ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠡᠴᠦᠰ ᠤᠨ ᠢᠯᠠᠯᠳᠠ ᠶᠢ | ᠲᠡᠮᠡᠴᠡᠨ ᠤᠯᠬᠤ ᠳᠤ ᠤᠨᠢᠨ ᠲᠡᠭᠡᠷ᠎ᠡ ᠨᠢ ᠵᠦᠢ ᠵᠤᠬᠢᠰᠳᠠᠢ ᠠᠷᠭ᠎ᠠ ᠪᠤᠳᠤᠯᠭ᠎ᠠ ᠠᠪᠴᠦ᠂ ᠦᠨᠡᠨ ᠪᠤᠳᠠᠳᠠᠢ | ᠠᠵᠢᠯᠯᠠᠬᠤ ᠶᠠᠪᠤᠳᠠᠯ ᠪᠠᠴᠢᠮ ᠱᠠᠭᠠᠷᠳᠠᠭᠳᠠᠵᠤ ᠪᠤᠢ᠃ ᠦᠨᠡᠨ ᠪᠤᠳᠠᠳᠠᠢ ᠠᠵᠢᠯᠯᠠᠬᠤ ᠳᠤ ᠡᠭᠦᠷᠭᠡ ᠬᠠᠷᠠᠯᠳᠠ | ᠡᠷᠭᠡᠪᠰᠢ ᠲᠤᠳᠤᠷᠬᠠᠢ ᠪᠠᠶᠢᠬᠤ ᠴᠢᠬᠤᠯᠠ ᠲᠠᠢ᠃ ᠤᠳᠤᠬᠠᠨ ᠤ ᠬᠡᠷᠡᠭᠵᠢᠭᠦᠯᠵᠤ ᠪᠠᠶᠢᠭ᠎ᠠ ︽ᠬᠤᠶᠠᠷ ᠲᠤ ᠵᠤᠪᠠᠭ᠋ᠤ | ᠦᠭᠡᠢ᠂ ᠭᠤᠷᠪᠠ ᠶᠢᠨ ᠪᠠᠳᠤᠯᠠᠭ᠎ᠠ ᠲᠠᠢ ᠪᠤᠯᠭᠠᠬᠤ︾ ᠳᠤ ᠦᠨᠡᠨ ᠪᠤᠳᠠᠳᠠᠢ ᠠᠵᠢᠯᠯᠠᠵᠤ᠂ ᠪᠤᠳᠠᠳᠤ ᠦᠷ᠎ᠡ | ᠪᠦᠳᠦᠮᠵᠢ ᠶᠢ ᠨᠢ ᠦᠵᠡᠵᠤ᠂ ᠬᠢᠨᠠᠨ ᠬᠠᠷᠭᠤᠭᠤᠯᠬᠤ ᠠᠵᠢᠯ ᠤᠯᠠᠮ ᠲᠤᠯᠭᠠᠮ᠎ᠠ ᠱᠠᠭᠠᠷᠳᠠᠭᠳᠠᠨ᠎ᠠ᠃ ᠡᠭᠦᠨ ᠳᠤ᠂ | ᠪᠤᠳᠠᠳᠠᠢ ᠦᠷ᠎ᠡ ᠪᠦᠳᠦᠮᠵᠢ ᠲᠤᠤᠷ᠎ᠠ ᠪᠠᠶᠢᠨ᠎ᠠ ᠭᠡᠳ ᠶᠠᠳᠠᠭᠤ ᠠᠴᠠ ᠠᠩᠭᠢᠵᠢᠷᠠᠭᠤᠯᠬᠤ ᠬᠦᠷᠢᠶ᠎ᠡ ᠬᠡᠪᠴᠢᠶ᠎ᠡ ᠶᠢ | ᠲᠤᠷ᠎ᠠ ᠪᠠᠷ ᠢᠶᠠᠨ ᠦᠷᠭᠡᠳᠬᠡᠵᠤ ᠪᠤᠯᠬᠤ ᠦᠭᠡᠢ ᠪᠦᠭᠡᠳ ᠶᠠᠳᠠᠭᠤ ᠶᠢ ᠲᠡᠳᠬᠦᠬᠦ ᠤᠯᠤᠰ ᠤᠷᠤᠨ ᠤ ᠨᠢᠭᠡᠳᠦᠯᠳᠠᠢ | ᠪᠠᠷᠢᠮᠵᠢᠶ᠎ᠠ ᠱᠠᠭᠠᠷᠳᠠᠯᠭ᠎ᠠ ᠶᠢ ᠲᠤᠷ᠎ᠠ ᠪᠠᠷ ᠢᠶᠠᠨ ᠲᠡᠭᠡᠭᠰᠢᠯᠡᠭᠦᠯᠬᠦ ᠪᠤᠶᠤ ᠬᠦᠩᠭᠡᠷᠡᠭᠦᠯᠵᠤ ᠨᠡᠩ ᠪᠤᠯᠬᠤ ᠦᠭᠡᠢ ᠶᠤᠮ᠃ | ᠲᠠᠬᠢᠪᠠᠯ ᠦᠨᠡᠨ ᠪᠤᠳᠠᠳᠠᠢ ᠠᠵᠢᠯᠯᠠᠬᠤ ᠳᠤ ᠪᠠᠰᠠ ᠤᠨᠤᠴᠢ ᠲᠠᠢ ᠠᠷᠭ᠎ᠠ ᠮᠠᠶ᠋ᠢᠭ᠂ ᠬᠦᠯᠢᠴᠡᠩᠭᠦᠢ ᠠᠵᠢᠯ ᠤᠨ | ᠤᠪᠤᠷ ᠪᠠᠶᠢᠬᠤ ᠬᠡᠷᠡᠭᠳᠠᠢ᠃ ᠡᠭᠦᠨ ᠳᠤ ᠨᠡᠶᠢᠭᠡᠮ ᠤᠨ ᠡᠯ᠎ᠡ ᠡᠳᠡᠭᠡᠳ ᠠᠴᠠ ᠶᠠᠳᠠᠭᠤ ᠬᠦᠴᠢᠷ ᠲᠠᠢ ᠭᠠᠵᠠᠷ ᠤᠷᠤᠨ | ᠢ ᠬᠠᠪᠰᠤᠷᠤᠨ ᠲᠡᠳᠬᠦᠬᠦ ᠬᠦᠴᠦᠷᠭᠡᠭ ᠶᠡᠭᠡ ᠬᠠᠮᠳᠤᠷᠠᠯ ᠤᠨ ᠬᠦᠴᠦᠨ ᠬᠠᠷᠬᠠᠨ ᠪᠦᠷᠢᠯᠳᠦᠭᠡᠳᠦᠢ᠂ ᠠᠵᠦ ᠦᠢᠯᠡᠰ | ᠢᠶᠠᠷ ᠶᠠᠳᠠᠭᠤ ᠶᠢ ᠲᠡᠳᠬᠦᠬᠦ ᠠᠵᠢᠯ ᠤᠨ ᠲᠤᠭᠳᠠᠴᠠ ᠪᠦᠷᠢᠮᠦᠰᠦᠨ ᠲᠦᠷᠢᠮᠵᠡᠭᠡ ᠦᠭᠡᠢ ᠵᠡᠷᠭᠡ ᠠᠰᠠᠭᠤᠳᠠᠯ ᠢ | ᠬᠦᠴᠦᠯᠡᠨ ᠰᠢᠢᠳᠪᠦᠷᠢᠯᠡᠬᠦ ᠳᠤ ᠲᠦᠷᠦ ᠶᠢᠨ ᠪᠤᠳᠤᠯᠭ᠎ᠠ ᠮᠠᠰᠢ ᠴᠢᠬᠤᠯᠠ ᠪᠠᠶᠢᠵᠤ᠂ ᠶᠠᠳᠠᠭᠤ ᠶᠢ ᠲᠡᠳᠬᠦᠬᠦ | ᠺᠠᠳ᠋ᠷᠴᠤᠳ ᠲᠤ ᠲᠡᠰᠪᠦᠷᠢ ᠬᠦᠯᠢᠴᠡᠩᠭᠦᠢ ᠠᠵᠢᠯ ᠤᠨ ᠤᠪᠤᠷ ᠰᠤᠷᠳᠠᠯ ᠱᠠᠭᠠᠷᠳᠠᠭᠳᠠᠬᠤ ᠨᠢ ᠵᠠᠶᠢᠯᠠᠰᠢ ᠦᠭᠡᠢ ᠶᠤᠮ᠃ | ᠭᠤᠷᠪᠠ ᠳᠤ ᠦᠨᠡᠨ ᠪᠤᠳᠠᠳᠠᠢ ᠠᠵᠢᠯᠯᠠᠬᠤ ᠳᠤ ᠬᠠᠪᠰᠤᠷᠤᠨ ᠲᠡᠳᠬᠦᠬᠦ ᠺᠠᠳ᠋ᠷᠴᠤᠳ ᠲᠤᠰᠬᠤᠨ ᠭᠠᠴᠠᠭᠠᠨ ᠳᠤ | ᠰᠠᠭᠤᠵᠤ ᠠᠵᠢᠯᠯᠠᠭᠰᠠᠨ ᠨᠢᠭᠡᠳᠦᠭᠡᠷ ᠱᠦᠵᠢ ᠨᠠᠷ᠂ ᠠᠷᠠᠳ ᠤᠯᠠᠨ ᠳᠤ ᠦᠨᠡᠨ ᠰᠡᠳᠬᠢᠯ ᠠᠴᠠ ᠪᠠᠨ ᠬᠠᠨᠳᠤᠳᠠᠭ | ᠲᠠᠢ ᠪᠠᠨ ᠠᠳᠠᠯᠢ ᠪᠠᠷ ᠲᠡᠳᠡᠭᠡᠷ ︽ᠬᠠᠳᠠᠭᠠᠰᠤ︾ ᠡᠷᠦᠭᠡ᠂ ᠮᠤᠶᠢᠬᠤᠷᠯᠠᠳᠠᠭ ᠬᠦᠮᠦᠰ ᠲᠤ ᠡᠬᠡᠯᠢ ᠲᠠᠢ ᠬᠠᠨᠳᠤᠵᠤ᠂ | ᠲᠡᠳᠡᠨ ᠳᠤ ᠡᠷᠭᠡᠪᠰᠢ 1—2 ᠵᠦᠢᠯ ᠤᠨ ᠦᠨᠡᠨ ᠪᠤᠳᠠᠳᠠᠢ ᠠᠵᠢᠯ ᠶᠠᠪᠤᠳᠠᠯ ᠪᠦᠳᠦᠭᠡᠵᠤ ᠦᠭᠪᠡᠯ ᠵᠤᠬᠢᠨ᠎ᠠ᠃ | ᠬᠠᠷᠢᠨ ᠲᠡᠳᠡᠨ ᠲᠠᠢ ᠬᠠᠷᠭᠤᠵᠤ ︽ᠬᠠᠳᠠᠭᠠᠰᠤ︾ ᠮᠦᠷᠬᠦᠬᠦ ᠠᠴᠠ ᠵᠠᠶᠢᠯᠠᠰᠬᠢᠵᠤ᠂ ᠲᠡᠭᠡᠳᠤ ᠱᠠᠳᠤᠨ ᠳᠠᠭᠠᠨ ᠤᠳᠤ | ᠮᠠᠯᠵᠢᠬᠤ ᠤᠷᠤᠨ ᠳᠤ ᠶᠡᠷᠦᠨᠢ ᠵᠢᠷᠠ ᠲᠠᠯᠠᠭᠠᠳ ᠤᠨ ᠤ ᠬᠢ ᠰᠢᠭ ᠲᠡᠶᠢᠮᠦ ᠢᠳᠡᠵᠤ ᠡᠮᠦᠰᠬᠦ ᠳᠡᠭᠡᠨ ᠵᠦᠪ ᠦᠭᠡᠢ᠂ | ᠦᠨᠡᠨ ᠶᠠᠳᠠᠭᠤ ᠡᠷᠦᠭᠡ ᠦᠨᠳᠦᠰᠦᠨ ᠳᠡᠭᠡᠨ ᠦᠭᠡᠢ ᠪᠤᠯᠤᠭᠰᠠᠨ ᠬᠡᠵᠤ ᠮᠡᠳᠡᠭᠦᠯᠵᠤ ᠪᠠᠶᠢᠳᠠᠭ᠃ ᠡᠶᠢᠮᠤ | ᠬᠠᠯᠠᠰᠢᠷᠠᠵᠤ ᠬᠤᠶᠢᠷᠭᠤᠰᠢᠬᠤ ᠠᠵᠢᠯ ᠤᠨ ᠤᠪᠤᠷ ᠰᠤᠷᠳᠠᠯ ᠲᠠᠢ ᠪᠠᠶᠢᠵᠤ ᠶᠠᠭᠠᠬᠢᠭᠰᠠᠨ ᠴᠦ ᠪᠤᠯᠬᠤ ᠦᠭᠡᠢ ᠶᠤᠮ᠃ | ᠡᠶᠢᠮᠤ ᠠᠴᠠ ᠭᠠᠴᠠᠭᠠᠨ ᠳᠤ ᠰᠠᠭᠤᠭᠰᠠᠨ ᠺᠠᠳ᠋ᠷᠴᠤᠳ ᠢᠶᠠᠷ ᠪᠠᠷᠠᠬᠤ ᠦᠭᠡᠢ᠂ ᠲᠡᠭᠡᠳᠤ ᠱᠠᠳᠤᠨ ᠤ ᠠᠵᠢᠯᠯᠠᠬᠤ | ᠠᠩᠭᠢ ᠶᠢᠨ ᠬᠢᠨᠠᠯᠳᠠ ᠬᠠᠮᠢᠶᠠᠷᠤᠯᠳᠠ ᠶᠢ ᠴᠦ ᠡᠷᠭᠡᠪᠰᠢ ᠴᠢᠩᠭᠠᠳᠬᠠᠵᠤ᠂ ᠬᠡᠯᠪᠡᠷᠢ ᠶᠢᠨ ᠦᠵᠡᠯ᠂ ᠨᠤᠶᠠᠨᠴᠢ | ᠰᠤᠷᠳᠠᠯ ᠢ ᠡᠷᠡᠰ ᠵᠠᠯᠠᠷᠠᠭᠤᠯᠵᠤ᠂ ᠦᠨᠡᠨ ᠪᠤᠳᠠᠳᠠᠢ ᠠᠵᠢᠯᠯᠠᠵᠤ ᠦᠷ᠎ᠡ ᠪᠦᠳᠦᠮᠵᠢ ᠭᠠᠷᠭᠠᠬᠤ ᠦᠢᠯᠡᠳᠦᠯᠭᠡ ᠶᠢᠨ | ᠰᠢᠯᠭᠠᠯᠳᠠ ᠶᠢ ᠨᠠᠮ ᠤᠨ ᠬᠡᠰᠢᠭᠦᠨ ᠤᠳᠤᠷᠢᠳᠬᠤ ᠺᠠᠳ᠋ᠷᠴᠤᠳ ᠶᠠᠭᠤᠨ ᠤ ᠡᠮᠦᠨ᠎ᠡ ᠲᠠᠭᠠᠭᠠᠵᠤ ᠭᠠᠷᠤᠭᠰᠠᠨ ᠪᠠᠶᠢᠪᠠᠯ | ᠵᠤᠬᠢᠨ᠎ᠠ᠃ ᠦᠷ᠎ᠡ ᠪᠦᠳᠦᠮᠵᠢ ᠪᠤᠯ ᠦᠨᠡᠨ ᠪᠤᠳᠠᠳᠠᠢ ᠠᠵᠢᠯᠯᠠᠭᠰᠠᠨ ᠤ ᠴᠤᠷ ᠤᠨ ᠭᠠᠭᠴᠠ ᠬᠡᠷᠡᠴᠢ ᠪᠤᠯᠤᠨ᠎ᠠ᠃ | ᠲᠦᠷᠪᠡᠳ ᠬᠤᠰᠢᠭᠤ ᠨᠢᠳᠤᠨᠤᠨ ᠠᠴᠠ ᠡᠬᠢᠯᠡᠨ ︽ᠪᠦᠬᠦᠨ ᠢ ᠶᠠᠳᠠᠭᠤ ᠠᠴᠠ ᠠᠩᠭᠢᠵᠢᠷᠠᠭᠤᠯᠵᠤ ᠪᠠᠷᠢᠮᠵᠢᠶᠠᠨ ᠳᠤ | ᠬᠦᠷᠦᠭᠦᠯᠬᠦ︾ ᠲᠤᠰᠬᠠᠢ ᠠᠵᠢᠯᠯᠠᠭ᠎ᠠ ᠪᠠᠷ ᠲᠠᠮᠵᠢᠭᠠᠳ ᠵᠠᠷᠢᠮ ᠡᠷᠦᠭᠡ ᠳᠤ ᠬᠦᠷᠦᠭᠦᠯᠬᠦ ᠲᠦᠷᠦ ᠶᠢᠨ ᠪᠤᠳᠤᠯᠭ᠎ᠠ ᠶᠢ | ᠨᠡᠶᠢᠳᠡᠮ ᠪᠦᠷᠭᠦᠭᠦᠯᠦᠭᠰᠡᠨ ᠢᠶᠠᠷ ᠵᠦᠷᠢᠶ᠎ᠡ ᠲᠠᠢ ᠪᠠᠶᠢᠬᠤ᠂ ᠬᠦᠳᠡᠯᠮᠦᠷᠢᠯᠡᠬᠦ ᠴᠢᠳᠠᠪᠤᠷᠢ ᠲᠠᠢ ᠪᠠ ᠴᠢᠳᠠᠪᠤᠷᠢ ᠦᠭᠡᠢ | ᠶᠢᠨ ᠢᠯᠭᠠᠭ᠎ᠠ ᠶᠢ ᠲᠤᠳᠤᠷᠬᠠᠢ ᠲᠤᠭᠳᠠᠭᠠᠭᠰᠠᠨ ᠢᠶᠠᠷ ᠬᠦᠷᠦᠯᠴᠡᠭᠦ ᠦᠭᠡᠢ᠂ ᠲᠠᠩᠰᠠᠯᠠᠵᠤ ᠺᠠᠷᠲ᠋ᠠᠯᠠᠭᠰᠠᠨ ᠶᠠᠳᠠᠭᠤ | ᠬᠦᠴᠢᠷᠳᠠᠢ ᠡᠷᠦᠭᠡ ᠶᠢᠨ ᠨᠤᠷᠠᠬᠤ ᠠᠶᠤᠯᠳᠠᠢ ᠬᠡᠷ ᠪᠠᠶᠢᠰᠢᠩ ᠢ ᠪᠦᠬᠦᠨ ᠢ ᠦᠭᠡᠷᠡᠴᠢᠯᠡᠵᠤ ᠵᠠᠪᠳᠤᠭᠠᠳᠤᠢ ᠪᠠᠶᠢᠬᠤ᠂ | ᠶᠠᠳᠠᠭᠤ ᠬᠦᠴᠢᠷ ᠲᠠᠢ ᠲᠤᠰᠬᠤᠨ ᠭᠠᠴᠠᠭ᠎ᠠ ᠪᠠ ᠡᠷᠦᠭᠡ ᠶᠢ ᠪᠦᠬᠦᠨ ᠢ ᠴᠠᠬᠢᠯᠭᠠᠨ ᠬᠡᠷᠡᠭᠯᠡᠭᠡ ᠪᠠᠷ ᠪᠦᠷᠬᠦᠬᠦᠯᠵᠤ | ᠲᠡᠶᠢᠯᠦᠭᠡᠳᠦᠢ ᠪᠠᠶᠢᠬᠤ᠂ ᠶᠠᠳᠠᠭᠤ ᠬᠦᠴᠢᠷᠳᠠᠢ ᠬᠦᠮᠦᠨ ᠠᠮᠠ ᠶᠢᠨ ᠦᠨᠳᠦᠰᠦᠨ ᠡᠮᠨᠡᠯᠭᠡ ᠶᠢᠨ ᠬᠡᠷᠡᠭᠴᠡᠭᠡ ᠶᠢ | ᠪᠠᠳᠤᠯᠠᠬᠤ᠂ ᠭᠠᠴᠠᠭ᠎ᠠ ᠲᠤᠰᠬᠤᠨ ᠤ ᠡᠷᠡᠭᠦᠯ ᠬᠠᠮᠠᠭᠠᠯᠠᠯ ᠤᠨ ᠬᠤᠷᠢᠶ᠎ᠠ ︵ᠲᠠᠰᠤᠭ︶ ᠶᠢᠨ ᠲᠦᠭᠦᠭᠡᠷᠦᠮᠵᠢ᠂ | ᠠᠵᠢᠯᠳᠠᠨ᠂ ᠡᠮ ᠤᠨ ᠵᠦᠢᠯᠡᠰ ᠪᠠᠷᠢᠮᠵᠢᠶᠠᠨ ᠳᠤ ᠬᠦᠷᠦᠭᠡᠳᠦᠢ ᠪᠠᠶᠢᠬᠤ᠂ ᠲᠠᠩᠰᠠᠯᠠᠵᠤ ᠺᠠᠷᠲ᠋ᠠᠯᠠᠭᠰᠠᠨ ᠶᠠᠳᠠᠭᠤ | ᠬᠦᠴᠢᠷᠳᠡᠯᠳᠠᠢ ᠭᠡᠷ ᠪᠦᠯᠢ ᠶᠢᠨ ᠠᠯᠪᠠᠨ ᠵᠢᠷᠦᠮ ᠤᠨ ᠰᠤᠷᠭᠠᠨ ᠬᠦᠮᠦᠵᠢᠯ ᠤᠨ ᠱᠠᠳᠤᠨ ᠳᠠᠬᠢ ᠭᠡᠷ ᠲᠡᠭᠡᠨ | ᠬᠤᠴᠤᠷᠤᠭᠰᠠᠨ ᠦᠷ᠎ᠡ ᠬᠡᠤᠬᠡᠳ ᠤᠨ ᠰᠤᠷᠤᠯᠭ᠎ᠠ ᠲᠤᠷᠭᠤᠨ ᠵᠤᠭᠰᠤᠬᠤ ᠶᠢ ᠪᠦᠷᠢᠮᠦᠰᠦᠨ ᠬᠢᠵᠠᠭᠠᠷᠯᠠᠬᠤ | ᠪᠠᠶᠢᠭᠤᠯᠤᠯᠳᠠ ᠪᠠᠷᠢᠮᠵᠢᠶᠠᠨ ᠳᠤ ᠬᠦᠷᠦᠭᠡᠳᠦᠢ ᠪᠠᠶᠢᠬᠤ᠂ ᠲᠠᠬᠢᠪᠠᠯ ᠤᠯᠠᠩᠭᠢ ᠶᠠᠳᠠᠭᠤ ᠬᠦᠴᠢᠷᠳᠠᠢ ᠡᠷᠦᠭᠡ ᠨᠦᠭᠦᠳ | ᠡᠶᠢᠮᠤ ᠲᠡᠶᠢᠮᠤ ᠵᠢᠭᠡᠯᠡᠯᠭᠡ ᠪᠤᠶᠤ ᠦᠷ᠎ᠡ ᠰᠢᠷᠢ ᠶᠡᠭᠡ ᠲᠠᠢ ᠪᠠᠶᠢᠬᠤ ᠵᠡᠷᠭᠡ ᠠᠰᠠᠭᠤᠳᠠᠯ ᠬᠢᠭᠡᠳ ᠲᠤᠳᠠᠭᠤᠳᠠᠯ ᠲᠠᠢ | ᠲᠠᠯ᠎ᠠ ᠪᠠᠨ ᠪᠠᠶᠢᠴᠠᠭᠠᠨ ᠭᠠᠷᠭᠠᠵᠤ᠂ ᠴᠡᠭᠴᠡᠯᠡᠨ ᠵᠠᠯᠠᠷᠠᠭᠤᠯᠵᠤ᠂ ᠨᠦᠬᠦᠵᠤ ᠬᠠᠯᠠᠬᠤ᠂ ᠬᠢᠨᠠᠨ ᠬᠠᠷᠭᠤᠭᠤᠯᠵᠤ᠂ | ᠵᠤᠷᠪᠤᠰ ᠲᠠᠷᠠᠭᠠᠯᠠᠨ ᠪᠠᠷᠢᠮᠵᠢᠶᠠᠨ ᠳᠤ ᠬᠦᠷᠦᠭᠦᠯᠬᠦ ᠵᠡᠷᠭᠡ ᠠᠵᠢᠯ ᠢ ᠦᠨᠦ ᠵᠢᠯ ᠤᠨ ᠶᠠᠳᠠᠭᠤ ᠠᠴᠠ | ᠠᠩᠭᠢᠵᠢᠷᠠᠭᠤᠯᠵᠤ ᠪᠤᠭᠤᠮᠳᠠ ᠰᠢᠪᠳᠤᠯᠬᠤ ᠠᠵᠢᠯ ᠤᠨ ︽ᠪᠠᠬᠢᠯᠡᠯᠳᠡ ᠲᠠᠭᠠᠷᠢᠬᠤ︾ ᠲᠦᠷᠦᠭᠦᠦ ᠲᠠᠶᠢᠯᠠᠯᠳᠤᠭᠠᠨ | ᠢᠶᠠᠷ ᠲᠤᠭᠳᠠᠭᠠᠵᠤ᠂ ᠦᠷᠭᠡᠨ ᠤᠯᠠᠨ ᠨᠠᠮ ᠤᠨ ᠬᠡᠰᠢᠭᠦᠨ ᠤᠳᠤᠷᠢᠳᠬᠤ ᠺᠠᠳ᠋ᠷᠴᠤᠳ ᠲᠦᠷᠦᠭᠦᠯᠡᠨ᠂ ᠴᠠᠭ | ᠬᠤᠭᠤᠴᠠᠭ᠎ᠠ ᠲᠠᠢ ᠡᠭᠦᠷᠭᠡ ᠬᠠᠷᠢᠭᠤᠴᠠᠯᠭ᠎ᠠ ᠶᠢᠨ ᠪᠠᠶᠢᠷᠢᠯᠠᠭᠤᠯᠤᠯᠳᠠ ᠬᠢᠵᠤ᠂ ᠺᠠᠳ᠋ᠷ᠂ ᠪᠡᠯᠡ ᠮᠦᠩᠭᠦ᠂ ᠮᠡᠷᠭᠡᠵᠢᠯ | ᠤᠨ ᠬᠦᠴᠦᠨ ᠪᠠ ᠲᠦᠷᠦᠯ ᠵᠦᠢᠯ ᠤᠨ ᠬᠦᠴᠦᠨ ᠢᠶᠠᠨ ᠶᠠᠳᠠᠭᠤ ᠶᠢ ᠲᠡᠳᠬᠦᠵᠤ ᠪᠠᠷᠢᠮᠵᠢᠶᠠᠨ ᠳᠤ ᠬᠦᠷᠦᠭᠦᠯᠬᠦ | ᠡᠮᠤᠨ᠎ᠡ ᠹᠷᠤᠨᠲ ᠲᠤ ᠲᠦᠪᠯᠡᠷᠡᠭᠦᠯᠦᠨ ᠨᠠᠶᠢᠳᠠᠪᠤᠷᠢᠵᠢᠭᠤᠯᠵᠤ ᠡᠬᠢᠯᠡᠭᠰᠡᠨ ᠪᠠᠶᠢᠨ᠎ᠠ᠃ ᠡᠨᠡ ᠨᠢ ᠲᠤᠰ ᠬᠤᠰᠢᠭᠤᠨ ᠤ | ᠶᠠᠳᠠᠭᠤ ᠶᠢ ᠲᠡᠳᠬᠦᠵᠤ ᠪᠤᠭᠤᠮᠳᠠ ᠰᠢᠪᠳᠤᠯᠬᠤ ᠲᠠᠶᠢᠯᠠᠯᠳᠤᠭᠠᠨ ᠳᠤ ᠬᠠᠳᠠᠭᠤ ᠤᠪᠤᠷ ᠢᠶᠠᠷ ᠬᠠᠨᠳᠤᠵᠤ ᠦᠨᠡᠨ | ᠪᠤᠳᠠᠳᠠᠢ ᠠᠵᠢᠯᠯᠠᠵᠤ᠂ ᠦᠷ᠎ᠡ ᠪᠦᠳᠦᠮᠵᠢ ᠤᠯᠬᠤ ᠵᠤᠷᠢᠭ ᠰᠢᠢᠳᠪᠦᠷᠢ ᠶᠢ ᠬᠠᠷᠠᠭᠤᠯᠤᠭᠰᠠᠨ ᠤᠷᠤᠭᠰᠢᠳᠠᠢ ᠨᠢᠭᠡ | ᠠᠯᠬᠤᠮ ᠪᠤᠯᠬᠤ ᠶᠤᠮ᠃ | ᠶᠠᠳᠠᠭᠤ ᠶᠢ ᠲᠡᠳᠬᠦᠵᠤ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ | ᠡᠴᠦᠰ ᠤᠨ ᠢᠯᠠᠯᠳᠠ ᠶᠢ ᠲᠡᠮᠡᠴᠡᠨ ᠤᠯᠬᠤ ᠴᠠᠭ ᠬᠤᠭᠤᠴᠠᠭ᠎ᠠ ᠶᠠᠪᠤᠬᠤ ᠲᠤᠳᠤᠮ ᠪᠠᠴᠢᠮ ᠲᠤᠯᠭᠠᠮ᠎ᠠ ᠪᠤᠯᠤᠭᠰᠠᠨ | ᠡᠷᠡᠨ ᠳᠤ᠂ ᠶᠠᠳᠠᠭᠤ ᠠᠴᠠ ᠪᠦᠷᠢᠮᠦᠰᠦᠨ ᠠᠩᠭᠢᠵᠢᠷᠠᠭᠤᠯᠬᠤ ᠪᠠᠷᠢᠮᠵᠢᠶᠠᠨ ᠳᠤ ᠬᠦᠷᠦᠭᠦᠯᠬᠦ ᠠᠵᠢᠯ ᠡᠭᠦᠷᠭᠡ ᠤᠯᠠᠮ | ᠬᠦᠨᠳᠦᠷᠡᠵᠤ᠂ ᠤᠯᠠᠮ ᠨᠠᠷᠢᠨ ᠪᠤᠳᠤᠯᠢᠶᠠᠨᠳᠠᠢ᠂ ᠤᠯᠠᠮ ᠬᠦᠴᠢᠷ ᠲᠦᠪᠡᠭ ᠲᠠᠢ ᠪᠤᠯᠵᠤ᠂ ᠤᠯᠠᠮ ᠢᠯᠡᠭᠦᠦ ᠦᠨᠡᠨ | ᠪᠤᠳᠠᠳᠠᠢ ᠠᠵᠢᠯᠯᠠᠬᠤ ᠶᠢ ᠱᠠᠭᠠᠷᠳᠠᠬᠤ ᠪᠤᠯᠤᠭᠰᠠᠨ ᠪᠠᠶᠢᠨ᠎ᠠ᠃ ᠡᠶᠢᠮᠦ ᠠᠴᠠ ᠨᠠᠮ ᠤᠨ ᠬᠡᠰᠢᠭᠦᠨ ᠤᠳᠤᠷᠢᠳᠬᠤ | ᠺᠠᠳ᠋ᠷᠴᠤᠳ ︽ᠲᠦᠷᠪᠡᠨ ᠤᠬᠠᠮᠰᠠᠷ︾ ᠢᠶᠠᠨ ᠲᠡᠭᠡᠭᠰᠢᠯᠡᠭᠦᠵᠤ᠂ ︽ᠲᠦᠷᠪᠡᠨ ᠢᠳᠡᠭᠡᠯ︾ ᠢᠶᠠᠨ ᠪᠠᠳᠤᠳᠬᠠᠨ᠂ ︽ | ᠬᠤᠶᠠᠷ ᠢ ᠬᠦᠷᠢᠶᠡᠯᠡᠬᠦ︾ ᠭᠤᠤᠯᠳᠠᠯᠭ᠎ᠠ ᠶᠢᠨ ᠲᠤᠭᠤᠷᠢᠨ ᠳᠤ ᠡᠭᠦᠷᠭᠡ ᠬᠠᠷᠢᠭᠤᠴᠠᠯᠭ᠎ᠠ ᠪᠠᠨ ᠵᠤᠷᠢᠭᠳᠠᠢ | ᠡᠭᠦᠷᠭᠡᠯᠡᠵᠤ᠂ ᠦᠨᠡᠨ ᠪᠤᠳᠠᠳᠠᠢ ᠠᠵᠢᠯᠯᠠᠵᠤ᠂ ᠦᠷ᠎ᠡ ᠪᠦᠳᠦᠮᠵᠢ ᠭᠠᠷᠭᠠᠳᠠᠭ ᠯᠡ ᠶᠤᠮ ᠪᠤᠯ ᠶᠠᠳᠠᠭᠤ ᠠᠴᠠ | ᠠᠩᠭᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠡᠴᠦᠰ ᠤᠨ ᠢᠯᠠᠯᠳᠠ ᠶᠢ ᠲᠡᠮᠡᠴᠡᠨ ᠤᠯᠬᠤ ᠨᠢ | ᠵᠠᠶᠢᠯᠠᠰᠢ ᠦᠭᠡᠢ ᠶᠤᠮ᠃ | | ᠢᠷᠡᠯᠳᠡ᠄ ᠤᠯᠠᠭᠠᠨᠴᠠᠪ ᠤᠨ ᠡᠳᠦᠷ ᠤᠨ ᠰᠤᠨᠢᠨ | ᠰᠤᠷᠪᠤᠯᠵᠢᠯᠠᠭᠴᠢ᠄ ᠷᠢᠨ᠊᠂ ᠰᠤᠳᠨᠠᠮ |