠨ ᠤ ᠲᠤᠤᠷ᠎ᠠ ᠠᠶᠢᠯ ᠬᠡᠷ᠂ ᠠᠴᠢᠷ ᠬᠡᠤᠬᠡᠳ ᠢᠶᠠᠨ ᠬᠡᠵᠦ ᠠᠮᠢᠳᠣᠷᠠᠯ ᠦᠢᠯᠡᠰ ᠲᠤ ᠵᠦᠳᠡᠷᠡᠵᠦ ᠵᠤᠪᠠᠵᠦ ᠶᠠᠪᠤᠭᠰᠠᠨ ᠠᠪᠤ ᠶᠢᠨ ᠢᠶᠠᠨ ᠲᠤᠬᠠᠢ ᠥᠰᠴᠦ ᠲᠤᠮᠤᠭᠠᠵᠢᠬᠤ ᠲᠤᠰᠤᠮ ᠢᠶᠠᠨ ᠬᠠᠷᠠᠴᠠ ᠬᠤᠯᠠ᠂ ᠪᠤᠳᠤᠯ ᠬᠦᠨᠳᠦ ᠲᠠᠢ ᠪᠠᠶᠢᠭᠰᠠᠨ ᠢᠶᠠᠨ ᠬᠡᠨ ᠨᠢᠬᠡ ᠰᠠᠶᠢᠨ ᠰᠠᠶᠢᠬᠠᠨ ᠠᠬ᠎ᠠ ᠲᠡᠬᠦᠤᠰ ᠲᠡᠭᠡᠨ ᠲᠤᠭᠤᠶᠢᠬᠠᠨ ᠶᠠᠷᠢᠵᠦ ᠢᠷᠡᠭᠰᠡᠨ ᠢ ᠨᠢ ᠬᠦᠮᠥᠰ ᠤᠨ ᠶᠠᠷᠢᠶ᠎ᠡ ᠬᠡᠯᠡᠯᠴᠡᠭᠡ ᠠᠴᠠ ᠰᠤᠨᠤᠰᠴᠦ ᠪᠠᠶᠢᠭᠰᠠᠨ ᠮᠠᠨᠢ ᠰᠠᠨᠠᠭᠳᠠᠵᠦ᠂ ᠨᠠᠮ ᠲᠦᠷᠦ ᠶᠢᠨ ᠮᠡᠷᠬᠡᠨ ᠪᠤᠳᠤᠯᠭ᠎ᠠ ᠪᠠᠷ ᠴᠢᠨᠡᠬᠡᠯᠢᠭ ᠨᠡᠶᠢᠬᠡᠮ ᠢ ᠪᠠᠶᠢᠭᠤᠯᠵᠦ ᠪᠠᠶᠢᠭ᠎ᠠ ᠥᠨᠥᠳᠥᠷ᠂ ᠪᠠᠭ᠎ᠠ ᠶᠢᠨ ᠦᠶ᠎ᠡ ᠠᠴᠠ ᠪᠠᠨ ᠠᠪᠤ ᠡᠵᠢ᠂ ᠠᠶᠢᠯ ᠰᠠᠭᠠᠬᠠᠯᠳᠠ ᠶᠢᠨ ᠬᠢᠨ ᠤ ᠠᠮᠢᠳᠤᠷᠠᠯ ᠦᠢᠯᠡᠰ ᠲᠤ ᠪᠤᠳᠤᠯ ᠰᠠᠨᠠᠭᠠᠰᠢᠷᠠᠵᠦ ᠢᠷᠡᠭᠰᠡᠨ ᠮᠦᠡᠭᠬᠡ ᠵᠠᠯᠠᠭᠤ ᠮᠠᠨᠢ ᠬᠦᠳᠡᠯᠮᠥᠷᠢ ᠠᠮᠢᠳᠤᠷᠠᠯ ᠳᠤ ᠤᠬᠠᠭ᠎ᠠ ᠬᠦᠯᠵᠢᠬᠦᠯᠵᠦ᠂ ᠬᠦᠴᠥᠷᠬᠡᠭ ᠪᠠᠶᠠᠨ ᠬᠦᠮᠥᠨ ᠤ ᠠᠮᠢᠳᠤᠷᠠᠯ ᠤᠨ ᠠᠶ᠎ᠠ ᠲᠠᠭᠤᠤ ᠶᠢ ᠲᠠᠭᠤᠯᠠᠵᠦ ᠶᠠᠪᠤᠬᠤ ᠦᠬᠡᠢ ᠴᠦ ᠶᠠᠭᠠᠬᠢᠬᠤᠪ ᠳ᠋ᠠ ᠬᠡᠵᠦ ᠪᠤᠳᠤᠭᠳᠠᠯ᠎ᠠ ᠁     ᠠᠷᠭ᠎ᠠ ᠤᠬᠠᠭᠠᠨ ᠵᠦᠪ ᠪᠣᠯ ᠠᠵᠢᠯ ᠦᠢᠯᠡᠰ ᠥᠬᠡᠳᠡ ᠲᠠᠢ᠃ ᠮᠦᠡᠭᠬᠡ ᠴᠦᠬᠡᠨ ᠮᠠᠯ ᠵᠦᠳᠡᠬᠦᠬᠡᠨ ᠠᠮᠢᠳᠤᠷᠠᠯ ᠲᠠᠢ ᠪᠠᠷ ᠡᠬᠦᠳᠡ ᠡᠷᠥᠬᠡ ᠪᠤᠰᠬᠠᠭᠰᠠᠨ ᠡᠷ᠎ᠡ᠃ ᠲᠡᠷᠡ ᠪᠦᠰᠡᠬᠦᠢ ᠲᠠᠢ ᠪᠠᠨ ᠬᠤᠶᠠᠭᠤᠯᠠ ᠠᠬᠠᠮᠠᠳ ᠲᠤᠮᠤᠭᠠᠳᠠᠨ ᠢᠶᠠᠨ ᠬᠦᠨᠳᠥᠯᠡᠨ ᠠᠰᠠᠷᠠᠵᠦ᠂ ᠨᠢᠯᠬᠠᠰ ᠦᠷ᠎ᠡ ᠪᠠᠨ ᠥᠰᠬᠡᠨ ᠬᠦᠮᠥᠵᠢᠬᠦᠯᠵᠦ᠂ ᠦᠷ ᠤᠨ ᠬᠡᠬᠡ᠂ ᠦᠳᠡᠰᠢ ᠶᠢᠨ ᠬᠠᠷᠠᠩᠭᠤᠢ ᠲᠠᠢ ᠵᠡᠷᠬᠡᠴᠡᠨ ᠠᠵᠦ ᠠᠮᠢᠳᠤᠷᠠᠯ ᠢᠶᠠᠨ ᠥᠬᠡᠳᠡ ᠲᠠᠳᠠᠵᠦ᠂ ᠮᠠᠯ ᠤᠨᠤᠭ᠎ᠠ ᠪᠠᠨ ᠠᠮᠢ ᠲᠠᠢ ᠪᠠᠨ ᠬᠤᠯᠪᠤᠨ ᠬᠠᠶᠢᠷᠠᠯᠠᠵᠦ᠂ ᠲᠦᠯ ᠮᠠᠯ ᠢᠶᠠᠨ ᠦᠨᠢᠷ ᠥᠰᠬᠡᠵᠦ᠂ ᠤᠯᠤᠰ ᠤᠯᠠᠨ ᠤ ᠪᠠᠨ ᠲᠤᠮᠳᠠ ᠠᠷᠭ᠎ᠠ ᠤᠬᠠᠭᠠᠨ᠂ ᠠᠵᠢᠯᠴᠢ ᠬᠦᠳᠡᠯᠮᠥᠷᠢᠴᠢ ᠪᠠᠷ ᠢᠶᠠᠨ ᠤᠷᠦ᠋ᠢᠯᠠᠵᠦ ᠶᠠᠪᠤᠭᠰᠠᠨ᠃ 2016 ᠤᠨ ᠳᠤ ᠲᠡᠷᠡ ᠪᠤᠰᠤᠳ ᠠᠴᠠ ᠬᠢᠮᠳᠠ ᠦᠨ᠎ᠡ ᠪᠠᠷ 18 ᠵᠤᠰᠠᠭ ᠬᠤᠳᠠᠯᠳᠤᠨ ᠠᠪᠴᠦ᠂ ᠲᠤᠰ ᠵᠢᠯ ᠳᠡᠭᠡᠨ 9 ᠲᠦᠯ ᠲᠤᠰᠴᠦ᠂ ᠡᠬᠡ ᠮᠠᠯ ᠤᠨ ᠬᠠᠷᠢᠴᠠᠯ ᠢ ᠲᠡᠬᠡᠭᠰᠢᠯᠡᠬᠦᠯᠥᠭᠰᠡᠨ ᠠᠴᠠ ᠨᠠᠰᠢ᠂ ᠥᠨᠥᠳᠥᠷ ᠪᠤᠯᠬᠤ ᠳᠤ ᠪᠡᠯᠴᠢᠬᠡᠷ ᠤᠨ ᠲᠠᠭᠠᠠᠭᠴᠠ ᠳᠠᠭᠠᠨ ᠲᠤᠬᠢᠷᠠᠬᠤ ᠮᠠᠯ ᠲᠠᠢ ᠪᠤᠯᠵᠦ᠂ ᠠᠮᠢᠳᠤᠷᠠᠯ ᠠᠬᠤᠢ ᠨᠢ ᠡᠳᠥᠷ ᠠᠴᠠ ᠡᠳᠥᠷ ᠥᠬᠡᠳᠡᠯᠡᠵᠦ ᠢᠷᠡᠯ᠎ᠡ      ᠰᠢᠪᠠᠭᠤ ᠲᠠᠯᠠᠪᠴᠢᠨ ᠤ ᠪᠠᠨ ᠬᠦᠴᠥᠨ ᠳᠤ ᠨᠢᠰᠴᠦ᠂ ᠬᠦᠮᠥᠨ ᠬᠦᠳᠡᠯᠮᠥᠷᠢ ᠶᠢᠨ ᠢᠶᠠᠨ ᠬᠦᠴᠥᠨ ᠳᠤ ᠠᠮᠢᠳᠤᠷᠠᠨ᠎ᠠ᠃ ᠠᠷᠢᠭᠤᠨ ᠴᠠᠭᠠᠨ ᠬᠦᠳᠡᠯᠮᠥᠷᠢ ᠪᠠᠷ ᠢᠶᠠᠨ ᠠᠵᠦ ᠠᠮᠢᠳᠤᠷᠠᠯ ᠢᠶᠠᠨ ᠥᠬᠡᠳᠡ ᠲᠠᠳᠠᠵᠦ ᠶᠠᠪᠤᠭ᠎ᠠ ᠡᠳᠡᠨᠠᠶᠢᠬᠢᠨ ᠤ ᠤᠷᠤᠯᠭ᠎ᠠ ᠨᠢ ᠤᠳᠤ ᠠᠮᠠ ᠪᠦᠯᠢ ᠳᠡᠭᠡᠨ ᠲᠡᠭᠰᠢᠳᠬᠡᠬᠡᠳ 1.3 ᠲᠦᠮᠡᠨ ᠲᠦᠬᠦᠷᠢᠭ ᠢ ᠲᠠᠪᠠᠵᠦ᠂ ᠬᠡᠷ ᠭᠠᠳᠠᠨ᠎ᠠ ᠦᠬᠡᠢ ᠡᠷᠡᠨ ᠴᠠᠭ ᠤᠨ ᠡᠳ᠋ ᠬᠡᠷᠡᠭᠰᠡᠯ᠂ ᠮᠠᠰᠢᠨ ᠲᠤᠨᠤᠭᠯᠠᠯ ᠢ ᠠᠵᠢᠯᠯᠠᠭᠤᠯᠵᠦ ᠶᠠᠭᠠᠷᠠᠨ᠎ᠠ᠃ ᠵᠠᠪ ᠴᠢᠯᠥᠬᠡ ᠪᠠᠨ ᠠᠰᠢᠬᠯᠠᠨ ᠵᠢᠭᠠᠬᠠᠨ ᠴᠦ ᠪᠠᠶᠢᠭᠰᠠᠨ ᠢᠯᠡᠬᠦᠦ ᠠᠵᠢᠯ ᠬᠢᠵᠦ᠂ ᠠᠶᠢᠯ ᠬᠡᠷ ᠤᠨ ᠠᠰᠢᠭ ᠤᠷᠤᠯᠭ᠎ᠠ ᠪᠠᠨ ᠤᠯᠠᠮ ᠢᠶᠠᠷ ᠨᠡᠮᠡᠭᠳᠡᠬᠦᠯᠬᠦ ᠪᠤᠳᠤᠯ ᠢᠶᠠᠷ ᠮᠦᠡᠭᠬᠡ ᠬᠦᠡᠭᠬᠡᠨ ᠮᠤᠲ᠋ᠤᠷ ᠢᠶᠠᠷ ᠬᠤᠯᠠ ᠤᠶᠢᠷ᠎ᠠ ᠳᠠᠭᠠᠨ ᠶᠠᠭᠠᠷᠠᠵᠦ᠂ ᠬᠦᠷᠳᠥᠳᠦ ᠲᠡᠷᠬᠡ ᠪᠠᠷ ᠬᠦᠳᠡᠯᠮᠥᠷᠢ ᠠᠵᠢᠯ ᠳᠠᠭᠠᠨ ᠭᠠᠪᠰᠢᠭᠠᠶᠢᠯᠠᠵᠦ᠂ ᠠᠷᠭ᠎ᠠ ᠲᠦᠰᠥᠪ᠂ ᠠᠷᠢᠭᠤᠨ ᠬᠦᠳᠡᠯᠮᠥᠷᠢ ᠪᠠᠷ ᠢᠶᠠᠨ ᠠᠵᠦ ᠠᠮᠢᠳᠤᠷᠠᠯ ᠢᠶᠠᠨ ᠨᠡᠩ ᠥᠬᠡᠳᠡ ᠨᠢ ᠲᠠᠳᠠᠵᠦ ᠶᠠᠪᠤᠨ᠎ᠠ᠃  
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2