ᠬᠠᠶᠢᠯᠠᠨ ᠱᠠᠩ ᠤᠨ ᠬᠤᠨᠭ᠍ᠭᠤᠷ ᠠᠳᠤᠭᠤ ᠪᠠᠨ ᠰᠢᠲᠥᠵᠤ ᠰᠢᠯᠥᠭᠯᠡᠭᠰᠡᠨ ᠤ ᠤᠴᠢᠷ
ᠨᠡᠶᠢᠲᠡᠯᠡᠭᠰᠡᠨ ᠴᠠᠭ᠄
2019-11-28
     ᠮᠤᠷᠢᠨ ᠳᠤ ᠬᠠᠶᠢᠷᠠᠲᠠᠢ ᠬᠥᠮᠥᠰ ᠤᠨ ᠰᠤᠨᠤᠷ ᠤᠨ ᠪᠠᠶᠠᠰᠬᠤᠯᠠᠩ ᠪᠤᠯᠵᠤ ᠪᠠᠶᠢᠭ᠎ᠠ ︽ᠬᠠᠶᠢᠯᠠᠨ ᠱᠠᠩ ᠤᠨ ᠬᠤᠨᠭ᠍ᠭᠤᠷ ᠠᠳᠤᠭᠤ︾ ᠭᠡᠬᠦ ᠳᠠᠭᠤᠤ ︽ᠡᠭᠡᠰᠢᠭ ᠰᠥᠯᠵᠢᠶ᠎ᠡ︾ ᠪᠠᠷ ᠤᠶᠠᠩᠭᠠᠷᠠᠨ ᠰᠠᠴᠤᠭᠳᠠᠭᠰᠠᠨ ᠰᠠᠶᠢᠬᠠᠨ ᠴᠢᠮᠡᠭᠡ ᠶᠢ ᠲᠤᠭᠤᠯᠤᠭᠠᠳ᠂ ᠲᠤᠰ ᠳᠠᠭᠤᠤ ᠶᠢᠨ ᠰᠢᠯᠥᠭ ᠤᠨ ᠵᠤᠬᠢᠶᠠᠭᠴᠢ ᠳᠥᠷᠪᠡᠳ ᠬᠤᠰᠢᠭᠤᠨ ᠤ ᠵᠠᠩᠭᠠᠨ ᠰᠤᠮᠤᠨ ᠤ ᠠᠭᠤᠯᠠ ᠭᠠᠴᠠᠭᠠᠨ ᠤ ᠮᠠᠯᠴᠢᠨ ᠭᠠᠨᠭ᠍ᠴᠢᠯᠠᠭᠤ ᠲᠠᠢ ᠶᠠᠷᠢᠯᠴᠠᠭᠰᠠᠨ ᠰᠤᠷᠪᠤᠯᠵᠢᠯᠠᠭ᠎ᠠ ᠶᠢ ᠲᠠ ᠪᠥᠬᠦᠨ ᠳᠤ ᠬᠥᠷᠭᠡᠵᠤ ᠪᠠᠶᠢᠢᠨ᠎ᠠ᠃      — ᠰᠤᠷᠪᠤᠯᠵᠢᠯᠠᠭᠴᠢ ︵ᠳᠤᠷᠤᠭᠰᠢ ᠰᠤ ᠭᠡᠵᠤ ᠳᠥᠭᠦᠮᠴᠢᠯᠡᠨ᠎ᠡ︶᠄ ᠰᠠᠶᠢᠬᠠᠨ ᠡᠪᠥᠯᠵᠢᠵᠤ ᠪᠠᠶᠢᠨ᠎ᠠ ᠤᠤ︖ ᠮᠤᠷᠢ ᠬᠤᠷᠳᠤᠨ᠂ ᠤᠶᠠᠭ᠎ᠠ ᠬᠥᠡᠭᠭᠡᠨ ᠤᠤ︖      — ᠭᠠᠩᠴᠢᠯᠠᠭᠤ ︵ᠳᠤᠷᠤᠭᠰᠢ ᠭᠠ᠊ ᠭᠡᠵᠤ ᠳᠥᠭᠦᠮᠴᠢᠯᠡᠨ᠎ᠡ︶᠄ ᠥᠡᠭᠭᠡᠲᠠᠢ ᠰᠠᠶᠢᠬᠠᠨ ᠡᠪᠥᠯᠵᠢᠵᠤ ᠪᠠᠶᠢᠢᠨ᠎ᠠ᠂ ᠢᠷᠡᠬᠦ ᠵᠢᠯ ᠤᠨ ᠨᠠᠭᠠᠳᠤᠮ ᠳᠤ ᠤᠶᠠᠬᠤ ᠮᠤᠷᠢᠳ ᠢᠶᠠᠨ ᠪᠠᠷᠢᠵᠤ᠂ ᠠᠩᠬᠠᠨ ᠤ ᠴᠠᠰᠤ ᠪᠠᠷ ᠭᠠᠯ ᠢ ᠨᠢ ᠭᠠᠷᠭᠠᠵᠤ ᠬᠥᠡᠭᠭᠡᠬᠡᠨ ᠡᠳ᠋ᠯᠡᠵᠤ ᠪᠠᠶᠢᠨ᠎ᠠ᠃      — ᠰᠤ᠄ ᠤᠷᠴᠢᠮᠬᠠᠨ ᠲᠠᠨ ᠤ ︽ᠬᠠᠶᠢᠯᠠᠨ ᠱᠠᠩ ᠤᠨ ᠬᠤᠨᠭ᠍ᠭᠤᠷ ᠠᠳᠤᠭᠤ︾ ᠲᠠᠨᠢ ᠠᠶᠠᠯᠭᠤ ᠳᠠᠭᠤᠤ ᠲᠠᠢ ᠪᠤᠯᠤᠭᠠᠳ ᠤᠯᠠᠨ ᠤ ᠲᠠᠭᠠᠰᠢᠶᠠᠯ ᠳᠤ ᠬᠥᠷᠴᠤ ᠪᠠᠶᠢᠢᠨ᠎ᠠ᠃ ᠡᠨᠡ ᠤᠷᠠᠨ ᠪᠦᠳᠦᠭᠡᠯ ᠤᠨ ᠢᠶᠠᠨ ᠲᠤᠬᠠᠢ ᠪᠠᠨ ᠲᠠᠨᠢᠯᠴᠠᠭᠤᠯᠤᠨ᠎ᠠ ᠤᠤ︖      — ᠭᠠ᠊᠄ ᠪᠠᠶᠠᠷᠯᠠᠯ᠎ᠠ᠃ 2008 ᠤᠨ ᠳᠤ᠂ ᠲᠤᠯᠢ ᠰᠠᠷᠠ ᠲᠠᠢ ᠬᠤᠨᠭ᠍ᠭᠤᠷ ᠳᠠᠭ᠎ᠠ ᠮᠢᠨᠢ ᠬᠤᠰᠢᠭᠤ ᠤᠪᠤᠭᠠᠨ ᠲᠠᠬᠢᠯᠭ᠎ᠠ ᠶᠢᠨ ᠨᠠᠶᠢᠷ ᠲᠤ ᠲᠡᠷᠢᠭᠦᠯᠡᠴᠢᠭᠡᠭᠡᠳ᠂ ᠮᠠᠷᠭᠠᠰᠢ ᠨᠢ ᠭᠡᠭᠡᠨᠲᠠᠯ᠎ᠠ ᠶᠢᠨ ᠨᠠᠶᠢᠷ ᠤᠨ ᠳᠠᠭ᠎ᠠ ᠶᠢᠨ ᠤᠷᠤᠯᠳᠤᠭᠠᠨ ᠳᠤ ᠵᠠᠪᠰᠠᠷ ᠥᠭᠡᠢ ᠲᠡᠷᠢᠭᠦᠯᠡᠴᠢᠭᠡᠬᠦ ᠪᠠᠷ ᠤᠶᠠᠭᠠᠴᠢᠳ ᠶᠠᠮᠠᠷ ᠤᠭᠰᠢᠯ ᠲᠠᠢ ᠠᠳᠤᠭᠤ ᠪᠤᠢ ᠭᠡᠵᠤ ᠭᠠᠶᠢᠬᠠᠯᠳᠤᠬᠤ ᠳᠤᠨᠢ ᠪᠢ ︿ᠬᠠᠶᠢᠯᠠᠨ ᠱᠠᠩ ᠤᠨ ᠤᠭᠰᠢᠯ ᠲᠠᠢ ᠮᠢᠨᠤ ᠰᠥᠷᠥᠭ ᠤᠨ ᠤᠨᠠᠭᠠᠨ ᠬᠤᠷᠳᠥ﹀ ᠭᠡᠵᠤ ᠪᠠᠭ᠋ᠠᠳᠤᠯ᠎ᠠ᠃ ᠲᠡᠭᠦᠨ ᠤ ᠲᠠᠷᠠᠭᠠᠬᠠᠨ ︽ᠬᠠᠶᠢᠯᠠᠨ ᠱᠠᠩ ᠤᠨ ᠬᠤᠨᠭ᠍ᠭᠤᠷ ᠠᠳᠤᠭᠤ︾ ᠭᠡᠬᠦ ᠰᠢᠯᠥᠭ ᠢᠶᠠᠨ ᠨᠤᠤᠷᠠᠭᠯᠠᠭᠰᠠᠨ ᠶᠤᠮ᠃ ᠡᠭᠦᠨ ᠳᠤ ︽ᠴᠢᠩᠭᠢᠰ ᠪᠤᠭᠲᠠ ᠠᠭᠤᠯᠠ︾᠂ ︽ᠬᠠᠯᠢᠮᠠᠭ ᠤᠨ ᠴᠠᠭᠠᠨ ᠲᠠᠯ᠎ᠠ︾᠂ ︽ᠠᠯᠳᠠᠷᠲᠥ ᠪᠥᠭᠡ ᠴᠤᠶᠢᠵᠢᠵᠠᠮᠰᠤ︾᠂ ︽ᠰᠠᠭᠠᠯᠢᠴᠢᠨ︾ ᠵᠡᠷᠭᠡ ᠳᠠᠭᠤᠤ ᠶᠢᠨ ᠠᠶ᠎ᠠ ᠵᠤᠬᠢᠶᠠᠭᠴᠢ ᠤᠷᠠᠨ ᠪᠥᠲᠥᠭᠡᠯᠴᠢ᠂ ᠵᠡᠭᠦᠨ ᠰᠥᠨᠢᠳ ᠨᠤᠲᠤᠭ ᠲᠠᠢ ᠯ᠊ · ᠵᠤᠷᠢᠭᠲᠤᠪᠠᠭᠠᠲᠤᠷ ᠠᠬ᠎ᠠ ᠠᠶᠠᠯᠭᠤ ᠵᠤᠬᠢᠶᠠᠵᠤ᠂ ᠬᠥᠭᠵᠢᠮ ᠤᠨ ᠨᠠᠶᠢᠷᠠᠭᠤᠯᠭ᠎ᠠ ᠶᠢ ᠮᠤᠩᠭᠤᠯ ᠤᠯᠤᠰ ‍ᠤᠨ‌‍ᠪᠠᠳᠦᠰᠦ᠋ᠬᠡ ᠠᠬ᠎ᠠ ᠮᠠᠨᠢ ᠨᠠᠶᠢᠷᠠᠭᠤᠯᠵᠤ᠂ ︽ᠮᠤᠷᠢᠨ ᠤ ᠳᠠᠭᠤᠴᠢᠨ︾ ᠭᠡᠵᠤ ᠬᠠᠯᠬ᠎ᠠ ᠳᠠᠶᠠᠭᠠᠷ ᠠᠯᠳᠠᠷᠰᠢᠭᠰᠠᠨ ᠰᠤᠶᠤᠯ ᠤᠨ ᠭᠠᠪᠢᠶᠠᠲᠥ ᠵᠢᠳᠬᠦᠯᠲᠡᠨ ᡀᠮᠤᠵᠠᠪ ᠤᠨ ᠨᠠᠷᠠᠨᠲᠤᠶᠠᠭ᠎ᠠ ᠠᠮᠢᠯᠠᠭᠤᠯᠵᠤ ᠳᠠᠭᠤᠯᠠᠭᠰᠠᠨ ᠶᠤᠮ᠃ ᠤᠷᠠᠨ ᠪᠥᠲᠥᠭᠡᠯ ᠤᠨ ᠲᠤᠭᠤᠷᠢᠨ ᠳᠤ ᠪᠡᠶᠡᠴᠢᠯᠡᠨ ᠬᠥᠳᠡᠯᠮᠥᠷᠢᠯᠡᠭᠰᠡᠨ ᠯ᠊ · ᠵᠤᠷᠢᠭᠲᠤᠪᠠᠭᠠᠲᠤᠷ ᠠᠬ᠎ᠠ ᠪᠤᠯᠤᠨ ᠮᠤᠩᠭᠤᠯ ᠤᠯᠤᠰ ᠤᠨ ᠬᠤᠶᠠᠷ ᠤᠷᠠᠯᠢᠭᠴᠢᠨ ᠳᠠᠭᠠᠨ ᠪᠠᠶᠠᠷᠯᠠᠵᠤ ᠲᠠᠯᠠᠷᠬᠠᠭᠰᠠᠨ ᠰᠡᠳᠬᠢᠯ ᠢᠶᠠᠨ ᠢᠯᠡᠳᠬᠡᠶ᠎ᠡ᠃ ᠬᠠᠮᠲᠥ ᠶᠢᠨ ᠪᠥᠲᠥᠭᠡᠯ ︽ᠬᠠᠶᠢᠯᠠᠨ ᠱᠠᠩ ᠤᠨ ᠬᠤᠨᠭ᠍ᠭᠤᠷ ᠠᠳᠤᠭᠤ︾ ᠮᠢᠨᠢ ᠬᠥᠮᠥᠨ ᠵᠤᠨ ᠤ ᠪᠠᠨ ᠰᠤᠨᠤᠷ ᠢ ᠮᠢᠯᠢᠶᠠᠬᠤ ᠪᠤᠯᠤᠭᠠᠰᠠᠢ︕      — ᠰᠤ᠄ ᠲᠠᠨ ᠤ ᠤᠤᠭᠤᠭᠰᠠᠨ ᠤᠰᠤ ᠤᠨᠠᠭᠰᠠᠨ ᠰᠢᠷᠤᠢ︖      — ᠭᠠ᠊᠄ ︽ᠰᠢᠷᠠᠮᠦᠷᠡᠨ ᠰᠥᠮ᠎ᠡ︾ ᠪᠠᠷ ᠢᠶᠠᠨ ᠠᠯᠳᠠᠷᠰᠢᠭᠰᠠᠨ ᠰᠠᠶᠢᠬᠠᠨ ᠨᠤᠲᠤᠭ — ᠳᠥᠷᠪᠡᠳ ᠬᠤᠰᠢᠭᠤᠨ ᠤ ᠬᠤᠨᠭ᠍ᠭᠤᠷ ᠰᠤᠮᠤᠨ ᠤ ᠤᠤᠭᠠᠯ᠂ ᠶᠤᠰᠤᠲᠠᠢ ᠯᠡ ᠰᠢᠷᠠᠮᠥᠷᠡᠨ ᠭᠤᠤᠯ ᠤᠨ ᠢᠶᠠᠨ ᠰᠢᠪᠠᠷ ᠲᠠᠩ ᠳᠡᠭᠡᠭᠦᠷ ᠱᠠᠯᠳᠠᠩ ᠨᠢᠴᠦᠭᠦᠨ ᠬᠥᠯ ᠲᠠᠢ ᠬᠥᠶᠥᠵᠤ ᠥᠰᠥᠭᠰᠡᠨ ᠬᠡᠥᠬᠡᠳ ᠯᠡ ᠳ᠋ᠡ ᠁      — ᠰᠤ᠄ ︽ᠬᠠᠶᠢᠯᠠᠨ ᠱᠠᠩ︾ ᠭᠡᠳᠡᠭ ᠥᠭᠡ ᠶᠢᠨ ᠲᠤᠬᠠᠢ︖      — ᠭᠠ᠊᠄ ︽ᠬᠠᠶᠢᠯᠠᠨ ᠱᠠᠩ︾ ᠭᠡᠳᠡᠭ ᠥᠭᠡ ᠪᠤᠯ ᠰᠢᠷᠠᠮᠥᠶᠢᠷᠡᠨ ᠰᠥᠮ᠎ᠡ ᠶᠢᠨ ᠨᠢᠭᠡᠨ ᠰᠠᠩ ᠬᠥᠮᠥᠷᠭᠡ ᠶᠢᠨ ᠨᠡᠷᠡᠶᠢᠳᠥᠯ᠂ ᠮᠠᠨ ᠤ ᠲᠦᠷᠪᠡᠳ ᠲᠤ ᠶᠡᠭᠡ ᠪᠠᠭ᠎ᠠ 24 ᠰᠥᠮ᠎ᠡ ᠲᠠᠢ ᠪᠠᠶᠢᠯ᠎ᠠ ᠭᠡᠵᠤ ᠨᠠᠰᠤᠲᠠᠶᠢᠢᠴᠤᠳ ᠬᠠᠭᠤᠴᠢᠯᠠᠳᠠᠭ᠃ ᠤᠯᠠᠨ ᠰᠥᠮ᠎ᠡ ᠪᠠᠨ ᠳᠠᠭᠠᠭᠠᠳ ᠤᠯᠠᠨ ᠱᠠᠩ ᠲᠠᠢ ᠪᠠᠶᠢᠬᠰᠠᠨ ᠨᠢ ᠮᠡᠳᠡᠭᠡᠵᠢ᠂ ᠮᠢᠨᠤ ᠮᠡᠳᠡᠵᠤ ᠪᠠᠶᠢᠬᠤ ᠪᠠᠷ ︵ᠰᠢᠷᠠᠮᠥᠶᠢᠷᠡᠨ ᠰᠥᠮ᠎ᠡ︶ ᠵᠥᠳᠥᠪ ᠤᠨ ᠱᠠᠩ᠂ ᠴᠤᠶᠢᠷ ᠤᠨ ᠱᠠᠩ᠂ ᠵᠢᠰᠠ ᠶᠢᠨ ᠱᠠᠩ ᠭᠡᠵᠤ ᠲᠤᠮᠤ ᠲᠤᠮᠤ ᠱᠠᠩ ᠤᠳ ᠪᠠᠶᠢᠭᠰᠠᠨ᠂ ᠥᠭᠯᠢᠭᠡ ᠶᠢᠨ ᠡᠵᠡᠳ ᠰᠥᠮ᠎ᠡ ᠬᠡᠶᠢᠢᠳ ᠲᠡᠭᠡᠨ ᠡᠷᠭᠦᠯ ᠪᠠᠷᠢᠬᠤ ᠳᠤ ᠱᠠᠩ ᠳᠤᠨᠢ ᠡᠷᠭᠦᠵᠤ ᠲᠤᠰᠢᠶᠠᠳᠠᠭ᠃ ᠤᠷᠢᠳᠥ ᠳᠠᠭᠠᠨ ᠴᠠᠬᠢᠭᠤᠷᠲᠥ ᠬᠤᠨᠭ᠍ᠭᠤᠷ ᠤᠪᠤᠭ᠎ᠠ ᠶᠢ ᠰᠢᠷᠠᠮᠥᠷᠡᠨ ᠰᠥᠮ᠎ᠡ ᠶᠢᠨ ᠬᠠᠶᠢᠯᠠᠨ ᠱᠠᠩ ᠠᠴᠠ ᠪᠥᠬᠦ ᠵᠠᠷᠤᠳᠠᠯ ᠢ ᠳᠠᠭᠠᠭᠠᠴᠢᠯᠠᠨ ᠲᠠᠬᠢᠯᠭ᠎ᠠ ᠲᠠᠯᠪᠢᠳᠠᠭ ᠪᠠᠶᠢᠯ᠎ᠠ ᠭᠡᠵᠤ ᠨᠤᠲᠤᠭ ᠤᠨ ᠪᠤᠭᠤᠷᠤᠯᠴᠤᠳ ᠶᠠᠷᠢᠯᠴᠠᠳᠠᠭ᠃ ᠬᠠᠶᠢᠯᠠᠨ ᠱᠠᠩ ᠤᠨ ᠬᠤᠨᠭ᠍ᠭᠤᠷ ᠵᠢᠰᠥᠮ ᠤᠨ ᠠᠳᠤᠭᠤ ᠤᠳᠤ ᠶᠢᠨ ᠸᠧᠢᠢᠵᠢᠩ ᠰᠤᠮᠤᠨ ᠤ ᠬᠤᠨᠭ᠍ᠭᠤᠷ ᠤᠪᠤᠭᠠᠨ ᠤ ᠤᠷᠴᠢᠮ ᠢᠶᠠᠷ ᠰᠥᠷᠥᠭ ᠲᠠᠯᠪᠢᠵᠤ᠂ ᠬᠤᠵᠢᠮ ᠨᠢ ᠨᠡᠶᠢᠲᠡ ᠶᠢᠨ ᠮᠠᠯ ᠰᠥᠷᠥᠭ ᠪᠤᠯᠭᠠᠭᠰᠠᠨ᠂ ᠮᠠᠨ ᠤ ᠠᠳᠤᠭᠤ ᠪᠤᠯ ᠡᠨᠡᠬᠦ ᠬᠠᠶᠢᠯᠠᠨ ᠱᠠᠩ ᠤᠨ ᠠᠳᠤᠭᠤᠨ ᠤ ᠤᠭᠰᠢᠯ ᠲᠠᠢ ᠴᠡᠪᠡᠷ ᠰᠠᠶᠢᠬᠠᠨ ᠮᠤᠩᠭᠤᠯ ᠠᠳᠤᠭᠤ ᠯᠡ ᠳ᠋ᠠ᠃     — ᠰᠤ᠄ ᠠᠳᠤᠭᠤᠴᠢᠨ ᠪᠤᠯᠤᠭᠠᠳ ᠬᠢᠷᠢ ᠵᠡᠷᠭᠡ ᠬᠡᠶᠢᠢᠮᠥᠷᠢ ᠲᠠᠢ ᠪᠠᠶᠢᠨ᠎ᠠ᠂ ᠶᠡᠷᠥᠨᠢ ᠭᠤᠪᠢ ᠨᠤᠲᠤᠭ ᠢᠶᠠᠷ ᠠᠳᠤᠭᠤᠳ ᠬᠢᠷᠢ ᠥᠰᠴᠤ ᠪᠠᠶᠢᠨ᠎ᠠ ᠤᠤ︖      — ᠭᠠ᠊᠄ 2000 ᠤᠨ ᠠᠴᠠ ᠡᠬᠢᠯᠡᠵᠤ ᠨᠤᠲᠤᠭ ᠤᠨ ᠠᠬ᠎ᠠ ᠰᠡᠴᠡᠨᠪᠢᠯᠢᠭ ᠢ ᠳᠠᠭᠠᠵᠤ ᠮᠤᠷᠢ ᠤᠶᠠᠵᠤ ᠡᠬᠢᠯᠡᠭᠰᠡᠨ᠃ ᠤᠪᠤᠭ᠎ᠠ ᠪᠤᠯᠠᠭ ᠤᠨ ᠲᠠᠬᠢᠯᠭ᠎ᠠ᠂ ᠥᠷᠪᠥᠭᠡᠨ ᠨᠠᠶᠢᠷ᠂ ᠨᠠᠰᠤᠨ ᠪᠠᠶᠠᠷ ᠵᠡᠷᠭᠡ ᠪᠠᠭ᠎ᠠ ᠪᠠᠭ᠎ᠠ ᠨᠠᠭᠠᠳᠤᠮ ᠢᠶᠠᠷ ᠬᠤᠷᠢᠭᠠᠳ ᠤᠳᠠᠭ᠎ᠠ ᠲᠡᠷᠢᠭᠦᠯᠡᠭᠰᠡᠨ᠂ ᠶᠡᠭᠡ ᠨᠠᠶᠢᠷ ᠤᠨ ᠱᠠᠩ ᠬᠥᠷᠲᠡᠵᠤ ᠥᠵᠡᠭᠡ ᠥᠭᠡᠢ ᠶᠠᠪᠤᠨ᠎ᠠ ᠃ ᠠᠳᠤᠭᠤ ᠭᠡᠵᠤ ᠰᠠᠶᠢᠬᠠᠨ ᠯᠡ ᠠᠮᠢᠲᠠᠨ᠂ ᠡᠵᠡᠨ ᠢᠶᠠᠨ ᠪᠠᠶᠠᠷᠯᠠᠭᠤᠯᠵᠤ ᠶᠠᠪᠤᠳᠠᠭ ᠨᠢ ᠬᠥᠬᠡᠷᠥᠬᠦᠢ︕ ᠤᠶᠢᠷ᠎ᠠ ᠶᠢᠨ ᠵᠢᠯ ᠠᠴᠠ ᠭᠤᠪᠢ ᠨᠤᠲᠤᠭ ᠢᠶᠠᠷ ᠠᠳᠤᠭᠤᠳ ᠥᠨᠢᠷ ᠥᠰᠴᠤ ᠪᠠᠶᠢᠭ᠎ᠠ ᠳᠤᠨᠢ ᠪᠢ ᠶᠡᠭᠡ ᠪᠠᠶᠠᠷᠯᠠᠵᠤ ᠶᠠᠪᠤᠳᠠᠭ᠃      — ᠰᠤ᠄ ︽ᠬᠥᠳᠡᠭᠡ ᠪᠠᠨ ᠵᠤᠷᠢᠭᠠᠷᠠᠢ ᠵᠠᠯᠠᠭᠤᠰ ᠮᠢᠨᠢ︾ ᠭᠡᠰᠡᠨ ᠪᠥᠲᠥᠭᠡᠯ ᠲᠠᠢ ᠪᠠᠨ ᠮᠠᠯᠴᠢᠨ ᠵᠠᠶᠠᠭ᠎ᠠ ᠪᠠᠨ ᠲᠥᠰᠢᠭᠰᠡᠨ ᠤ ᠤᠴᠢᠷ ᠶᠠᠭᠤᠨ︖      — ᠭᠠ᠊᠄ ᠲᠥᠮᠡ ᠲᠥᠴᠢᠭᠢᠨᠡᠵᠤ᠂ ᠪᠤᠮᠠ ᠪᠤᠵᠢᠬᠢᠨᠠᠭᠰᠠᠨ ᠬᠤᠲᠠ ᠶᠢᠨ ᠭᠤᠳᠤᠮᠵᠢ ᠪᠠᠷ ᠬᠢᠳᠡᠯ ᠥᠭᠡᠶᠢᠳᠡᠭᠰᠡᠨ ᠵᠠᠷᠢᠮ ᠵᠠᠯᠠᠭᠤᠰ ᠢᠶᠠᠨ ᠬᠠᠷᠠᠵᠤ ᠰᠡᠳᠬᠢᠯ ᠶᠡᠭᠡ ᠡᠮᠵᠡᠭᠯᠡᠬᠦ ᠳᠡᠭᠡᠨ ᠪᠢᠴᠢᠭᠰᠡᠨ ᠰᠢᠯᠥᠭ ᠶᠤᠮ᠃ ᠬᠡᠪᠡᠴᠤ ᠴᠥᠭᠡᠬᠡᠨ ᠲᠤᠭᠠᠨ ᠤ ᠵᠠᠯᠠᠭᠤᠰ ᠪᠠᠶᠢᠵᠠᠢ᠃ ᠬᠥᠳᠡᠭᠡ ᠳᠡᠭᠡᠨ ᠬᠠᠷᠢᠵᠤ᠂ ᠲᠠᠪᠤᠨ ᠡᠷᠳᠡᠨᠢ ᠶᠢᠨ ᠰᠥᠷᠥᠭ ᠤᠨ ᠪᠠᠷ᠎ᠠ ᠶᠢ ᠬᠠᠷᠠᠵᠤ ᠰᠠᠭᠤᠬᠤ ᠵᠢᠷᠭᠠᠯ ᠲᠠᠢ ᠯᠡ ᠳ᠋ᠠ᠂ ᠬᠤᠲᠠ ᠶᠢᠨ ᠲᠥᠪ ᠲᠤ ᠵᠤᠭᠰᠤᠬᠤ ᠵᠠᠢ ᠥᠭᠡᠢ ᠵᠠᠯᠠᠭᠤᠰ ᠮᠢᠨᠢ ᠬᠥᠳᠡᠭᠡ ᠳᠡᠭᠡᠨ ᠬᠠᠷᠢᠵᠤ ᠠᠮᠢᠳᠤᠷᠠᠯ ᠢᠶᠠᠨ ᠳᠡᠳᠬᠦᠪᠡᠯ ᠳᠡᠭᠡᠷ᠎ᠡ ᠶᠤᠮ ᠤᠤ ᠭᠡᠵᠤ ᠪᠢ ᠪᠤᠳᠤᠭᠰᠠᠨ ᠰᠠᠨ᠃      — ᠰᠤ᠄ ᠤᠷᠴᠢᠮ ᠢᠶᠠᠷ ᠶᠠᠭᠤᠲᠠᠢ ᠶᠠᠭᠠᠷᠠᠤ ᠪᠠᠶᠢᠨ᠎ᠠ︖    — ᠭᠠ᠊᠄ ᠮᠠᠨ ᠤ ᠬᠥᠳᠡᠭᠡ ᠭᠡᠷ ᠬᠤᠰᠢᠭᠤᠨ ᠠᠴᠠ ᠳᠥᠷᠪᠡᠨ ᠵᠠᠭᠤᠨ ᠭᠠᠵᠠᠷ ᠤᠨ ᠵᠠᠶᠢᠲᠠᠢ᠂ ᠭᠡᠷᠭᠡᠢ ᠮᠠᠨᠢ ᠬᠤᠰᠢᠭᠤᠨ ᠳᠤ ᠬᠡᠥᠬᠡᠳ ᠢᠶᠠᠨ ᠲᠤᠳᠤᠮᠳᠠᠵᠤ ᠲᠤᠭᠤᠭ᠎ᠠ ᠶᠢ ᠨᠢ ᠪᠠᠷᠢᠳᠠᠭ᠃ ᠲᠡᠭᠡᠭᠡᠳ ᠬᠤᠰᠢᠭᠤ ᠬᠥᠳᠡᠭᠡ ᠶᠢᠨ ᠬᠤᠭᠤᠷᠤᠨᠳᠥ ᠲᠤᠵᠢ ᠳᠠᠭᠠᠨ ᠶᠠᠭᠠᠷᠠᠳᠬᠠᠨ ᠳᠠᠪᠬᠢᠨ᠎ᠠ᠃ ᠡᠬᠦᠨ ᠤ ᠲᠠᠭᠠᠤ ᠠᠳᠤᠭᠤᠨ ᠳᠤ ᠬᠠᠶᠢᠷᠠᠲᠠᠢ ᠤᠶᠠᠭᠠᠴᠢᠳ ᠤᠨ ᠢᠶᠠᠨ ᠡᠷᠬᠢᠮ ᠠᠯᠳᠠᠷ ᠲᠤ ᠰᠢᠲᠥᠵᠤ᠂ ︽ᠳᠥᠷᠪᠡᠳ ᠤᠨ ᠬᠤᠷᠳᠤᠨ ᠮᠤᠷᠢᠳ︾ ᠭᠡᠬᠦ ᠨᠤᠮ ᠪᠥᠲᠥᠭᠡᠬᠦ ᠵᠤᠷᠢᠯᠭ᠎ᠠ ᠪᠠᠷ ᠨᠤᠲᠤᠭ ᠤᠨ ᠠᠬᠠᠮᠠᠳ ᠤᠶᠠᠭᠠᠴᠢᠳ ᠢᠶᠠᠨ ᠰᠤᠷᠪᠤᠯᠵᠢᠯᠠᠵᠤ᠂ ᠵᠢᠷᠤᠭ ᠰᠡᠭᠦᠳᠡᠷ ᠴᠤᠭᠯᠠᠭᠤᠯᠬᠤ ᠵᠡᠷᠭᠡ ᠠᠵᠢᠯ ᠢᠶᠠᠨ ᠠᠮᠵᠢᠭᠤᠯᠵᠤ ᠶᠠᠪᠤᠨ᠎ᠠ᠃     — ᠰᠤ᠄ ᠰᠤᠷᠪᠤᠯᠵᠢᠯᠠᠭ᠎ᠠ ᠬᠥᠯᠢᠶᠡᠭᠰᠡᠨ ᠳᠤ ᠪᠠᠶᠠᠷᠯᠠᠯ᠎ᠠ᠃ ᠲᠠᠨ ᠳᠤ ᠥᠷᠭᠦᠯᠵᠢ ᠳᠡᠭᠡᠨ ᠠᠨᠳᠠ ᠶᠢᠨ ᠰᠠᠶᠢᠬᠠᠨ ᠲᠠᠢ ᠤᠴᠠᠷᠠᠵᠤ᠂ ᠠᠭᠲᠠ ᠶᠢᠨ ᠬᠤᠷᠳᠤᠨ ᠢᠪᠡᠭᠡᠬᠦ ᠪᠤᠯᠳᠤᠭᠠᠢ︕     — ᠭᠠ᠊᠄ ᠵᠠ᠂ ᠲᠠᠨ ᠳᠤ ᠪᠠᠶᠠᠷᠯᠠᠯ᠎ᠠ᠂ ᠨᠤᠮ ᠤᠨ ᠴᠠᠭᠠᠨ ᠪᠤᠶᠠᠨ ᠥᠷᠭᠦᠯᠵᠢ ᠳᠡᠭᠡᠨ ᠢᠪᠡᠭᠡᠬᠦ ᠪᠤᠯᠳᠤᠭᠠᠢ᠂ ᠪᠢᠷ ᠲᠠᠨᠢ ᠤᠷᠠᠨ᠂ ᠪᠢᠯᠢᠭ ᠲᠠᠨᠢ ᠤᠯᠠᠮ ᠬᠤᠷᠴᠠ ᠪᠤᠯᠲᠤᠭᠠᠢ ᠭᠡᠮᠡᠨ ᠢᠷᠥᠭᠡᠶ᠎ᠡ︕            ᠬᠠᠶᠢᠯᠠᠨ ᠱᠠᠩ ᠤᠨ ᠬᠤᠨᠭ᠍ᠭᠤᠷ ᠠᠳᠤᠭᠤ                   ᠥᠭᠡ᠄ ᠤᠰᠤᠷᠵᠠᠪ ᠤᠨ ᠭᠠᠨᠭ᠍ᠴᠢᠯᠠᠭᠤ                   ᠠᠶ᠎ᠠ᠄ ᠯᠤᠪᠰᠠᠩᠵᠠᠮᠰᠤ ᠶᠢᠨ ᠵᠤᠷᠢᠭᠲᠤᠪᠠᠭᠠᠳᠤᠷ                   ᠳᠠᠭᠤᠴᠢᠨ᠄ ᡀᠮᠤᠵᠠᠪ ᠤᠨ ᠨᠠᠷᠠᠨᠲᠤᠶᠠᠭ᠎ᠠ    ᠤᠭᠠᠯᠵᠠᠯᠠᠬᠤ ᠲᠤᠭᠤᠰᠤᠨ ᠳᠤ ᠨᠢ ᠵᠤᠯᠪᠤᠭ᠎ᠠ ᠰᠡᠷᠭᠦᠭᠰᠡᠨ    ᠤᠬᠠᠭᠠᠨᠲᠥ ᠮᠤᠩᠭᠤᠯ ᠤᠨ ᠠᠵᠢᠨᠠᠢ ᠬᠥᠯᠥᠭ ᠤᠳ    ᠤᠷᠠᠨ ᠤᠶᠠᠭᠠᠴᠢ ᠶᠢᠨ ᠡᠷᠳᠡᠮ ᠢᠶᠠᠷ ᠵᠢᠭᠦᠷᠯᠡᠭᠰᠡᠨ    ᠤᠷᠤᠯᠳᠤᠭᠠᠨ ᠪᠥᠬᠦᠨ ᠳᠤ ᠴᠤᠯᠠ ᠲᠠᠢ ᠬᠤᠷᠳᠥ ᠨᠤᠭᠤᠳ         ᠬᠠᠶᠢᠯᠠᠨ ᠱᠠᠩ ᠤᠨ ᠬᠤᠨᠭ᠍ᠭᠤᠷ ᠠᠳᠤᠭᠤ         ᠬᠠᠶᠢᠷᠠᠲᠠᠢ ᠨᠤᠲᠤᠭ ᠤᠨ ᠡᠷᠳᠡᠨᠢ ᠶᠢᠨ ᠬᠥᠯᠥᠭ ᠤᠳ         ᠬᠠᠮᠤᠭ ᠤᠨ ᠲᠥᠷᠥᠭᠦᠨ ᠳᠤ ᠬᠤᠷᠳᠤᠯᠠᠨ ᠲᠠᠪᠬᠢᠭᠠᠳ         ᠬᠠᠨᠠᠭᠠᠷ ᠲᠠᠯ᠎ᠠ ᠪᠠᠨ ᠬᠡᠶᠢᠮᠥᠷᠢᠯᠡᠭᠰᠡᠨ ᠬᠥᠯᠥᠭ ᠤᠳ    ᠰᠢᠷ᠎ᠠ ᠮᠥᠷᠡᠨ ᠰᠥᠮ᠎ᠡ ᠶᠢᠨ ᠱᠠᠩ ᠤᠨ ᠠᠳᠤᠭᠤ    ᠰᠠᠷ᠎ᠠ ᠶᠢᠨ ᠰᠦᠢᠯᠠᠭᠠᠨ ᠳᠤ ᠳᠠᠭᠠᠭᠠᠴᠠ ᠲᠠᠢ ᠬᠥᠯᠥᠭ ᠤᠳ    ᠰᠠᠯᠬᠢ ᠤᠷᠬᠢᠭᠰᠠᠨ ᠰᠤᠮᠤᠨ ᠳᠠᠪᠬᠢᠭ᠎ᠠ ᠲᠠᠢ    ᠰᠠᠶᠢᠬᠠᠨ ᠨᠠᠭᠠᠳᠤᠮ ᠤᠳ ᠤᠨ ᠴᠤᠤᠲᠠᠢ ᠮᠠᠩᠯᠠᠢ ᠨᠤᠭᠤᠳ          ᠳᠠᠬᠢᠯᠲᠠ     ᠴᠠᠬᠢᠭᠤᠷᠲᠥ ᠬᠤᠨᠭ᠍ᠭᠤᠷ ᠤᠨ ᠡᠮᠥᠨ᠎ᠡ ᠪᠡᠯ ᠢᠶᠠᠷ     ᠴᠠᠶᠢᠷᠠᠨ ᠪᠡᠯᠴᠢᠭᠰᠡᠨ ᠬᠤᠸᠠ ᠬᠤᠨᠭ᠍ᠭᠤᠷ ᠤᠳ     ᠽᠠᠨᠳᠠᠨ ᠲᠤᠭᠤᠷᠠᠢ ᠪᠠᠨ ᠴᠠᠪᠴᠢᠯᠠᠨ ᠬᠤᠷᠳᠤᠯᠠᠵᠤ     ᠽᠠᠮᠪᠦᠯᠢᠭ ᠳᠤ ᠭᠠᠶᠢᠬᠠᠭᠳᠠᠭᠰᠠᠨ ᠤᠮᠤᠭᠲᠥ ᠬᠥᠯᠥᠭ ᠤᠳ          ᠳᠠᠬᠢᠯᠲᠠ
 
ᠢᠷᠡᠯᠲᠡ᠄ ᠤᠯᠠᠭᠠᠴᠠᠪ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2