23 ᠵᠢᠯ ᠤᠨ ᠤᠶᠤᠳᠠᠨ ᠬᠦᠰᠡᠯ ᠢᠶᠠᠨ ᠳᠡᠷᠬᠡᠯᠰᠢᠬᠦᠯᠦᠭᠰᠡᠨ ᠮᠠᠯᠴᠢᠨ ᠪᠦᠰᠡᠬᠦᠢ ᠨᠠᠷᠠᠨ᠎ᠠ
ᠨᠡᠶᠢᠲᠡᠯᠡᠭᠰᠡᠨ ᠴᠠᠭ᠄
2020-08-11
   ᠬᠤᠷ᠎ᠠ ᠶᠢᠨ ᠳᠠᠷᠠᠭᠠᠬᠢ ᠲᠦᠷᠪᠡᠳ ᠤᠨ ᠳᠠᠯ᠎ᠠ ᠨᠤᠳᠤᠭ ᠭᠠᠩ ᠤᠨ ᠴᠠᠩᠭᠠᠭ᠎ᠠ ᠲᠠᠶᠢᠯᠤᠭᠳᠠᠵᠤ ᠴᠡᠯᠡᠶᠢᠨ ᠨᠤᠭᠤᠭᠠᠷᠠᠨ᠎ᠠ᠃ ᠡᠮᠦᠨᠡᠬᠡᠨ ᠶᠡᠭᠡ ᠳᠡᠬᠡᠳᠤ ᠰᠤᠷᠭᠠᠭᠤᠯᠢ ᠳᠤ ᠰᠤᠷᠤᠭᠴᠢ ᠡᠯᠰᠡᠬᠦ ᠤᠯᠤᠰ ᠤᠨ ᠨᠢᠬᠡᠳᠦᠯᠳᠡᠢ ᠰᠢᠯᠭᠠᠯᠳᠠ ᠶᠢᠨ ᠬᠤᠪᠢ ᠨᠡᠶᠢᠳᠡᠯᠡᠭᠳᠡᠵᠦ᠂ ᠡᠨᠡ ᠨᠤᠳᠤᠭ ᠤᠨ ᠮᠠᠯᠴᠢᠨ ᠪᠦᠰᠡᠬᠦᠢ ᠨᠠᠷᠠᠨ᠎ᠠ ᠬᠦᠦ ᠲᠠᠢ ᠪᠠᠨ ᠬᠤᠶᠠᠭᠤᠯᠠ ᠤᠯᠤᠰ ᠤᠨ ᠨᠢᠬᠡᠳᠦᠯᠳᠡᠢ ᠰᠢᠯᠭᠠᠯᠳᠠ ᠳᠤ ᠤᠷᠤᠯᠴᠠᠭᠠᠳ᠂ ᠪᠦᠷ ᠰᠢᠯᠢᠳᠡᠭ ᠬᠢᠷᠢ ᠪᠦᠳᠦᠮᠵᠢ ᠤᠯᠤᠭᠰᠠᠨ ᠬᠡᠬᠦ ᠰᠠᠶᠢᠬᠠᠨ ᠰᠤᠨᠤᠰᠬᠠᠯ ᠬᠤᠯᠠ ᠤᠢᠢᠷ᠎ᠠ ᠶᠢᠨ ᠬᠦᠮᠦᠰ ᠤᠨ ᠳᠤᠮᠳᠠ ᠪᠠᠶᠠᠷ ᠤᠨ ᠴᠢᠮᠡᠭᠡ ᠪᠤᠯᠵᠤ ᠳᠠᠮᠵᠢᠭᠳᠠᠨ᠎ᠠ᠃    ᠬᠦᠳᠡᠭᠡ ᠨᠤᠳᠤᠭ ᠤᠨ ᠮᠠᠯᠴᠢᠨ ᠬᠦᠮᠦᠨ ᠶᠠᠮᠠᠷᠬᠠᠨ ᠪᠤᠳᠤᠯ ᠡᠪᠦᠷᠯᠡᠵᠦ ᠤᠯᠤᠰ ᠤᠨ ᠨᠢᠬᠡᠳᠦᠯᠳᠡᠢ ᠰᠢᠯᠭᠠᠯᠳᠠ ᠳᠤ ᠤᠷᠤᠯᠴᠠᠪᠠ︖ ᠳᠡᠷᠡ ᠦᠨᠡᠬᠡᠷ ᠶᠡᠭᠡ ᠰᠤᠷᠭᠠᠭᠤᠯᠢ ᠳᠤ ᠤᠶᠤᠳᠠᠨ ᠢᠶᠠᠷ ᠰᠤᠷᠤᠯᠴᠠᠬᠤ ᠪᠤᠯᠪᠠᠤ᠂ ᠶᠠᠮᠠᠷ ᠬᠤᠯᠠ ᠶᠢᠨ ᠬᠦᠰᠡᠯ ᠪᠤᠳᠤᠯ ᠲᠠᠢ ᠬᠦᠮᠦᠨ ᠪᠤᠢ᠂ ᠠᠮᠢᠳᠤᠷᠠᠯ ᠠᠬᠤᠢ ᠳᠤᠨᠢ ᠶᠠᠮᠠᠷ ᠦᠯᠢᠬᠡᠷ ᠤᠴᠠᠷᠠᠯ ᠲᠠᠢ ᠪᠤᠯ ᠬᠡᠬᠦ ᠰᠤᠨᠢᠭᠤᠴᠢ ᠪᠤᠳᠤᠯ ᠳᠠᠭᠠᠨ ᠬᠦᠳᠦᠯᠦᠭᠳᠡᠵᠦ 7 ᠰᠠᠷ᠎ᠠ ᠶᠢᠨ 28 ᠤ ᠡᠳᠦᠷ ᠳᠡᠳᠡᠨᠡᠶᠢᠬᠢᠨ ᠳᠤ ᠬᠦᠷᠦᠭᠰᠡᠨ ᠶᠤᠮ᠃    ᠨᠠᠷᠠᠨ᠎ᠠ ᠶᠢᠨ ᠬᠢᠨ ᠲᠦᠷᠪᠡᠳ ᠬᠤᠰᠢᠭᠤᠨ ᠤ ᠪᠠᠶᠠᠨᠴᠤᠭᠳᠤ ᠪᠠᠯᠭᠠᠰᠤᠨ ᠤ ᠰᠢᠨᠡᠨᠠᠭᠤᠷ ᠭᠠᠴᠠᠭᠠᠨ ᠤ ᠮᠤᠭᠠᠢᠢᠳᠤ ᠶᠢᠨ ᠠᠭᠤᠯᠠ ᠶᠢᠨ ᠡᠩᠬᠡᠷ ᠲᠤ ᠬᠤᠨᠢ ᠠᠳᠤᠭᠤ ᠪᠠᠨ ᠮᠠᠯᠵᠢᠵᠤ ᠰᠠᠭᠤᠳᠠᠭ᠃ ᠡᠨᠡ ᠵᠢᠯ 43 ᠨᠠᠰᠤᠳᠠᠢ ᠨᠠᠷᠠᠨ᠎ᠠ ᠬᠦᠦ ᠲᠠᠢ ᠪᠠᠨ ᠬᠠᠮᠳᠤ 2020 ᠤᠨ ᠤ ᠤᠯᠤᠰ ᠤᠨ ᠨᠢᠬᠡᠳᠦᠯᠳᠡᠢ ᠰᠢᠯᠭᠠᠯᠳᠠ ᠳᠤ ᠤᠷᠤᠯᠴᠠᠵᠦ᠂ ᠬᠦᠦ ᠨᠢ 520 ᠬᠤᠪᠢ ︵ᠬᠠᠷᠠᠭᠠᠯᠵᠠᠯ ᠤᠨ ᠬᠤᠪᠢ ᠪᠠᠨ ᠨᠠᠮᠠᠭᠡᠳ︶ ᠪᠠᠷ ᠪᠦᠬᠦ ᠤᠯᠠᠭᠠᠠᠴᠠᠪ ᠬᠤᠳᠠ ᠶᠢᠨ ᠮᠤᠩᠭᠤᠯ ᠢᠶᠠᠷ ᠬᠢᠴᠢᠶᠡᠯᠯᠡᠭᠰᠡᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠳᠦᠷᠦᠯ ᠤᠨ ᠰᠢᠯᠭᠠᠭᠤᠯᠤᠭᠰᠠᠳ ᠳᠤᠳᠤᠷ᠎ᠠ ᠮᠠᠩᠯᠠᠶᠢᠯᠠᠵᠦ᠂ ᠨᠡᠷᠡᠨ᠎ᠠ 404 ᠬᠤᠪᠢ ᠪᠠᠷ ᠮᠤᠩᠭᠤᠯ ᠢᠶᠠᠷ ᠬᠢᠴᠢᠶᠡᠯᠯᠡᠭᠰᠡᠨ ᠨᠡᠶᠢᠬᠡᠮ ᠤᠨ ᠰᠢᠨᠵᠢᠯᠡᠬᠦ ᠤᠬᠠᠭᠠᠨ ᠤ ᠳᠦᠷᠦᠯ ᠤᠨ ᠰᠢᠯᠭᠠᠭᠤᠯᠤᠭᠰᠠᠳ ᠤᠨ ᠵᠢᠩᠬᠢᠨᠢ ᠠᠩᠬᠢ ᠶᠢᠨ ᠬᠤᠪᠢ ᠶᠢᠨ ᠱᠤᠭᠤᠮ ᠢ ᠳᠠᠪᠠᠵᠤ᠂ ᠡᠵᠢ ᠬᠦᠦ ᠬᠤᠶᠠᠭᠤᠯᠠ ᠤᠶᠤᠳᠠᠨ ᠬᠦᠰᠡᠯ ᠢᠶᠠᠨ ᠳᠡᠷᠬᠡᠯᠰᠢᠬᠦᠯᠦᠯ᠎ᠡ᠃ ᠬᠤᠪᠢ ᠪᠠᠨ ᠰᠤᠨᠤᠰᠤᠯ᠎ᠠ᠃ ᠠᠯᠢ ᠶᠡᠭᠡ ᠰᠤᠷᠭᠠᠭᠤᠯᠢ ᠳᠤ ᠡᠷᠡᠮᠡᠯᠵᠡᠯ ᠳᠠᠭᠯᠠᠬᠤ᠂ ᠶᠠᠮᠠᠷ ᠳᠤᠰᠬᠠᠢ ᠮᠡᠷᠬᠡᠵᠢᠯ ᠰᠤᠷᠬᠤ ᠳᠤᠬᠠᠢ ᠡᠵᠢ ᠬᠦᠦ ᠬᠤᠶᠠᠭᠤᠯᠠ ᠦᠨᠦᠬᠡᠨ ᠵᠦᠪᠳᠡᠯᠴᠡᠨ ᠰᠠᠭᠤᠯᠴᠠᠨ᠎ᠠ᠃ ︽ᠦᠬᠢᠨ ᠮᠠᠨᠢ ᠪᠠᠭ᠎ᠠ ᠰᠤᠷᠭᠠᠭᠤᠯᠢ ᠶᠢᠨ ᠵᠢᠷᠭᠤᠳᠤᠭᠠᠷ ᠤᠨ ᠤ ᠰᠤᠷᠤᠭᠴᠢ ᠪᠤᠯᠤᠨ᠎ᠠ᠃ ᠦᠬᠢᠨ ᠢᠶᠠᠨ ᠬᠠᠷᠠᠵᠤ ᠬᠠᠷᠭᠠᠯᠵᠠᠬᠤ ᠴᠢᠬᠤᠯᠠ ᠲᠠᠢ ᠪᠤᠯᠬᠤᠷ ᠨᠢ ᠦᠪᠡᠷ ᠢᠶᠠᠨ ᠬᠦᠬᠡᠬᠤᠳᠠ ᠳᠤ ᠶᠡᠭᠡ ᠰᠤᠷᠭᠠᠭᠤᠯᠢ ᠳᠤ ᠤᠶᠤᠳᠠᠨ ᠪᠤᠯᠤᠮᠠᠷ ᠪᠠᠶᠢᠨ᠎ᠠ᠃ ᠬᠦᠦ ᠮᠠᠨᠢ ᠵᠠᠯᠠᠭᠤ ᠬᠦᠮᠦᠨ ᠶᠤᠮ ᠴᠢᠨᠢ ᠬᠤᠯᠠ ᠶᠢᠨ ᠬᠦᠰᠡᠯ ᠲᠠᠢ ᠪᠠᠶᠢᠵᠤ᠂ ᠤᠷᠤᠨ ᠤ ᠭᠠᠳᠠᠨ᠎ᠠ ᠬᠤᠯᠠ ᠶᠠᠪᠤᠭᠤᠯᠵᠤ ᠨᠢᠳᠤ ᠨᠡᠬᠡᠯᠬᠡᠬᠦ ᠪᠤᠳᠤᠯ ᠲᠠᠢ︾ ᠬᠡᠵᠦ ᠨᠠᠷᠠᠨ᠎ᠠ ᠶᠠᠷᠢᠨ᠎ᠠ᠃    ᠨᠠᠷᠠᠨ᠎ᠠ ᠬᠡᠵᠦ ᠨᠠᠷᠠ ᠭᠡᠶᠢᠭᠰᠡᠨ ᠠᠮᠢᠳᠤᠷᠠᠯ ᠳᠠᠭᠠᠨ ᠦᠬᠡᠳᠡᠷᠬᠡᠭ ᠪᠠᠶᠠᠰᠤᠩᠭᠤᠢ᠂ ᠦᠷ᠎ᠠ ᠬᠡᠦᠬᠡᠳ ᠢᠶᠠᠨ ᠪᠢᠴᠢᠭ ᠰᠤᠶᠤᠯ ᠲᠠᠢ ᠬᠦᠮᠦᠨ ᠪᠤᠯᠭᠠᠶ᠎ᠠ ᠬᠡᠵᠦ ᠵᠢᠳᠬᠦᠵᠦ ᠳᠡᠮᠡᠦᠯᠡᠵᠦ ᠶᠠᠪᠤᠳᠠᠭ ᠦᠢ ᠤᠯᠠᠨ ᠮᠠᠯᠴᠢᠨ ᠪᠦᠰᠡᠬᠦᠢ ᠶᠢᠨ ᠨᠢᠬᠡᠨ ᠪᠠᠶᠢᠯ᠎ᠠ᠃ 1997 ᠤᠨ ᠳᠤ ᠤᠯᠤᠰ ᠤᠨ ᠨᠢᠬᠡᠳᠦᠯᠳᠡᠢ ᠰᠢᠯᠭᠠᠯᠳᠠ ᠠᠴᠠ ᠬᠡᠳᠦᠬᠡᠨ ᠰᠠᠷ᠎ᠠ ᠶᠢᠨ ᠡᠮᠦᠨ᠎ᠡ᠂ ᠦᠨᠳᠦᠷ ᠭᠤᠷᠪᠠ ᠳᠤ ᠰᠤᠷᠤᠯᠴᠠᠵᠤ ᠪᠠᠶᠢᠭ᠎ᠠ ᠦᠶ᠎ᠠ ᠳᠤ ᠡᠵᠢ ᠶᠢᠨ ᠬᠢᠨ ᠬᠦᠯ ᠨᠢ ᠡᠪᠡᠳᠴᠦ ᠪᠦᠷ ᠶᠠᠪᠤᠵᠤ ᠰᠠᠭᠤᠵᠤ ᠳᠡᠶᠢᠯᠬᠦ ᠪᠠᠨ ᠪᠤᠯᠢᠭᠰᠠᠨ ᠢᠶᠠᠷ ᠠᠷᠤ ᠬᠡᠷ ᠲᠤᠨᠢ ᠠᠰᠠᠷᠠᠵᠤ ᠳᠤᠳᠤᠮᠳᠠᠬᠤ ᠴᠢᠬᠤᠯᠠ ᠲᠠᠢ ᠪᠤᠯᠤᠯ᠎ᠠ᠃ ᠠᠶᠢᠯ ᠤᠨ ᠤᠳᠬᠤᠨ ᠦᠬᠢᠨ ᠪᠤᠯᠤᠭᠰᠠᠨ ᠳᠡᠷᠡ ᠮᠠᠨᠢ ᠶᠡᠭᠡ ᠰᠤᠷᠭᠠᠭᠤᠯᠢ ᠰᠢᠯᠭᠠᠭᠤᠯᠵᠤ᠂ ᠬᠠᠤᠯᠢ ᠶᠢᠨ ᠮᠡᠷᠬᠡᠵᠢᠯ ᠰᠤᠷᠤᠨ᠎ᠠ ᠬᠡᠵᠦ ᠬᠤᠯᠠ ᠶᠢᠨ ᠮᠦᠷᠦᠬᠡᠳᠦᠯ ᠡᠪᠦᠷᠯᠡᠵᠦ᠂ ᠰᠢᠨᠳᠠᠰᠤ ᠴᠢᠩᠭᠠᠯᠠᠵᠤ ᠳᠠᠪᠳᠠᠵᠤ ᠪᠠᠶᠢᠭᠰᠠᠨ ᠢᠶᠠᠨ ᠠᠮᠢᠳᠤᠷᠠᠯ ᠤᠨ ᠬᠢᠨᠢ ᠬᠡᠷᠡᠯ ᠬᠡᠬᠡ᠂ ᠰᠡᠳᠬᠢᠯ ᠤᠨ ᠲᠦᠰᠢᠭ ᠪᠤᠯᠤᠭᠰᠠᠨ ᠡᠵᠢ ᠪᠠᠨ ᠠᠰᠠᠷᠠᠵᠤ ᠬᠠᠷᠭᠠᠯᠵᠠᠬᠤ ᠨᠢ ᠮᠢᠨᠦ ᠢᠷᠡᠬᠡᠳᠦᠢ ᠠᠴᠠ ᠬᠤᠯᠠ ᠴᠢᠬᠤᠯᠠ ᠴᠤ ᠪᠠᠶᠢᠬ᠎ᠠ ᠡ ᠬᠡᠵᠦ ᠪᠤᠳᠤᠭᠰᠠᠨ ᠢᠶᠠᠨ ᠤᠯᠠᠭᠠᠨ ᠳᠤᠭᠤᠰᠤ ᠪᠤᠵᠢᠬᠢᠨᠠᠭᠰᠠᠨ ᠬᠠᠪᠤᠷ ᠤᠨ ᠨᠢᠬᠡᠨ ᠡᠳᠦᠷ ᠬᠡᠷ ᠲᠡᠭᠡᠨ ᠬᠠᠷᠢᠵᠤ᠂ ᠮᠠᠯᠴᠢᠨ ᠵᠠᠶᠠᠭ᠎ᠠ ᠲᠦᠰᠢᠵᠡᠢ᠃ ︽ᠡᠵᠢ ᠮᠢᠨᠢ ᠪᠤᠰᠤᠳ ᠬᠦᠮᠦᠰ ᠰᠢᠭ ᠪᠦᠷᠢᠨ ᠪᠦᠳᠦᠨ ᠬᠦᠮᠦᠨ ᠪᠢᠰᠢ᠂ ᠳᠠᠪᠤᠨ ᠨᠠᠰᠤᠨ ᠳᠠᠭᠠᠨ ᠶᠡᠭᠡ ᠬᠠᠯᠠᠭᠤᠷᠠᠵᠤ ᠰᠤᠨᠤᠷ ᠢᠶᠠᠨ ᠠᠯᠳᠠᠵᠤ᠂ ᠠᠭᠠᠵᠢᠮ ᠢᠶᠠᠷ ᠬᠡᠯᠡ ᠪᠠᠨ ᠠᠯᠳᠠᠵᠠᠢ᠂ ᠬᠡᠪᠡᠴᠦ ᠡᠵᠢ ᠮᠠᠨᠢ ᠮᠠᠰᠢ ᠳᠡᠰᠪᠦᠷᠢ ᠳᠡᠪᠵᠢᠶᠡᠷᠢ ᠲᠠᠢ ᠬᠦᠳᠡᠯᠮᠦᠷᠢᠴᠢ ᠬᠦᠮᠦᠨ᠂ ᠨᠠᠳᠠ ᠶᠢ ᠰᠤᠷᠭᠠᠭᠤᠯᠢ ᠳᠤ ᠰᠠᠭᠤᠯᠭᠠᠵᠤ ᠳᠡᠶᠢᠯᠬᠦ ᠦᠬᠡᠢ ᠪᠤᠯᠤᠯ᠎ᠠ ᠬᠡᠵᠦ ᠳᠤᠬᠠᠢ ᠶᠢᠨ ᠦᠶ᠎ᠠ ᠳᠤ ᠴᠢᠮᠡᠭᠡ ᠦᠬᠡᠢ ᠤᠬᠢᠯᠠᠵᠤ ᠰᠠᠭᠤᠳᠠᠭ ᠪᠠᠶᠢᠭᠰᠠᠨ ᠰᠢᠤ︕ ᠠᠮᠢᠳᠤᠷᠠᠯ ᠤᠨ ᠡᠯᠡ ᠬᠠᠯᠠ ᠳᠤ ᠴᠢᠷᠠᠢ ᠨᠢᠭᠤᠷ ᠲᠤᠨᠢ ᠬᠦᠨ ᠬᠤᠨᠢᠶᠠᠰᠤ ᠰᠠᠭᠤᠭᠰᠠᠨ ᠬᠦᠬᠡᠷᠦᠬᠦᠢ ᠡᠵᠢ ᠪᠠᠨ ᠬᠠᠷᠠᠭᠠᠳ ᠯᠡ ᠪᠢᠴᠢᠭ ᠦᠵᠡᠬᠦ ᠪᠠᠨ ᠪᠠᠶᠢᠶ᠎ᠠ᠂ ᠡᠵᠢ ᠳᠡᠭᠡᠨ ᠳᠤᠰᠠ ᠳᠡᠮ ᠪᠤᠯᠤᠶ᠎ᠠ ᠬᠡᠵᠦ ᠳᠠᠰᠤ ᠪᠤᠳᠤᠭᠠᠳ ᠯᠡ ᠪᠢᠴᠢᠭ ᠦᠵᠡᠬᠦ ᠪᠠᠨ ᠳᠤᠷᠭᠤᠨ ᠵᠤᠭᠰᠤᠭᠰᠠᠨ︾ ᠬᠡᠵᠦ ᠨᠠᠷᠠᠨ᠎ᠠ ᠦᠩᠬᠡᠷᠡᠯᠳᠡ ᠪᠠᠨ ᠡᠷᠬᠢᠴᠡᠬᠦᠯᠬᠦ ᠳᠤ ᠦᠪᠡᠷ ᠤᠨ ᠡᠷᠬᠡ ᠦᠬᠡᠢ ᠨᠢᠯᠪᠤᠰᠤ ᠪᠦᠮᠪᠦᠷᠢᠬᠦᠯᠦᠨ᠎ᠡ᠃    ᠬᠦᠮᠦᠨ ᠤ ᠠᠮᠢᠳᠤᠷᠠᠯ ᠬᠡᠵᠦ ᠤᠷᠤᠰᠬᠠᠯ ᠤᠰᠤ ᠰᠢᠭ ᠲᠦᠷᠬᠡᠨ ᠦᠩᠬᠡᠷᠡᠳᠡᠭ ᠶᠤᠮᠰᠠᠨ᠃ ᠨᠠᠷᠠᠨ᠎ᠠ ᠬᠦᠳᠡᠭᠡ ᠨᠤᠳᠤᠭ ᠲᠠᠭᠠᠨ ᠦᠵᠦᠮᠦᠴᠢᠨ ᠵᠠᠯᠠᠭᠤ ᠲᠠᠢ ᠠᠶᠢᠯ ᠬᠡᠷ ᠪᠤᠰᠬᠠᠵᠤ᠂ ᠨᠢᠬᠡ ᠮᠡᠳᠡᠬᠦ ᠳᠤ ᠬᠤᠶᠠᠷ ᠬᠡᠦᠬᠡᠳ ᠤᠨ ᠡᠵᠢ ᠰᠠᠭᠤᠵᠤ᠂ ᠠᠵᠠ ᠵᠢᠷᠭᠠᠯ ᠲᠠᠢ ᠠᠮᠢᠳᠤᠷᠠᠯ ᠢᠶᠠᠨ ᠡᠳ᠋ᠯᠡᠭᠰᠡᠨ ᠴᠤ ᠬᠠᠷᠢᠨ ᠤᠯᠤᠰ ᠤᠨ ᠨᠢᠬᠡᠳᠦᠯᠳᠡᠢ ᠰᠢᠯᠭᠠᠯᠳᠠ ᠳᠤ ᠤᠷᠤᠯᠴᠠᠵᠦ ᠳᠡᠶᠢᠯᠦᠭᠰᠡᠨ ᠦᠬᠡᠢ ᠨᠢ ᠲᠡᠭᠦᠨ ᠳᠤ ᠬᠦᠨ ᠬᠠᠷᠠᠮᠰᠠᠯ ᠪᠤᠯᠵᠤ ᠬᠤᠴᠤᠷᠴᠠᠢ᠃ ᠳᠡᠬᠡᠬᠡᠳ ᠯᠡ᠂ ᠡᠩᠬᠦᠷᠡᠢ ᠬᠦᠦ ᠨᠢ ᠦᠰᠴᠦ ᠰᠤᠷᠭᠠᠭᠤᠯᠢ ᠳᠤ ᠰᠠᠭᠤᠬᠤ ᠪᠤᠯᠤᠭᠰᠠᠨ ᠳᠤ᠂ ᠬᠡᠦᠬᠡᠳ ᠢᠶᠠᠨ ᠪᠢᠴᠢᠭ ᠨᠤᠮ ᠲᠠᠢ ᠬᠦᠮᠦᠨ ᠪᠤᠯᠭᠠᠨ᠎ᠠ᠂ ᠰᠠᠶᠢᠨ ᠰᠤᠶᠤᠯ ᠮᠡᠳᠡᠯᠬᠡ ᠬᠦᠷᠳᠡᠬᠡᠶ᠎ᠡ ᠬᠡᠳ ᠯᠡ ᠨᠢᠯᠬ᠎ᠠ ᠦᠬᠢᠨ ᠢᠶᠠᠨ ᠡᠬᠦᠷᠦᠬᠡᠳ ᠯᠠ ᠬᠤᠰᠢᠭᠤ ᠤᠷᠤᠵᠤ᠂ ᠬᠡᠦᠬᠡᠳ ᠢᠶᠠᠨ ᠬᠠᠷᠠᠵᠤ ᠪᠢᠴᠢᠭ ᠦᠵᠡᠬᠦᠯᠵᠦ᠂ ᠦᠪᠡᠷ ᠤᠨ ᠤᠷᠠᠨ ᠬᠤᠶᠠᠷ ᠭᠠᠷ ᠤᠨ ᠢᠶᠠᠨ ᠠᠪᠢᠶᠠᠰ ᠲᠤ ᠲᠦᠰᠢᠭᠯᠡᠵᠦ᠂ ︽ᠬᠠᠯᠬ᠎ᠠ ᠤᠶᠤᠳᠠᠯ ᠤᠨ ᠭᠠᠵᠠᠷ︾ ᠨᠡᠬᠡᠬᠡᠵᠦ᠂ ᠨᠦᠬᠦᠷ ᠨᠢ ᠬᠦᠳᠡᠭᠡ ᠳᠡᠭᠡᠨ ᠮᠠᠯ ᠢᠶᠠᠨ ᠮᠠᠯᠵᠢᠳᠠᠭ ᠪᠠᠶᠢᠯ᠎ᠠ᠃ ︽ᠬᠤᠳᠠ ᠤᠷᠤᠵᠤ ᠰᠠᠭᠤᠬᠤ ᠴᠢᠨᠢ ᠪᠠᠰᠠ ᠨᠢᠬᠡ ᠶᠠᠭᠤᠮ᠎ᠠ ᠬᠢᠵᠦ ᠠᠮᠢᠳᠤᠷᠠᠯ ᠳᠠᠭᠠᠨ ᠤᠷᠤᠯᠭ᠎ᠠ ᠨᠡᠮᠡᠬᠦᠷᠢ ᠲᠠᠢ ᠪᠤᠯᠤᠶ᠎ᠠ ᠯᠡ ᠬᠡᠵᠦ ᠦᠬᠢᠨ ᠢᠶᠠᠨ ᠶᠢᠰᠦᠬᠡᠨ ᠰᠠᠷ᠎ᠠ ᠲᠠᠢ ᠪᠠᠶᠢᠬᠤ ᠳᠤᠨᠢ ᠡᠵᠢ ᠳᠡᠭᠡᠨ ᠬᠠᠶᠠᠭᠠᠳ ᠢᠮᠠᠭᠠᠨ ᠰᠦ ᠪᠠᠷ ᠤᠭᠵᠢᠵᠤ ᠦᠪᠡᠷ ᠢᠶᠠᠨ ᠮᠤᠩᠭᠤᠯ ᠤᠯᠤᠰ ᠲᠤ ᠤᠴᠢᠵᠤ ᠤᠶᠤᠵᠤ ᠡᠰᠬᠡᠬᠦ ᠮᠡᠷᠬᠡᠵᠢᠯ ᠰᠤᠷᠴᠤ ᠢᠷᠡᠭᠰᠡᠨ︾ ᠬᠡᠵᠦ ᠨᠠᠷᠠᠨ᠎ᠠ ᠶᠠᠷᠢᠨ᠎ᠠ᠃ ᠬᠦᠦ ᠨᠢ ᠦᠰᠦᠨ ᠲᠤᠮᠤᠭᠠᠵᠢᠵᠤ ᠠᠩᠬ᠎ᠠ ᠳᠤᠮᠳᠠᠳᠤ ᠳᠤ ᠰᠤᠷᠤᠯᠴᠠᠬᠤ ᠪᠤᠯᠬᠤ ᠳᠤ ᠦᠬᠢᠨ ᠴᠤ ᠪᠠᠭ᠎ᠠ ᠰᠤᠷᠭᠠᠭᠤᠯᠢ ᠳᠤ ᠤᠷᠤᠬᠤ ᠨᠠᠰᠤ ᠳᠤᠯᠵᠤ᠂ ᠬᠦᠬᠡᠬᠤᠳᠠ ᠳᠤ ᠢᠷᠡᠵᠦ ᠪᠢᠴᠢᠭ ᠦᠵᠡᠬᠦᠯᠵᠦ᠂ ᠲᠠᠠᠭᠤ ᠳᠤᠨᠢ ᠦᠬᠢᠨ ᠤ ᠪᠠᠨ ᠠᠪᠢᠶᠠᠰ ᠲᠠᠢ ᠳᠠᠭᠤᠤ ᠪᠦᠵᠢᠭ ᠢ ᠨᠢ ᠰᠤᠷᠭᠠᠵᠤ᠂ ᠦᠪᠡᠷ ᠢᠶᠠᠨ ᠤᠶᠤᠳᠠᠯ ᠤᠨ ᠭᠠᠵᠠᠷ ᠬᠦᠯᠦᠰᠦᠨ ᠠᠵᠢᠯ ᠬᠢᠵᠦ ᠦᠬᠢᠨ ᠢᠶᠠᠨ ᠬᠠᠷᠭᠠᠯᠵᠠᠨ ᠰᠠᠭᠤᠳᠠᠭ ᠪᠤᠯᠵᠠᠢ᠃ ︽ᠬᠡᠨ ᠴᠤ ᠬᠡᠷ ᠲᠡᠭᠡᠨ ᠳᠠᠪᠠᠳᠠᠢ ᠰᠠᠶᠢᠬᠠᠨ ᠰᠠᠭᠤᠬᠤ ᠶᠢ ᠰᠠᠨᠠᠬᠤ ᠦᠬᠡᠢ ᠪᠠᠶᠢᠯ᠎ᠠ᠂ ᠬᠡᠦᠬᠡᠳ ᠢᠶᠠᠨ ᠪᠢᠴᠢᠭ ᠨᠤᠮ ᠦᠵᠡᠬᠦᠯᠦᠨ᠎ᠡ ᠬᠡᠳ ᠯᠡ ᠠᠷᠪᠠᠨ ᠵᠢᠯ ᠬᠤᠳᠠ ᠶᠢᠨ ᠳᠡᠨᠦᠬᠦᠯ ᠠᠮᠢᠳᠤᠷᠠᠯ ᠬᠢᠴᠢᠬᠡᠯ᠎ᠡ᠂ ᠪᠦᠷ ᠬᠡᠦᠬᠡᠳ ᠤᠨ ᠢᠶᠠᠨ ᠲᠦᠯᠦᠬᠡ ᠯᠡ︾ ᠬᠡᠵᠦ ᠨᠠᠷᠠᠨ᠎ᠠ ᠤᠴᠢᠷᠯᠠᠨ᠎ᠠ᠃    ᠨᠤᠮ ᠪᠢᠴᠢᠭ ᠪᠤᠯ ᠶᠢᠷᠳᠢᠨᠴᠤ ᠶᠢ ᠬᠠᠷᠠᠬᠤ ᠴᠤᠩᠬᠤ ᠮᠦᠨ᠃ ᠨᠤᠮ ᠪᠢᠴᠢᠭ ᠢᠶᠠᠷ ᠯᠡ ᠬᠦᠮᠦᠰ ᠤᠶᠤᠨ ᠰᠠᠨᠠᠭ᠎ᠠ ᠪᠠᠨ ᠵᠡᠪᠰᠡᠭᠯᠡᠵᠦ᠂ ᠬᠤᠯᠠ ᠶᠢᠨ ᠬᠦᠰᠡᠯ ᠮᠦᠷᠦᠬᠡᠳᠦᠯ ᠳᠡᠭᠡᠨ ᠳᠡᠮᠡᠦᠯᠡᠵᠦ᠂ ᠦᠪᠡᠷ ᠤᠨ ᠦᠵᠡᠯ ᠪᠤᠳᠤᠯ ᠢᠶᠠᠨ ᠨᠦᠯᠦᠬᠡᠯᠡᠳᠡᠭ᠃ ᠨᠠᠷᠠᠨ᠎ᠠ ᠮᠠᠯᠴᠢᠨ ᠪᠦᠰᠡᠬᠦᠢ ᠪᠤᠯᠤᠭᠰᠠᠨ ᠴᠤ 20 ᠭᠠᠷᠤᠢ ᠵᠢᠯ ᠶᠡᠷᠦ ᠠᠴᠠ ᠨᠤᠮ ᠪᠢᠴᠢᠭ ᠠᠴᠠ ᠬᠤᠯᠠᠳᠠᠭ᠎ᠠ ᠦᠬᠡᠢ ᠦᠪᠡᠷ ᠤᠨ ᠦᠨᠳᠦᠰᠦᠳᠡᠨ ᠤ ᠦᠨ᠎ᠡ ᠴᠠᠨ᠎ᠠ ᠲᠠᠢ ᠳᠡᠦᠬᠡ ᠰᠤᠶᠤᠯ᠂ ᠤᠳᠬ᠎ᠠ ᠵᠤᠬᠢᠶᠠᠯ ᠤᠨ ᠨᠤᠮ ᠢ ᠦᠷᠬᠦᠯᠵᠢ ᠰᠠᠶᠢᠨ ᠤᠩᠰᠢᠳᠠᠭ ᠪᠦᠬᠡᠳ ᠤᠶᠤᠳᠠᠯ ᠢᠶᠠᠨ ᠤᠶᠤᠭᠠᠳ ᠰᠠᠭᠤᠬᠤ ᠳᠤ ᠴᠤ ᠭᠠᠷ ᠤᠳᠠᠰᠤᠨ ᠳᠡᠬᠡᠷ᠎ᠡ ᠪᠠᠨ ᠤᠩᠰᠢᠳᠠᠭ ᠨᠤᠮ ᠰᠤᠨᠤᠰᠤᠭᠠᠳ ᠰᠠᠭᠤᠳᠠᠭ ᠬᠡᠨ᠎ᠡ᠃ ᠪᠢᠳᠡ ᠨᠠᠷᠠᠨ᠎ᠠ ᠶᠢᠨ ᠬᠡᠷ ᠲᠤᠨᠢ ᠰᠤᠷᠪᠤᠯᠵᠢᠯᠠᠵᠤ ᠰᠠᠭᠤᠬᠤ ᠳᠤ ᠰᠢᠷᠡᠬᠡᠨ ᠤ ᠴᠠᠭᠠᠨ᠎ᠠ ᠬᠡᠳᠦᠨ ᠺᠢᠷᠢᠯ ᠦᠰᠦᠭ ᠤᠨ ᠨᠤᠮ ᠳᠠᠯᠪᠢᠭᠠᠰᠤᠳᠠᠢ ᠪᠠᠶᠢᠯ᠎ᠠ᠃ ᠺᠢᠷᠢᠯ ᠦᠰᠦᠭ ᠢ ᠦᠪᠡᠷᠳᠡᠬᠡᠨ ᠰᠤᠷᠴᠤ ᠤᠩᠰᠢᠵᠤ ᠪᠠᠶᠢᠯ᠎ᠠ᠃ ᠨᠠᠷᠠᠨ᠎ᠠ᠄ ︽ᠡᠳᠡᠬᠡᠷ ᠵᠢᠯ ᠤᠳ ᠲᠤ ᠨᠤᠮ ᠪᠢᠴᠢᠭ ᠠᠴᠠ ᠵᠠᠶᠢᠳᠠᠭᠰᠠᠨ ᠦᠬᠡᠢ ᠨᠢ ᠦᠪᠡᠷ ᠤᠨ ᠳᠤᠷ᠎ᠠ ᠪᠠᠬ᠎ᠠ᠂ ᠶᠡᠷᠦ ᠨᠢ ᠰᠢᠯᠭᠠᠯᠳᠠ ᠳᠤ ᠨᠢᠬᠡ ᠤᠷᠤᠵᠤ ᠦᠵᠡᠬᠦ ᠶᠠᠪᠤᠳᠠᠯ ᠡᠳᠦᠷ ᠤᠨ ᠪᠤᠳᠤᠯ ᠰᠦᠨᠢ ᠶᠢᠨ ᠵᠡᠬᠦᠳᠡᠨ ᠠᠴᠠ ᠰᠠᠯᠬᠤ ᠦᠬᠡᠢ ᠪᠠᠶᠢᠭᠰᠠᠨ᠃ ᠦᠬᠢᠨ ᠮᠠᠨᠢ ᠵᠦᠳᠡᠬᠦᠬᠡᠨ ᠴᠡᠴᠡᠷᠯᠢᠭ ᠲᠤ ᠰᠠᠭᠤᠵᠤ᠂ ᠬᠦᠤ ᠮᠠᠨᠢ ᠪᠠᠭ᠎ᠠ ᠰᠤᠷᠭᠠᠭᠤᠯᠢ ᠳᠤ ᠰᠤᠷᠴᠤ ᠪᠠᠶᠢᠬᠤ 2012 ᠤᠨ ᠤ ᠦᠶ᠎ᠠ ᠪᠠᠷ ᠤᠯᠤᠰ ᠤᠨ ᠨᠢᠬᠡᠳᠦᠯᠳᠡᠢ ᠰᠢᠯᠭᠠᠯᠳᠠ ᠳᠤ ᠤᠷᠤᠯᠴᠠᠶ᠎ᠠ ᠬᠡᠵᠦ ᠨᠤᠮ ᠴᠤᠭᠯᠠᠭᠤᠯᠵᠤ ᠦᠵᠡᠯ᠎ᠡ᠃ ᠬᠡᠪᠡᠴᠦ ᠰᠢᠯᠭᠠᠭᠤᠯᠵᠤ ᠤᠷᠤᠭᠰᠠᠨ ᠴᠤ ᠬᠡᠦᠬᠡᠳ ᠪᠠᠭ᠎ᠠ᠂ ᠰᠤᠷᠤᠯᠴᠠᠬᠤ ᠪᠤᠯᠤᠮᠵᠢ ᠨᠦᠬᠦᠴᠡᠯ ᠦᠬᠡᠢ ᠪᠤᠯᠬᠤᠷ ᠨᠢ ᠡᠨᠡ ᠬᠦ ᠬᠦᠰᠡᠯ ᠢᠶᠠᠨ ᠲᠦᠷ ᠳᠠᠶᠠᠭᠳᠠᠵᠠᠢ᠃ ᠤᠨ ᠵᠢᠯ ᠦᠩᠬᠡᠷᠡᠬᠦ ᠪᠠᠷ ᠡᠷᠡᠬᠡᠯᠵᠡᠵᠦ ᠳᠠᠳᠠᠭᠠᠯᠵᠠᠬᠤ ᠴᠤ ᠪᠤᠯᠤᠯ᠎ᠠ᠃ ᠬᠠᠷᠢᠨ ᠨᠤᠮ ᠪᠢᠴᠢᠭ ᠠᠴᠠ ᠠᠯᠳᠠᠷᠳᠤ ᠬᠦᠮᠦᠰ ᠤᠨ ᠦᠯᠢᠬᠡᠷ ᠢ ᠤᠩᠰᠢᠬᠤ ᠪᠠᠷ ᠨᠢ ᠵᠤᠷᠢᠭ ᠤᠨᠳᠤᠷᠤᠵᠤ ᠰᠢᠨᠳᠠᠰᠤ ᠡᠷᠴᠢᠯᠡᠭᠳᠡᠵᠦ ᠰᠢᠯᠭᠠᠬᠤ ᠪᠠᠷ ᠰᠢᠭᠤᠳᠴᠠᠢ︾ ᠬᠡᠵᠦ ᠶᠠᠷᠢᠨ᠎ᠠ᠃    ᠨᠢᠳᠤᠨᠤᠨ ᠬᠦᠦ ᠳᠤᠯᠭ᠎ᠠ ᠨᠢ 2020 ᠤᠨ ᠤ ᠤᠯᠤᠰ ᠤᠨ ᠨᠢᠬᠡᠳᠦᠯᠳᠡᠢ ᠰᠢᠯᠭᠠᠯᠳᠠ ᠳᠤ ᠨᠡᠷ᠎ᠡ ᠮᠡᠳᠡᠬᠦᠯᠬᠦ ᠳᠤ ᠨᠠᠷᠠᠨ᠎ᠠ ᠴᠤ ᠬᠦᠤ ᠲᠠᠢ ᠪᠠᠨ ᠬᠠᠮᠳᠤ ᠰᠢᠯᠭᠠᠬᠤ ᠪᠠᠷ ᠨᠡᠷ᠎ᠡ ᠮᠡᠳᠡᠬᠦᠯᠵᠡᠢ᠃ ︽ᠡᠵᠢ ᠡ ᠨᠠᠳᠠ ᠲᠠᠢ ᠬᠠᠮᠳᠤ ᠰᠢᠯᠭᠠᠴᠢᠬ᠎ᠠ ᠬᠡᠬᠦ ᠬᠦᠦ ᠶᠢᠨ ᠮᠢᠨᠢ ᠵᠤᠷᠢᠭᠵᠢᠭᠤᠯᠤᠯ ᠵᠢᠴᠢ ᠨᠦᠬᠦᠷ ᠴᠤ ᠮᠢᠨᠦ ᠬᠦᠰᠡᠯ ᠮᠦᠷᠦᠬᠡᠳᠦᠯ ᠢ ᠤᠢᠢᠯᠠᠭᠠᠵᠤ ᠳᠡᠮᠵᠢᠳᠡᠭ ᠢᠶᠠᠷ ᠨᠢᠳᠤᠨᠤᠨ ᠤ 9 ᠰᠠᠷ᠎ᠠ ᠳᠤ ᠬᠦᠬᠡᠬᠤᠳᠠ ᠶᠢᠨ ᠳᠠᠪᠳᠠᠬᠤ ᠠᠩᠬᠢ ᠳᠤ ᠰᠠᠭᠤᠵᠤ ᠰᠢᠯᠭᠠᠯᠳᠠ ᠳᠤ ᠪᠡᠯᠡᠳᠬᠡᠵᠡᠢ᠃ ᠬᠢᠵᠢᠭ ᠤᠨ ᠬᠤᠭᠤᠴᠭᠠᠠᠨ ᠳᠤ ᠬᠦᠦ ᠬᠡᠷ ᠲᠡᠭᠡᠨ ᠰᠠᠭᠤᠵᠤ ᠰᠦᠯᠵᠢᠶᠡᠨ ᠬᠢᠴᠢᠶᠡᠯ ᠤᠷᠤᠬᠤ ᠳᠤ ᠪᠢ ᠬᠠᠵᠠᠭᠤ ᠳᠤ ᠨᠢ ᠬᠡᠯᠡ ᠪᠢᠴᠢᠭ ᠤᠨ ᠬᠢᠴᠢᠶᠡᠯ ᠢ ᠨᠢ ᠰᠤᠨᠤᠰᠳᠠᠭ᠂ ᠬᠦᠦ ᠳᠡᠭᠡᠨ ᠵᠤᠷᠢᠭᠵᠢᠭᠤᠯᠤᠯ ᠪᠤᠯᠵᠤ ᠬᠠᠮᠳᠤ ᠳᠠᠪᠳᠠᠨ᠎ᠡ᠂ ᠤᠢᠢᠯᠠᠭᠠᠬᠤ ᠦᠬᠡᠢ ᠮᠡᠳᠡᠬᠦ ᠦᠬᠡᠢ ᠵᠦᠢᠯ ᠢᠶᠠᠨ ᠬᠦᠦ ᠪᠠᠷ ᠢᠶᠠᠨ ᠵᠢᠭᠠᠯᠭᠠᠨ᠎ᠠ︾ ᠬᠡᠵᠦ ᠡᠬᠡ ᠬᠦᠦ ᠬᠤᠶᠠᠭᠤᠯᠠ ᠲᠦᠰᠢᠭ ᠬᠠᠨᠢ ᠪᠤᠯᠵᠤ ᠰᠤᠷᠤᠯᠴᠠᠭᠰᠠᠨ ᠳᠤᠬᠠᠢ ᠡᠵᠢ ᠨᠢ ᠤᠴᠢᠷᠯᠠᠬᠤ ᠳᠤ ᠳᠤᠯᠭ᠎ᠠ᠄ ︽ᠡᠵᠢ ᠴᠤ ᠨᠠᠳᠠ ᠳᠤ ᠦᠨᠡᠬᠡᠷ ᠰᠡᠳᠬᠢᠯ ᠤᠨ ᠲᠦᠰᠢᠭ ᠳᠠᠭᠤᠷᠢᠶᠠᠯ ᠪᠤᠯᠤᠭᠰᠠᠨ ᠰᠢᠤ︕ ᠬᠠᠶᠠ ᠳᠠᠪᠳᠠᠯᠭ᠎ᠠ ᠬᠢᠴᠢᠶᠡᠯ ᠳᠡᠭᠡᠨ ᠵᠠᠯᠬᠠᠭᠤᠷᠠᠵᠤ᠂ ᠪᠤᠳᠤᠯ ᠰᠡᠳᠬᠢᠯ ᠬᠤᠯᠠ ᠬᠡᠶᠢᠬᠦᠷᠬᠦ ᠳᠤ ᠡᠵᠢ ᠶᠢᠨ ᠢᠶᠠᠨ ᠰᠤᠷᠤᠯᠴᠠᠵᠤ ᠪᠠᠶᠢᠬᠤ ᠶᠢ ᠪᠤᠳᠤᠬᠤ ᠲᠠᠢ ᠵᠡᠷᠬᠡ ᠵᠢᠯᠤᠭᠤ ᠴᠢᠩᠭᠠᠷᠠᠠᠳᠠᠭ︾ ᠬᠡᠵᠦ ᠶᠠᠷᠢᠨ᠎ᠠ᠃    20 ᠭᠠᠷᠤᠢ ᠵᠢᠯ ᠤᠨ ᠬᠦᠰᠡᠯ ᠬᠦᠯᠢᠶᠡᠯᠳᠡ ᠪᠠᠷ ᠨᠠᠷᠠᠨ᠎ᠠ 7 ᠰᠠᠷ᠎ᠠ ᠶᠢᠨ 7 ᠤ ᠡᠳᠦᠷ ᠬᠦᠬᠡᠬᠤᠳᠠ ᠳᠤ ᠤᠯᠤᠰ ᠤᠨ ᠨᠢᠬᠡᠳᠦᠯᠳᠡᠢ ᠰᠢᠯᠭᠠᠯᠳᠠ ᠳᠤ ᠤᠷᠤᠯ᠎ᠠ᠃ ︽ᠮᠤᠩᠭᠤᠯ ᠬᠡᠯᠡ ᠪᠢᠴᠢᠭ᠂ ᠨᠡᠶᠢᠬᠡᠮ ᠤᠨ ᠰᠢᠨᠵᠢᠯᠡᠬᠦ ᠤᠬᠭᠠᠨ ᠤ ᠬᠢᠴᠢᠶᠡᠯ ᠲᠦᠷᠦᠯ ᠤᠨ ᠳᠡᠷᠡ ᠬᠦ ᠬᠤᠶᠠᠷ ᠴᠠᠭ ᠬᠠᠭᠠᠰ ᠤᠨ ᠰᠢᠯᠭᠠᠯᠳᠠ ᠳᠤ ᠮᠤᠩᠭᠤᠯ ᠦᠰᠦᠭ ᠢᠶᠠᠨ ᠵᠢᠷᠢᠯᠵᠢᠬᠦᠯᠦᠨ ᠪᠢᠴᠢᠬᠦ ᠳᠤ ᠦᠨᠡᠬᠡᠷ ᠭᠠᠳᠠᠭᠠᠳᠤ ᠤᠷᠴᠢᠯᠠᠩ ᠢᠶᠠᠷ ᠳᠤᠭᠤᠷᠢᠭᠠᠳ ᠢᠷᠡᠬᠦ‍ ᠰᠢᠭ ᠪᠠᠶᠠᠷ ᠪᠠᠭ᠋ᠠᠳᠤᠯ ᠵᠤᠯ ᠵᠢᠷᠭᠠᠯ ᠲᠠᠢ᠂ ᠦᠷᠦ ᠵᠢᠷᠦᠬᠡ ᠮᠢᠨᠢ ᠬᠠᠯᠬᠢᠯᠠᠨ ᠴᠠᠯᠬᠢᠯᠠᠵᠤ ᠪᠠᠶᠢᠯ᠎ᠠ︾ ᠬᠡᠵᠦ ᠰᠢᠯᠭᠠᠯᠳᠠ ᠳᠤ ᠤᠷᠤᠯᠴᠠᠭᠰᠠᠨ ᠦᠶ᠎ᠠ ᠶᠢᠨ ᠲᠦᠷᠦᠭᠳᠡᠯ ᠢᠶᠠᠨ ᠬᠤᠪᠢᠶᠠᠯᠴᠠᠨ᠎ᠠ᠃ ᠬᠤᠪᠢ ᠨᠡᠶᠢᠳᠡᠯᠡᠬᠦ ᠳᠤ᠂ ᠨᠠᠷᠠᠨ᠎ᠠ 404 ᠬᠤᠪᠢ ᠰᠢᠯᠭᠠᠵᠤ᠂ ᠮᠤᠩᠭᠤᠯ ᠬᠡᠯᠡ ᠳᠡᠭᠡᠨ 111 ᠬᠤᠪᠢ᠂ ᠨᠡᠶᠢᠬᠡᠮ ᠤᠨ ᠰᠢᠨᠵᠢᠯᠡᠬᠦ ᠤᠬᠠᠭᠠᠨ ᠤ ᠬᠢᠴᠢᠶᠡᠯ ᠲᠦᠷᠦᠯ ᠳᠡᠭᠡᠨ 187 ᠬᠤᠪᠢ ᠰᠢᠯᠭᠠᠵᠠᠢ᠃ ︽ᠮᠢᠨᠦ ᠤᠶᠤᠳᠠᠨ ᠬᠦᠰᠡᠯ ᠳᠡᠷᠬᠡᠯᠰᠢᠬᠦ ᠳᠤ ᠮᠢᠨᠦ ᠡᠬᠡ ᠬᠡᠯᠡ ᠮᠤᠩᠭᠤᠯ ᠬᠡᠯᠡ ᠪᠢᠴᠢᠭ ᠯᠡ ᠨᠠᠳᠠ ᠶᠢ ᠡᠨᠡ ᠲᠦᠪᠰᠢᠨ ᠳᠤ ᠬᠦᠷᠬᠡᠵᠡᠢ᠃ ᠨᠤᠮ ᠵᠤᠬᠢᠶᠠᠯ ᠰᠠᠶᠢᠨ ᠤᠩᠰᠢᠳᠠᠭ ᠢᠶᠠᠷ ᠴᠡᠬᠡᠵᠢᠯᠡᠬᠦ ᠴᠢᠳᠠᠪᠤᠷᠢ ᠠᠨᠠᠢ ᠪᠤᠯᠤᠭᠰᠠᠨ ᠴᠤ ᠤᠢᠢᠯᠠᠭᠠᠵᠤ ᠡᠵᠡᠮᠰᠢᠬᠦ ᠰᠠᠶᠢᠨ ᠰᠢᠭ ᠪᠤᠯᠬᠤᠷ ᠳᠡᠦᠬᠡ ᠤᠯᠤᠰ ᠲᠦᠷᠦ ᠶᠢᠨ ᠬᠢᠴᠢᠶᠡᠯ ᠤᠨ ᠰᠢᠯᠭᠠᠯᠳᠠ ᠳᠤ ᠦᠭᠬᠦᠭᠳᠡᠭᠰᠡᠨ ᠮᠠᠲ᠋ᠧᠷᠢᠶᠠᠯ ᠢᠶᠠᠨ ᠠᠰᠢᠭᠯᠠᠵᠤ ᠰᠡᠳᠦᠪ ᠢᠶᠠᠨ ᠨᠡᠯᠢᠶᠡᠳ ᠵᠦᠬᠡᠷ ᠬᠠᠷᠢᠭᠤᠯᠵᠤ ᠬᠠᠨᠤᠮᠵᠢᠳᠠᠢ ᠦᠷ᠎ᠠ ᠪᠦᠳᠦᠮᠵᠢ ᠤᠯᠵᠤ ᠴᠢᠳᠠᠵᠠᠢ᠂ ᠬᠡᠦᠬᠡᠳ ᠬᠡᠯᠡ ᠪᠢᠴᠢᠭ ᠢᠶᠠᠨ ᠰᠠᠶᠢᠨ ᠰᠤᠷᠪᠠᠯ ᠰᠢᠯᠭᠠᠯᠳᠠ ᠳᠤ ᠵᠦᠳᠡᠷᠡᠬᠦ ᠦᠬᠡᠢ︾ ᠬᠡᠵᠦ ᠨᠠᠷᠠᠨ᠎ᠠ ᠦᠪᠡᠷ ᠤᠨ ᠳᠤᠷᠰᠢᠯᠭ᠎ᠠ ᠪᠠᠨ ᠶᠠᠷᠢᠨ᠎ᠠ᠃    ᠬᠦᠮᠦᠨ ᠤ ᠠᠮᠢᠳᠤᠷᠠᠯ ᠤᠨ ᠬᠦᠰᠡᠯ ᠬᠦᠬᠡᠬᠡᠴᠡᠯᠳᠦᠯ ᠠᠳᠠᠯᠢ ᠦᠬᠡᠢ ᠪᠠᠶᠢᠳᠠᠭ᠃ ᠮᠠᠯᠴᠢᠨ᠂ ᠤᠶᠤᠳᠠᠯᠴᠢᠨ ᠬᠦᠳᠡᠭᠡ ᠶᠢᠨ ᠪᠦᠰᠡᠬᠦᠢ ᠤᠶᠤᠳᠠᠨ ᠬᠦᠰᠡᠯ ᠢᠶᠠᠨ ᠳᠡᠷᠬᠡᠯᠰᠢᠬᠦᠯᠵᠦ ᠶᠡᠭᠡ ᠰᠤᠷᠭᠠᠭᠤᠯᠢ ᠶᠢᠨ ᠰᠤᠷᠤᠯᠭ᠎ᠠ ᠠᠮᠢᠳᠤᠷᠠᠯ ᠢᠶᠠᠨ ᠡᠬᠢᠯᠡᠬᠦᠯᠬᠦ ᠪᠤᠯᠤᠨ᠎ᠠ᠃ ︽ᠬᠦᠤ ᠮᠠᠨᠢ ᠰᠠᠶᠢᠨ ᠰᠢᠯᠭᠠᠭᠰᠠᠨ ᠢᠶᠠᠷ ᠦᠷᠬᠦᠯᠵᠢᠯᠡᠨ ᠰᠠᠶᠢᠨ ᠰᠤᠷᠤᠯᠴᠠᠵᠤ᠂ ᠦᠪᠡᠷ ᠤᠨ ᠡᠬᠡ ᠤᠯᠤᠰ ᠦᠨᠳᠦᠰᠦᠳᠡᠨ ᠤᠭᠰᠠᠭᠠᠳᠠᠨ ᠳᠠᠭᠠᠨ ᠬᠡᠷᠡᠭᠴᠡᠭᠡ ᠲᠠᠢ ᠬᠦᠮᠦᠨ ᠪᠤᠯᠵᠤ ᠶᠠᠪᠤᠬᠤ ᠶᠢ ᠬᠦᠰᠡᠨ᠎ᠡ᠃ ᠪᠢ ᠴᠤ ᠦᠪᠡᠷ ᠤᠨ ᠪᠡᠶ᠎ᠠ ᠲᠡᠭᠡᠨ ᠳᠤᠬᠢᠷᠠᠭᠰᠠᠨ ᠳᠤᠰᠬᠠᠢ ᠮᠡᠷᠬᠡᠵᠢᠯ ᠢᠶᠠᠨ ᠰᠤᠩᠭᠤᠵᠤ᠂ ᠬᠤᠵᠢᠮ ᠨᠦᠬᠦᠴᠡᠯ ᠪᠤᠯᠤᠮᠵᠢ ᠲᠠᠢ ᠪᠤᠯ ᠠᠰᠫᠢᠷᠠᠨᠲ᠂ ᠳ᠋ᠤᠺᠲ᠋ᠤᠷ ᠢᠶᠠᠷ ᠰᠤᠷᠤᠯᠴᠠᠬᠤ ᠰᠠᠨᠠᠭ᠎ᠠ ᠲᠠᠢ᠂ ᠮᠠᠨ ᠤ ᠮᠠᠯᠴᠢᠨ ᠬᠦᠮᠦᠨ ᠴᠤ ᠰᠠᠶᠢᠨ ᠰᠠᠶᠢᠬᠠᠨ ᠢ ᠬᠦᠬᠡᠬᠡᠴᠡᠯᠳᠦᠵᠦ᠂ ᠴᠠᠭ ᠨᠡᠶᠢᠬᠡᠮ ᠲᠠᠢ ᠵᠡᠷᠬᠡ ᠪᠠᠷ ᠳᠠᠪᠰᠢᠵᠤ᠂ ᠮᠡᠳᠡᠯᠬᠡ ᠪᠤᠯᠪᠠᠰᠤᠷᠠᠯ ᠢᠶᠠᠨ ᠳᠡᠬᠡᠭᠰᠢᠯᠡᠬᠦᠯᠵᠦ ᠬᠦᠰᠡᠯ ᠮᠦᠷᠦᠭᠡᠳᠦᠯ ᠢᠶᠠᠨ ᠪᠡᠶᠡᠯᠡᠬᠦᠯᠬᠦ ᠪᠠᠷ ᠴᠢᠷᠮᠠᠶᠢᠬᠤ ᠭᠡᠷᠡᠭᠳᠡᠢ ᠰᠢᠤ︾ ᠭᠡᠵᠦ ᠬᠤᠯᠠ ᠶᠢᠨ ᠪᠤᠳᠤᠯ ᠢᠶᠠᠨ ᠳᠡᠯᠬᠡᠨ᠎ᠡ᠃                    ᠵᠤᠬᠢᠶᠠᠭᠴᠢ᠄ ᠨᠠᠪᠴᠢ    ᠰᠢᠯᠢᠨᠬᠡᠷᠡᠯ                    ᠲᠡᠪᠰᠢᠬᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2