ᠵᠠᠬ᠎ᠠ ᠲᠡᠯᠭᠡᠭᠦᠷ ᠤᠨ ᠠᠵᠤ ᠠᠬᠤᠢ ᠶᠢᠨ ᠬᠦᠭᠵᠢᠯᠳᠡ ᠶᠢ ᠲᠠᠭᠠᠯᠳᠤᠨ ᠲᠦᠷᠪᠡᠳ ᠬᠤᠰᠢᠭᠤᠨ ᠤ ᠭᠠᠷ | ᠤᠷᠠᠴᠤᠳ ︽ᠬᠤᠷᠤᠭᠤᠨ ᠤ ᠡᠷᠳᠡᠮ︾ ᠤᠨ ᠬᠤᠷᠤᠭᠤᠨ ᠤ ᠠᠵᠤ ᠦᠢᠯᠡᠰ ᠪᠤᠯᠭᠠᠨ ᠬᠤᠪᠢᠷᠠᠭᠤᠯᠤᠭᠠᠳ ᠯᠤᠳᠤ | ᠶᠡᠭᠡ ᠠᠵᠤ ᠠᠬᠤᠢ ᠶᠢᠨ ᠦᠷ᠎ᠡ ᠠᠰᠢᠭ ᠪᠠ ᠨᠡᠶᠢᠭᠡᠮ ᠤᠨ ᠦᠷ᠎ᠡ ᠠᠰᠢᠭ ᠡᠭᠦᠳᠴᠦ᠂ ᠦᠪᠡᠷᠰᠡᠳ ᠢᠶᠠᠨ | ᠲᠦᠷᠦᠭᠦᠯᠡᠨ ᠪᠠᠶᠠᠵᠢᠭᠰᠠᠨ ᠢᠶᠠᠷ ᠪᠠᠷᠠᠬᠤ ᠦᠭᠡᠢ ᠲᠤᠰ ᠭᠠᠵᠠᠷ ᠤᠷᠤᠨ ᠤ ᠪᠠᠨ ᠶᠠᠳᠠᠭᠤ ᠶᠢ ᠲᠡᠳᠬᠦᠵᠤ᠂ ᠶᠠᠳᠠᠭᠤ | ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠬᠠᠳᠠᠭᠤᠵᠢᠯᠳᠠᠢ ᠲᠠᠶᠢᠯᠠᠯᠳᠤᠭᠠᠨ ᠳᠤ ᠢᠳᠡᠪᠬᠢᠯᠡᠨ ᠤᠷᠤᠯᠴᠠᠵᠤ᠂ | ᠴᠢᠬᠤᠯᠠ ᠶᠡᠭᠡ ᠠᠬᠢᠭᠤᠯᠬᠤ ᠦᠢᠯᠡᠳᠦᠯ ᠦᠵᠡᠭᠦᠯᠬᠦ ᠪᠤᠯᠤᠭᠰᠠᠨ ᠪᠠᠶᠢᠨ᠎ᠠ᠃ | ᠰᠤᠷᠪᠤᠯᠵᠢᠯᠠᠭᠴᠢ ᠶᠢᠨ ᠲᠦᠭᠦᠮᠭᠡᠨ ᠤᠶᠢᠯᠠᠭᠠᠭᠰᠠᠨ ᠢᠶᠠᠷ᠂ ᠬᠤᠰᠢᠭᠤᠨ ᠲᠦᠪ ᠤᠯᠠᠭᠠᠨᠬᠤᠸᠠ ᠪᠠᠯᠭᠠᠰᠤ ᠪᠠ | ᠵᠠᠷᠢᠮ ᠰᠤᠮᠤ ᠰᠢᠶᠠᠩ ᠢᠶᠠᠷ ᠰᠠᠭᠤᠭ᠎ᠠ ᠨᠡᠷᠡᠳᠦ ᠠᠯᠳᠠ ᠮᠦᠩᠭᠦᠨ ᠤ ᠲᠠᠷᠬᠠᠨ᠂ ᠮᠤᠳᠤᠨ ᠲᠠᠷᠬᠠᠨ ᠪᠠ ᠲᠡᠮᠦᠷ ᠤᠨ | ᠲᠠᠷᠬᠠᠨ᠂ ᠨᠡᠷᠡᠳᠦ ᠮᠤᠩᠭᠤᠯ ᠬᠢᠳᠠᠳ ᠤᠶᠤᠳᠠᠯᠴᠢᠨ᠂ ᠰᠡᠭᠦᠳᠡᠷᠯᠡᠭᠴᠢ᠂ ᠵᠢᠷᠤᠭᠯᠠᠭᠴᠢ ᠨᠠᠷ ᠪᠠ ᠡᠯ᠎ᠡ ᠨᠡᠶᠢᠭᠡᠮ | ᠲᠤᠭᠤᠷᠢᠭ ᠲᠤᠰᠬᠤᠨ ᠭᠠᠴᠠᠭᠠᠨ ᠤ ᠬᠦᠳᠡᠯᠮᠦᠷᠢᠴᠢᠨ ᠡᠮᠡᠭᠳᠠᠶᠢᠴᠤᠳ ᠢᠶᠠᠷ ᠪᠦᠷᠢᠯᠳᠦᠭᠰᠡᠨ ᠨᠡᠭᠡᠮᠡᠯ᠂ ᠬᠠᠳᠬᠤᠮᠠᠯ᠂ | ᠬᠠᠶᠢᠴᠢᠯᠠᠮᠠᠯ᠂ ᠰᠦᠯᠵᠢᠮᠡᠯ ᠤᠨ ᠭᠠᠷ ᠤᠷᠠᠴᠤᠳ᠂ ᠮᠤᠩᠭᠤᠯ ᠵᠠᠩ ᠦᠢᠯᠡ ᠶᠢᠨ ᠨᠡᠶᠢᠭᠡᠮᠯᠢᠭ ᠪᠠ ᠬᠤᠰᠢᠭᠤᠨ ᠤ | ᠦᠨᠳᠦᠰᠦᠳᠡᠨ ᠤ ᠭᠠᠷ ᠤᠷᠠᠯᠠᠯ ᠤᠨ ᠦᠢᠯᠡᠰ ᠪᠦᠳᠦᠭᠡᠬᠦ ᠬᠦᠷᠢᠶᠡᠯᠡᠩ ᠲᠤᠭᠤᠷᠢᠭ ᠤᠨ ᠠᠷᠠᠰᠤ᠂ ᠰᠢᠷᠢ᠂ ᠰᠤᠷ | ᠡᠳ᠋ᠯᠠᠯ᠂ ᠭᠠᠤᠯᠢ ᠵᠡᠰ ᠡᠳ᠋ᠯᠡᠯ᠂ ᠢᠰᠡᠭᠡᠢ ᠤᠷᠠᠯᠠᠯ᠂ ᠦᠨᠳᠦᠰᠦᠨ ᠨᠤᠤᠰᠤᠨ ᠤᠷᠠᠯᠠᠯ᠂ ᠶᠠᠰᠤᠨ ᠤᠷᠠᠯᠠᠯ᠂ ᠬᠠᠴᠢᠨ | ᠴᠢᠯᠠᠭᠤᠨ ᠤᠷᠠᠯᠠᠯ᠂ ᠰᠢᠪᠠᠷ ᠪᠠᠷᠢᠮᠠᠯ ᠤᠨ ᠤᠷᠠᠯᠠᠯ ᠤᠨ ᠭᠠᠷ ᠤᠷᠠᠴᠤᠳ᠂ ᠤᠳᠤᠯᠳᠤᠯᠭᠠ ᠴᠢᠷᠮᠠᠶᠢᠯᠭ᠎ᠠ ᠲᠠᠢ | ᠶᠠᠳᠠᠭᠤ ᠬᠦᠴᠢᠷᠳᠠᠢ ᠬᠦᠮᠦᠰ ᠢ ᠱᠠᠪᠢ ᠪᠤᠯᠭᠠᠨ ᠡᠯᠰᠡᠵᠤ᠂ ᠵᠤᠬᠢᠬᠤ ᠴᠠᠯᠢᠩ ᠬᠦᠯᠦᠰᠦ ᠤᠯᠭᠤᠵᠤ ︵ᠵᠠᠷᠢᠮ ᠱᠠᠪᠢ | ᠨᠠᠷ 3000 ᠲᠦᠭᠦᠷᠢᠭ᠂ ᠪᠠᠭ᠎ᠠ ᠳᠠᠭᠠᠨ 1500 ᠲᠦᠭᠦᠷᠢᠭ ᠤᠯᠵᠤ᠂ ᠠᠯᠪᠠᠨ ᠪᠠᠶᠢᠭᠤᠯᠤᠯᠭ᠎ᠠ ᠶᠢᠨ ᠡᠭᠦᠳᠡ | ᠬᠠᠷᠠᠵᠤ᠂ ᠠᠰᠠᠷ ᠴᠡᠪᠡᠷᠯᠡᠬᠦ ᠠᠴᠠ ᠢᠯᠡᠭᠦᠦ ᠤᠯᠵᠤ ᠪᠤᠢ︶᠂ ᠬᠤᠷᠤᠭᠤᠨ ᠤ ᠡᠷᠳᠡᠮ ᠢᠶᠠᠨ ᠤᠯᠠᠮᠵᠢᠯᠠᠭᠠᠳ | ᠶᠠᠳᠠᠭᠤ ᠠᠴᠠ ᠠᠩᠭᠢᠵᠢᠷᠠᠬᠤ ᠵᠤᠷᠢᠭ ᠬᠦᠰᠡᠯ ᠢ ᠨᠢ ᠲᠠᠶᠢᠴᠢᠯᠠᠨ ᠪᠠᠳᠠᠷᠠᠭᠤᠯᠬᠤ ᠪᠤᠯᠵᠠᠢ᠃ ᠬᠤᠰᠢᠭᠤᠨ ᠤ ᠲᠤᠭ᠎ᠠ | ᠪᠦᠷᠢᠳᠬᠡᠯ ᠤᠨ ᠬᠠᠮᠢᠶᠠᠳᠠᠢ ᠮᠡᠷᠭᠡᠵᠢᠯᠳᠡᠳ ᠤᠨ ᠵᠢᠱᠢᠯᠳᠡ ᠠᠴᠠ ᠦᠵᠡᠬᠦ ᠳᠤ ᠤᠯᠠᠭᠠᠨᠬᠤᠸᠠ ᠪᠠᠯᠭᠠᠰᠤ ᠪᠠᠷ ᠭᠤᠤᠯ | ᠰᠠᠭᠤᠷᠢᠨ ᠪᠤᠯᠭᠠᠭᠰᠠᠨ ᠠᠳᠡᠬᠢ ᠭᠠᠷ ᠤᠷᠠᠴᠤᠳ 40 ᠵᠢᠯ ᠤᠨ ᠡᠮᠦᠨᠡᠬᠢ 10 ᠭᠠᠷᠤᠶᠢᠬᠠᠨ ᠬᠦᠮᠦᠨ ᠪᠠᠶᠢᠭᠰᠠᠨ | ᠠᠴᠠ ᠤᠳᠤ ᠶᠢᠨ 500 ᠭᠠᠷᠤᠢ ᠡᠷᠦᠭᠡ ᠳᠤ ᠬᠦᠷᠴᠦ᠂ ᠡᠭᠦᠨ ᠳᠤ 55% ᠨᠢ ᠮᠤᠩᠭᠤᠯ ᠤᠷᠠᠴᠤᠳ᠂ 30% | ᠨᠢ ᠬᠢᠳᠠᠳ ᠤᠷᠠᠴᠤᠳ᠂ 15% ᠨᠢ ᠵᠡᠮᠳᠡᠭ ᠭᠠᠷ ᠤᠷᠠᠴᠤᠳ ᠪᠠᠶᠢᠵᠤ᠂ ᠲᠤᠮᠳᠠᠳᠤ ᠰᠤᠷᠭᠠᠭᠤᠯᠢ ᠠᠴᠠ | ᠲᠡᠭᠡᠭᠰᠢᠭᠢ ᠰᠤᠶᠤᠯ ᠤᠨ ᠬᠡᠮᠵᠢᠶ᠎ᠡ ᠲᠠᠢ 78% ᠳᠤ ᠬᠦᠷᠴᠦ ᠪᠠᠶᠢᠭ᠎ᠠ ᠪᠠ ᠨᠡᠷᠡᠳᠤ ᠮᠦᠩᠭᠦᠨ ᠲᠠᠷᠬᠠᠨ ᠪᠠᠶᠢᠭ᠎ᠠ | ᠪᠢᠮᠪᠠ ᠶᠢᠨ ᠲᠠᠭᠠᠭᠤᠯᠭ᠎ᠠ ᠲᠤᠤᠷ᠎ᠠ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠨ ᠵᠠᠯᠭᠠᠮᠵᠢᠯᠠᠭᠴᠢ ᠵᠠᠯᠭ᠎ᠠ | ᠪᠠᠷ ᠭᠠᠷᠴᠦ ᠪᠠᠶᠢᠭ᠎ᠠ ᠨᠢ ᠠᠳᠡᠬᠢ ᠭᠠᠷ ᠤᠷᠠᠴᠤᠳ ᠤᠨ ᠠᠵᠤ ᠦᠢᠯᠡᠰ ᠤᠨ ᠬᠦᠭᠵᠢᠯᠳᠡ ᠶᠢᠨ ᠢᠷᠡᠭᠡᠳᠦᠢ | ᠰᠠᠷᠠᠭᠤᠯ ᠲᠠᠷᠳᠠᠩ ᠪᠠᠶᠢᠭ᠎ᠠ ᠶᠢ ᠬᠠᠷᠠᠭᠤᠯᠵᠤ ᠪᠤᠢ᠃ ᠤᠳᠤ ᠠᠳᠡᠬᠢ 300 ᠭᠠᠷᠤᠢ ᠤᠷᠠᠴᠤᠳ ᠴᠦᠭᠡᠨ ᠳᠡᠭᠡᠨ | 1— 3 ᠨᠡᠷ᠎ᠡ ᠱᠠᠪᠢ ᠲᠠᠭᠠᠭᠤᠯᠬᠤ ᠪᠤᠯᠤᠭᠰᠠᠨ ᠠᠴᠠ ᠡᠳᠡᠭᠡᠷ ᠬᠤᠷᠤᠭᠤᠨ ᠤ ᠡᠷᠳᠡᠮᠳᠡᠳ ᠠᠴᠠ ᠤᠷ᠎ᠠ ᠮᠡᠷᠭᠡᠵᠢᠯ | ᠰᠤᠷᠴᠦ ᠪᠠᠶᠢᠭ᠎ᠠ ᠱᠠᠪᠢ ᠨᠠᠷ 1000 ᠭᠠᠷᠤᠢ ᠬᠦᠮᠦᠨ ᠤᠳᠠᠭ᠎ᠠ ᠳᠤ ᠬᠦᠷᠴᠦ᠂ ᠡᠭᠦᠨ ᠳᠤ ᠡᠯ᠎ᠡ ᠲᠦᠷᠦᠯ ᠤᠨ | ᠤᠷ᠎ᠠ ᠮᠡᠷᠭᠡᠵᠢᠯ ᠤᠨ ᠲᠤᠰᠬᠠᠢ ᠪᠤᠯᠪᠠᠰᠤᠷᠠᠯ ᠬᠦᠷᠳᠡᠭᠰᠡᠨ ᠱᠠᠪᠢ ᠨᠠᠷ 300 ᠭᠠᠷᠤᠢ ᠪᠤᠯᠵᠤ᠂ ᠤᠯᠠᠩᠭᠢ ᠨᠢ | ᠦᠪᠡᠷᠰᠡᠳ ᠢᠶᠠᠨ ᠠᠵᠢᠯ ᠦᠢᠯᠡᠰ ᠪᠤᠰᠬᠠᠵᠤ᠂ ᠬᠤᠷᠤᠭᠤᠨ ᠤ ᠡᠷᠳᠡᠮ ᠢᠶᠠᠨ ᠬᠤᠷᠤᠭᠤᠨ ᠤ ᠠᠵᠤ ᠦᠢᠯᠡᠰ | ᠪᠤᠯᠭᠠᠨ ᠪᠠᠶᠠᠵᠢᠬᠤ ᠵᠠᠮ ᠳᠠᠭᠠᠨ ᠤᠷᠤᠭᠰᠠᠨ ᠪᠠᠶᠢᠨ᠎ᠠ᠃ ᠡᠭᠦᠨ ᠳᠤ ᠲᠤᠷᠠᠳᠤᠯᠳᠠᠢ ᠨᠢ᠂ ᠲᠦᠷᠪᠡᠳ ᠬᠤᠰᠢᠭᠤ | ᠡᠳᠡᠭᠡᠷ ᠭᠠᠷ ᠤᠷᠠᠴᠤᠳ ᠤᠨ ᠢᠶᠠᠨ ᠵᠠᠬ᠎ᠠ ᠲᠡᠯᠭᠡᠭᠦᠷ ᠲᠤ ᠤᠷᠤᠬᠤ ᠠᠵᠢᠯᠯᠠᠭ᠎ᠠ ᠶᠢ ᠶᠡᠭᠡ ᠪᠠᠷ ᠲᠠᠮᠵᠢᠵᠤ᠂ ᠨᠠᠮ | ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢᠬᠢ 5 ᠵᠢᠯ ᠳᠤ 1000 ᠭᠠᠷᠤᠢ ᠲᠦᠮᠡᠨ ᠲᠦᠭᠦᠷᠢᠭ ᠤᠨ | ᠪᠡᠯᠡ ᠤᠷᠤᠭᠤᠯᠵᠤ᠂ ᠭᠤᠸᠠᠩᠵᠸᠤ ᠬᠠᠨᠭ᠍ᠵᠸᠤ ᠵᠡᠷᠭᠡ ᠬᠦᠭᠵᠢᠭᠰᠡᠨ ᠤᠷᠤᠨ ᠤ ᠬᠤᠯᠪᠤᠭᠳᠠᠯ ᠪᠦᠬᠦᠢ ᠺᠤᠮᠫᠠᠨᠢ ᠪᠠ | ᠭᠠᠷ ᠤᠷᠠᠯᠠᠯ ᠤᠨ ᠠᠵᠤ ᠠᠬᠤᠶᠢᠯᠠᠯ ᠲᠠᠢ ᠬᠦᠨᠳᠡᠯᠡᠨ ᠬᠤᠯᠪᠤᠭᠠᠯᠠᠭᠰᠠᠨ ᠪᠤᠳᠠᠰ ᠤᠨ ᠪᠤᠰᠤ ᠰᠤᠶᠤᠯ ᠪᠠ | ᠦᠨᠳᠦᠰᠦᠳᠡᠨ ᠤ ᠭᠠᠷ ᠤᠷᠠᠯᠠᠯ ᠤᠨ ᠦᠢᠯᠡᠳᠪᠦᠷᠢᠯᠡᠯ᠂ ᠪᠤᠷᠤᠯᠠᠭᠤᠯᠭ᠎ᠠ ᠶᠢ ᠨᠢᠭᠡ ᠴᠤᠭᠴᠠᠵᠢᠭᠤᠯᠤᠭᠰᠠᠨ ᠭᠠᠷ | ᠤᠷᠠᠴᠤᠳ ᠤᠨ ᠠᠵᠤ ᠦᠢᠯᠡᠰ ᠤᠨ ᠬᠡᠯᠬᠢᠶᠡᠵᠢᠯ ᠢ ᠪᠤᠢ ᠪᠤᠯᠭᠠᠵᠤ᠂ ᠪᠦᠬᠦ ᠬᠤᠰᠢᠭᠤᠨ ᠤ ᠭᠠᠷ ᠤᠷᠠᠯᠠᠯ ᠤᠨ | ᠪᠦᠳᠦᠭᠡᠭᠳᠡᠭᠦᠨ ᠤ ᠨᠡᠮᠡᠯᠳᠡ ᠦᠷᠳᠡᠭ ᠨᠢ ᠵᠠᠬ᠎ᠠ ᠲᠡᠯᠭᠡᠭᠦᠷ ᠤᠨ ᠦᠷᠢᠰᠦᠯᠳᠦᠭᠡᠨ ᠤ ᠬᠦᠴᠦᠨ ᠢ ᠢᠯᠡᠳᠳᠡ | ᠲᠡᠭᠡᠭᠰᠢᠯᠡᠭᠦᠯᠵᠤ᠂ ᠲᠤᠰ ᠭᠠᠵᠠᠷ ᠤᠷᠤᠨ ᠤ ᠢᠶᠠᠨ ᠨᠡᠭᠦᠳᠡᠯ ᠮᠠᠯᠵᠢᠬᠤ ᠰᠤᠶᠤᠯ ᠤᠨ ᠤᠨᠴᠠᠯᠢᠭ ᠲᠠᠢ ᠲᠦᠷᠪᠡᠨ | ᠤᠯᠠᠷᠢᠯ ᠤᠨ ᠵᠤᠭᠠᠴᠠᠯ ᠰᠤᠶᠤᠯ ᠤᠨ ᠠᠵᠤ ᠦᠢᠯᠡᠰ ᠲᠠᠢ ᠤᠶᠠᠯᠳᠤᠭᠤᠯᠤᠨ ᠨᠡᠩ ᠤᠯᠠᠨ ᠬᠦᠮᠦᠰ ᠢ ᠲᠠᠶᠢᠴᠢᠯᠠᠨ᠂ | ᠶᠠᠳᠠᠭᠤ ᠶᠢ ᠲᠡᠳᠬᠦᠬᠦ ᠦᠨᠳᠦᠰᠦᠨ ᠪᠠᠶᠢᠭᠤᠯᠤᠯᠳᠠ ᠳᠤ ᠤᠷᠤᠯᠴᠠᠭᠤᠯᠵᠤ᠂ ᠦᠪᠡᠷᠰᠡᠳ ᠤᠨ ᠪᠤᠳᠠᠳᠤ ᠴᠢᠷᠮᠠᠶᠢᠯᠭ᠎ᠠ | ᠪᠠᠷ ᠢᠶᠠᠨ ᠦᠢᠯᠡᠰ ᠪᠤᠰᠬᠠᠨ ᠠᠵᠢᠯ ᠤᠯᠭᠤᠯᠳᠠ ᠶᠢᠨ ᠵᠠᠮ ᠢ ᠦᠷᠭᠡᠳᠬᠡᠵᠤ᠂ ᠶᠠᠳᠠᠭᠤ ᠠᠴᠠ ᠠᠩᠭᠢᠵᠢᠷᠠᠭᠤᠯᠬᠤ | ᠪᠤᠭᠤᠮᠳᠠ ᠰᠢᠪᠳᠤᠯᠬᠤ ᠪᠠᠶᠢᠭᠤᠯᠤᠯᠳᠠ ᠶᠢᠨ ᠡᠴᠦᠰ ᠤᠨ ᠢᠯᠡᠯᠳᠠ ᠶᠢ ᠲᠡᠮᠡᠴᠡᠨ ᠤᠯᠬᠤ ᠦᠨᠳᠦᠰᠦᠨ | ᠪᠠᠶᠢᠭᠤᠯᠤᠯᠳᠠ ᠶᠢ ᠬᠦᠴᠦᠳᠠᠢ ᠲᠦᠯᠬᠢᠨ ᠠᠬᠢᠭᠤᠯᠬᠤ ᠪᠤᠯᠤᠭᠰᠠᠨ ᠪᠠᠶᠢᠨ᠎ᠠ᠃ | | ᠢᠷᠡᠯᠳᠡ᠄ ᠤᠯᠠᠭᠠᠨᠴᠠᠪ ᠤᠨ ᠡᠳᠦᠷ | ᠤᠨ ᠰᠤᠨᠢᠨ | ᠴᠢᠮᠡᠭᠯᠡᠭᠴᠢ᠄ ᠰ᠊᠂ ᠲᠡᠷᠭᠡᠯ |