ᠬᠠᠮᠵᠢᠯᠴᠠᠭ᠎ᠠ ᠪᠠᠨ ᠨᠢᠭᠳᠠᠷᠠᠭᠤᠯᠵᠦ᠂ ᠨᠦᠬᠦᠷᠯᠡᠯ ᠢᠶᠠᠨ ᠵᠤᠵᠠᠭᠠᠳᠬᠠᠶ᠎ᠠ
ᠨᠡᠶᠢᠲᠡᠯᠡᠭᠰᠡᠨ ᠴᠠᠭ᠄
2020/11/20
      ᠬᠤᠩᠭᠤᠷ ᠮᠤᠩᠭᠤᠯ ᠰᠤᠷᠭᠠᠭᠤᠯᠢ ᠪᠠ ᠲᠠᠪᠤᠳᠤᠭᠠᠷ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠬᠠᠮᠳᠤᠷᠠᠯᠴᠠᠭᠠᠨ ᠤ ᠠᠵᠢᠯᠯᠠᠭ᠎ᠠ 11 ᠰᠠᠷ᠎ᠠ ᠶᠢᠨ 11 ᠤ ᠡᠳᠦᠷ ᠬᠤᠩᠭᠤᠷ ᠮᠤᠩᠭᠤᠯ ᠰᠤᠷᠭᠠᠭᠤᠯᠢ ᠳᠤ ᠲᠡᠬᠦᠰ ᠠᠮᠵᠢᠯᠳᠠᠳᠠᠢ ᠶᠠᠪᠤᠭᠳᠠᠯ᠎ᠠ᠃       ᠲᠤᠰ ᠤᠳᠠᠭᠠᠨ ᠤ ᠠᠵᠢᠯᠯᠠᠭ᠎ᠠ ᠪᠠᠨ ︽ᠬᠠᠮᠳᠤᠷᠠᠯᠴᠠᠭᠠᠨ ᠤ ᠠᠵᠢᠯᠯᠠᠭ᠎ᠠ ᠶᠢᠨ ᠬᠡᠯᠡᠯᠴᠡᠬᠡᠷ ᠤᠨ ᠪᠢᠴᠢᠭ ᠬᠢᠬᠦ︾᠂ ︽ᠲᠠᠪᠤᠳᠤᠭᠠᠷ ᠪᠠᠭ᠎ᠠ ᠰᠤᠷᠭᠠᠭᠤᠯᠢ ᠠᠴᠠ ᠬᠢᠴᠢᠶᠠᠯ ᠬᠦᠷᠬᠡᠬᠦ︾᠂ ︽ᠬᠤᠩᠭᠤᠷ ᠮᠤᠩᠭᠤᠯ ᠰᠤᠷᠭᠠᠭᠤᠯᠢ  ᠠᠴᠠ ᠦᠵᠡᠬᠦᠯᠦᠯᠬᠡ ᠶᠢᠨ ᠬᠢᠴᠢᠶᠠᠯᠯᠡᠭᠡ ᠬᠢᠬᠦ︾᠂ ︽ᠵᠢᠭᠠᠨ ᠰᠤᠷᠭᠠᠯᠳᠠ ᠶᠢᠨ ᠰᠠᠨᠠᠯ ᠤᠨ ᠰᠤᠯᠢᠯᠴᠠᠭ᠎ᠠ︾ ᠵᠡᠷᠬᠡ ᠠᠭᠤᠯᠭ᠎ᠠ ᠪᠠᠷ ᠠᠩᠬᠠᠳᠤᠭᠴᠢ ᠤᠳᠠᠭᠠᠨ ᠤ ᠠᠵᠢᠯᠯᠠᠭ᠎ᠠ ᠪᠠᠨ ᠵᠤᠬᠢᠶᠠᠨ ᠪᠠᠶᠢᠭᠤᠯᠵᠦ ᠦᠷᠨᠢᠬᠦᠯᠦᠭᠰᠡᠨ ᠪᠠᠶᠢᠨ᠎ᠠ᠃      ᠬᠠᠮᠳᠦ ᠶᠢᠨ ᠬᠦᠳᠡᠯᠬᠡᠬᠡᠨ ᠢᠶᠠᠷ ᠲᠠᠮᠵᠢᠭᠠᠳ ᠬᠤᠶᠠᠷ ᠰᠤᠷᠭᠠᠭᠤᠯᠢ ᠪᠠᠷ ᠢᠶᠠᠨ ᠰᠠᠶᠢᠨ ᠰᠠᠶᠢᠬᠠᠨ ᠨᠦᠬᠦᠷᠯᠠᠯ  ᠤᠨ ᠬᠠᠷᠢᠴᠠᠭ᠎ᠠ ᠪᠠᠶᠢᠭᠤᠯᠤᠭᠰᠠᠨ ᠢᠶᠠᠷ ᠪᠠᠷᠠᠬᠤ ᠦᠭᠡᠢ᠂ ᠵᠢᠭᠠᠨ ᠰᠤᠷᠭᠠᠯᠳᠠ ᠶᠢᠨ ᠲᠠᠯ᠎ᠠ ᠶᠢᠨ ᠡᠬᠢ ᠪᠠᠶᠠᠯᠢᠭ ᠢᠶᠠᠨ ᠬᠠᠷᠠᠮ ᠦᠭᠡᠢ ᠬᠤᠪᠢᠶᠠᠯᠴᠠᠬᠤ ᠠᠵᠢᠯ ᠤᠨ ᠲᠦᠰᠦᠯ ᠢ ᠵᠦᠪᠳᠡᠯᠴᠡᠨ ᠲᠤᠭᠳᠠᠭᠠᠵᠦ᠂ ᠬᠤᠶᠢᠰᠢᠳᠠ ᠶᠢᠨ ᠠᠵᠢᠯ ᠤᠨ ᠲᠤᠮᠳᠠ ᠪᠠᠨ ᠡᠨᠡᠬᠦ ᠬᠠᠮᠳᠤᠷᠠᠯᠴᠠᠭᠠᠨ ᠤ ᠪᠠᠨ ᠠᠭᠤᠯᠭ᠎ᠠ ᠬᠡᠯᠪᠡᠷᠢ ᠶᠢ ᠨᠡᠩ ᠦᠷᠬᠡᠨ ᠨᠡᠩ ᠬᠦᠨᠵᠡᠬᠡᠢ ᠪᠠᠶᠢᠯᠭᠠᠬᠤ  ᠶᠢ ᠰᠠᠨᠠᠯ ᠨᠢᠬᠡᠳᠠᠢ ᠵᠦᠪᠰᠢᠶᠡᠷᠡᠵᠦ᠂ ᠬᠤᠶᠠᠷ ᠲᠠᠯ᠎ᠠ ᠶᠢᠨ ᠪᠠᠭᠰᠢ ᠨᠠᠷ ᠤᠨ ᠬᠢᠴᠢᠶᠠᠯ ᠤᠨ ᠲᠡᠩᠭᠢᠮ ᠤᠨ ᠵᠢᠭᠠᠨ ᠰᠤᠷᠭᠠᠯᠳᠠ ᠵᠢᠴᠢ ᠰᠤᠷᠭᠠᠭᠤᠯᠢ ᠶᠢᠨ ᠡᠯ᠎ᠡ ᠵᠤᠶᠢᠯ ᠤᠨ ᠬᠠᠮᠢᠶᠠᠷᠤᠯᠳᠠ ᠶᠢᠨ ᠠᠵᠢᠯ ᠤᠨ ᠲᠠᠯ᠎ᠠ ᠳᠠᠬᠢ ᠪᠦᠳᠦᠮᠵᠢᠳᠠᠢ ᠠᠷᠭ᠎ᠠ ᠠᠪᠴᠢᠯ ᠪᠠ ᠪᠦᠳᠦᠬᠡᠯᠴᠢ ᠴᠢᠨᠠᠷᠳᠠᠢ ᠤᠷᠤᠯᠳᠤᠯᠭ᠎ᠠ ᠪᠠᠨ ᠬᠠᠷᠢᠯᠴᠠᠨ ᠴᠢᠯᠦᠬᠡᠳᠠᠢ ᠬᠤᠪᠢᠶᠠᠯᠴᠠᠬᠤ ᠪᠠ ᠢᠳᠡᠪᠬᠢᠳᠠᠢ ᠪᠠᠷ ᠰᠤᠷᠴᠦ ᠰᠤᠷᠤᠯᠴᠠᠬᠤ ᠵᠠᠪᠰᠢᠶᠠᠨ ᠲᠤᠬᠢᠶᠠᠯ ᠢ ᠠᠯᠢ ᠴᠢᠳᠠᠬᠤ ᠪᠠᠷ ᠪᠦᠷᠢᠨ ᠬᠠᠩᠭᠠᠬᠤ ᠶᠢ ᠬᠠᠮᠳᠦ  ᠶᠢᠨ ᠠᠵᠢᠯᠯᠠᠭᠠᠨ ᠤ ᠬᠠᠷᠠᠯᠳᠠ ᠪᠠᠨ ᠪᠤᠯᠭᠠᠭᠰᠠᠨ ᠪᠠᠶᠢᠨ᠎ᠠ᠃
 
ᠢᠷᠡᠯᠲᠡ᠄ ᠬᠤᠩᠭᠤᠷ ᠮᠤᠩᠭᠤᠯ ᠰᠤᠷᠭᠠᠭᠤᠯᠢ ᠶᠢᠨ ᠸᠢᠴᠠᠲ ᠲᠡᠪᠴᠡᠩ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2