ᠠᠳᠤᠭᠤᠨ ᠤ ᠪᠤᠶᠠᠨᠳᠠᠢ ᠨᠤᠳᠤᠬ — ᠠᠬᠳᠠ ᠶᠢᠨ ᠬᠡᠶᠢᠮᠦᠷᠢ ᠲᠠᠢ ᠮᠠᠯᠴᠢᠳ
ᠨᠡᠶᠢᠲᠡᠯᠡᠭᠰᠡᠨ ᠴᠠᠭ᠄
2020/11/23
     ︽ᠠᠮᠠᠨ ᠪᠡᠯᠭᠡ ᠬᠠᠮᠢᠭᠠᠰᠢ ᠪᠠᠨ ᠪᠤᠯ ᠠᠰᠢᠳᠠ ᠶᠢᠨ ᠪᠡᠯᠭᠡ ᠲᠡᠰᠢ ᠪᠠᠨ︾ ᠭᠡᠳᠡᠭ   ᠢᠶᠠᠷ᠂ ᠲᠡᠦᠭᠡᠨ ᠲᠡᠭᠡᠷ᠎ᠡ ︽ᠲᠦᠷᠪᠡᠨ ᠬᠡᠦᠬᠡᠳ︾ ᠤᠨ ᠬᠤᠰᠢᠭᠤ ᠬᠡᠮᠡᠨ ᠠᠯᠳᠠᠷᠰᠢᠬᠰᠠᠨ ᠲᠦᠷᠪᠡᠳ ᠬᠤᠰᠢᠭᠤ ᠶᠢ ᠨᠤᠳᠤᠬ ᠤᠰᠤ ᠨᠢ ᠠᠳᠤᠭᠤᠨ ᠤ ᠪᠤᠶᠠᠨ ᠭᠡᠰᠢᠭ ᠲᠠᠢ᠂ ᠬᠦᠮᠦᠨ ᠠᠷᠠᠳ ᠨᠢ ᠠᠬᠳᠠ ᠶᠢᠨ ᠬᠡᠶᠢᠮᠦᠷᠢ ᠲᠠᠪᠢᠯᠠᠩ ᠲᠠᠢ ᠬᠡᠵᠦ ᠬᠠᠭᠤᠴᠢᠯᠠᠳᠠᠬ ᠨᠢ ᠦᠨᠡᠭᠡᠷ ᠤᠷᠤ ᠲᠠᠢ ᠪᠠᠶᠢᠵᠠᠢ᠃ ᠲᠡᠦᠬᠡᠨ ᠲᠡᠭᠡᠷ᠎ᠡ ᠭᠡᠳᠦᠢ ᠠᠳᠤᠭᠤ ᠲᠠᠢ ᠪᠠᠶᠢᠬᠰᠠᠨ ᠢ ᠨᠢ ᠭᠠᠳᠠᠷᠯᠠᠬᠤ ᠬᠦᠮᠦᠨ ᠦᠬᠡᠢ ᠪᠤᠯᠤᠬᠰᠠᠨ ᠴᠤ ᠠᠬᠠᠮᠠᠳ ᠨᠠᠰᠤᠳᠠᠤᠨ ᠤᠨ ᠶᠠᠷᠢᠶ᠎ᠠ ᠶᠢ ᠦᠨᠳᠦᠰᠦᠯᠡᠪᠡᠯ ᠴᠢᠯᠦᠬᠡᠯᠡᠭᠳᠡᠭᠰᠡᠨ ᠤ ᠲᠠᠷᠠᠭ᠎ᠠ᠂ ᠲᠠᠪᠢᠭᠠᠳ ᠤᠨ ᠳᠤ ᠤᠷᠤᠵᠤ ᠢᠷᠡᠳᠡᠯ᠎ᠡ ᠲᠦᠮᠡ ᠭᠠᠷᠤᠢ ᠠᠳᠤᠭᠤ ᠲᠠᠢ ᠪᠠᠶᠢᠬᠰᠠᠨ  ᠢᠶᠠᠷ ᠪᠠᠷᠠᠬᠤ ᠦᠬᠡᠢ ᠲᠤᠬᠠᠢ ᠶᠢᠨ ᠦᠶ᠎ᠡ ᠳᠤ ᠠᠳᠤᠭᠤ ᠤᠯᠠᠨᠳᠠᠢ ᠰᠢᠯᠢ ᠶᠢᠨ ᠭᠤᠤᠯ ᠤᠨ ᠠᠪᠠᠭ᠎ᠠ᠂ ᠦᠵᠦᠮᠦᠴᠢᠨ ᠳᠤ ᠬᠦᠷᠳᠡᠯ᠎ᠡ ᠠᠯᠳᠠᠷ ᠲᠠᠢ᠂ ᠬᠠᠷ᠎ᠠ ᠤᠰᠤᠷᠵᠠᠪ᠂ ᠬᠠᠮᠠᠷ ᠦᠬᠡᠢ ᠵᠡᠮᠰᠦ ᠵᠡᠷᠬᠡ ︽ᠲᠦᠷᠪᠡᠳ ᠤᠨ ᠲᠦᠷᠪᠡᠨ ᠠᠳᠤᠭᠤᠴᠢᠨ︾   ᠢᠶᠠᠷ ᠲᠦᠯᠦᠬᠡᠯᠡᠭᠦᠯᠦᠭᠰᠡᠨ ᠮᠠᠰᠢ ᠤᠯᠠᠨ ᠠᠳᠤᠭᠤᠴᠢᠨ᠂ ᠤᠷᠭᠠᠴᠢᠨ᠂ ᠤᠶᠠᠭᠠᠴᠢ᠂ ᠡᠮᠨᠡᠭᠴᠢᠨ ᠪᠠᠶᠢᠬᠰᠠᠨ ᠪᠤᠯ ᠵᠢᠷᠠᠭᠠᠳ ᠤᠨ ᠳᠤ ᠪᠦᠬᠡᠸᠠᠴᠢᠷ᠂ ᠴᠢᠨᠤᠨ ᠭᠠᠷᠮ᠎ᠠ᠂ ᠮᠠᠵᠢᠬ᠂ ᠬᠦᠷᠵᠡᠪ᠂ ᠵᠦᠷᠢᠭᠦᠦ ᠴᠦᠢᠮᠪᠤᠯ ᠵᠡᠷᠬᠡ ᠤᠢᠢᠷ᠎ᠠ ᠦᠶ᠎ᠡ ᠶᠢᠨ ᠨᠡᠷ᠎ᠡ ᠲᠠᠢ ᠠᠳᠤᠭᠤᠴᠢᠨ᠂ ᠤᠷᠭᠠᠴᠢᠨ ᠪᠠᠶᠢᠬᠰᠠᠨ ᠤ ᠲᠤᠳᠤᠷ᠎ᠠ ᠨᠡᠷᠡᠳᠦ ᠤᠶᠠᠭᠠᠴᠢ ᠴᠢᠨᠤᠨ ᠭᠠᠷᠮ᠎ᠠ ᠶᠢᠨ ᠬᠠᠷ᠎ᠠ ᠭᠡᠳᠡᠭ ᠪᠦᠬᠦ ᠤᠷᠤᠨ ᠲᠠᠶᠠᠭᠠᠷ ᠲᠤ ᠴᠤᠤᠳᠠᠢ ᠬᠤᠷᠳᠤᠨ ᠤᠷᠤᠯᠳᠤᠭᠠᠨ ᠤ ᠬᠦᠯᠦᠭ ᠪᠠᠶᠢᠬᠰᠠᠨ ᠪᠦᠬᠡᠳ ᠤᠳᠤ ᠲᠡᠬᠦᠨ ᠤ ᠨᠡᠷ᠎ᠡ ᠠᠯᠳᠠᠷ ᠢ ᠵᠠᠯᠭᠠᠵᠤ ᠪᠤᠯᠤᠮᠠᠷ ᠪᠢᠯᠢᠭᠦᠨ ᠤ ᠬᠤᠯᠠᠨ ᠭᠡᠭᠡᠷ ᠭᠡᠳᠡᠭ ᠬᠤᠷᠳᠤᠨ ᠮᠤᠷᠢ ᠤᠶᠠᠭ᠎ᠠ ᠰᠤᠷᠢᠭᠠᠨ ᠳᠠᠭᠠᠨ ᠲᠡᠩᠴᠡᠭᠡᠳ ᠪᠠᠶᠢᠬᠤ ᠶᠢ ᠠᠳᠤᠭᠤᠨ ᠰᠤᠶᠤᠯ ᠳᠠᠭᠠᠨ ᠬᠠᠶᠢᠷ᠎ᠠ ᠲᠠᠢ ᠨᠠᠶᠠᠭᠠᠳ ᠤᠨ ᠤ ᠬᠢᠨ ᠳᠤ ᠬᠦᠷᠳᠡᠯ᠎ᠡ ᠬᠦᠦᠷᠨᠢᠯᠳᠦᠭᠰᠡᠭᠡᠷ ᠪᠠᠶᠢᠭ᠎ᠠ ᠶᠢ ᠶᠠᠷᠢᠬᠤ ᠪᠠᠷ ᠦᠨᠡᠭᠡᠷ ᠪᠠᠬ᠎ᠠ ᠲᠠᠢ ᠪᠠᠶᠢᠨ᠎ᠠ᠃ ᠬᠡᠪᠡᠴᠦ ᠶᠡᠭᠡ ᠲᠠᠭᠠᠭᠠᠴᠢᠯᠠᠯᠳᠠ ᠠᠴᠠ ᠨᠠᠰᠢ᠂ ᠠᠳᠡᠬᠢ ᠠᠳᠤᠭᠤ ᠲᠡᠮᠡᠭᠡ ᠵᠡᠷᠬᠡ ᠪᠤᠳᠠ ᠮᠠᠯ ᠠᠷᠭ᠎ᠠ ᠦᠬᠡᠢ ᠶᠡᠭᠡ ᠬᠤᠬᠢᠷᠠᠯ ᠳᠤ ᠤᠴᠠᠷᠠᠵᠤ᠂ ᠤᠨᠴᠠᠭᠠᠢᠢᠯᠠᠨ ᠠᠳᠤᠭᠤ ᠨᠢ ᠭᠡᠳᠦᠨ ᠲᠤᠮᠤ ᠠᠶᠢᠯ ᠤᠨ ᠴᠢᠳᠤᠷ ᠤᠨ ᠮᠤᠷᠢᠳ ᠠᠴᠠ ᠦᠬᠡᠷ᠎ᠡ ᠦᠬᠡᠢ ᠪᠤᠯᠤᠬᠰᠠᠨ ᠪᠠᠶᠢᠨ᠎ᠠ᠃ ᠢᠩᠬᠢᠭᠡᠳ ᠰᠢᠨ᠎ᠡ ᠮᠢᠩᠭᠠᠨ ᠠᠴᠠ ᠡᠬᠢᠯᠡᠨ ᠨᠡᠶᠢᠬᠡᠮ ᠤᠨ ᠬᠦᠭᠵᠢᠯᠳᠡ ᠶᠢ ᠲᠠᠭᠠᠯᠳᠤᠨ᠂ ᠠᠷᠠᠳ ᠤᠨ ᠠᠮᠢᠳᠤᠷᠠᠯ ᠰᠠᠶᠢᠵᠢᠷᠠᠵᠤ᠂ ᠨᠠᠶᠢᠷ ᠨᠠᠭᠠᠳᠤᠮ ᠤᠯᠠᠰᠢᠷᠠᠨ᠂ ᠡᠷ᠎ᠡ ᠶᠢᠨ ᠭᠤᠷᠪᠠᠨ ᠨᠠᠭᠠᠳᠤᠮ ᠤᠨ ᠭᠡᠷᠡᠭᠴᠡᠭᠡ ᠠᠴᠠ ᠪᠤᠯᠵᠤ᠂ ᠠᠳᠡᠬᠢ ᠠᠳᠤᠭᠤᠨ ᠳᠠᠭᠠᠨ ᠬᠠᠶᠢᠷ᠎ᠠ ᠲᠠᠢ ᠮᠠᠯᠴᠢᠳ ᠂ ᠮᠤᠷᠢᠨ ᠳᠤ ᠨᠢᠳᠦ ᠰᠠᠶᠢᠳᠠᠢ ᠠᠳᠤᠭᠤᠴᠢᠨ᠂ ᠤᠶᠠᠭᠠᠴᠢᠳ ᠵᠡᠷᠬᠡ ᠬᠦᠮᠦᠰ ᠲᠦᠷᠦᠭᠦᠯᠡᠨ᠂ ᠨᠢᠬᠡ ᠰᠠᠶᠢᠨ ᠬᠦᠶᠦᠳᠡᠭ ᠮᠤᠩᠭᠤᠯ ᠠᠳᠤᠭᠤᠨ ᠤ ᠤᠳᠤᠮ ᠢ ᠨᠡᠶᠢᠳᠡ ᠲᠠᠪᠤᠨ ᠪᠤᠳᠠ ᠪᠠᠷ ᠰᠤᠯᠢᠬᠤ᠂ ᠬᠡᠳᠦᠨ ᠲᠦᠮᠡᠨ ᠲᠦᠬᠦᠷᠢᠭ  ᠢᠶᠠᠷ ᠠᠪᠬᠤ ᠠᠴᠠ ᠴᠤ ᠪᠤᠴᠠᠬᠤ ᠦᠬᠡᠢ ᠵᠤᠷᠢᠬ ᠬᠦᠰᠡᠯ ᠢᠶᠠᠷ ᠠᠳᠤᠭᠤ ᠪᠠᠨ ᠦᠷᠡᠵᠢᠭᠦᠯᠵᠦ᠂ ᠲᠦᠷᠦᠯᠬᠢ ᠨᠤᠳᠤᠬ ᠤᠰᠤᠨ ᠤ ᠪᠠᠨ ᠠᠳᠤᠭᠤᠨ ᠤ ᠭᠡᠰᠢᠭ ᠪᠤᠶᠠᠨ ᠢ ᠰᠡᠷᠭᠦᠬᠡᠨ ᠭᠦᠭᠵᠢᠭᠦᠯᠦᠭᠰᠡᠨ ᠠᠴᠠ ᠤᠳᠤ ᠸᠧᠢᠢᠵᠢᠩ ᠰᠤᠮᠤᠨ ᠤ ᠸᠧᠢᠢᠵᠢᠩ ᠭᠠᠴᠠᠭ᠎ᠠ ᠵᠡᠷᠬᠡ ᠬᠡᠳᠦᠨ ᠮᠢᠩᠭᠠᠨ ᠠᠳᠤᠭᠤ ᠲᠠᠢ ᠰᠤᠮᠤ ᠭᠠᠴᠠᠭ᠎ᠠ ᠵᠠᠯᠭᠠᠭ᠎ᠠ ᠪᠠᠷ ᠪᠤᠢ ᠪᠤᠯᠵᠤ᠂ ᠶᠡᠭᠡ ᠠᠴᠠ ᠲᠦᠷᠪᠡ ᠲᠠᠪᠤᠨ ᠵᠠᠭᠤᠨ ᠠᠳᠤᠭᠤ᠂ ᠪᠠᠭ᠎ᠠ ᠠᠴᠠ ᠭᠤᠷᠪᠠ ᠲᠦᠷᠪᠡᠨ ᠠᠵᠢᠷᠭ᠎ᠠ ᠠᠳᠤᠭᠤ ᠲᠠᠢ ᠠᠶᠢᠯ ᠪᠦᠬᠦ ᠮᠠᠯᠵᠢᠬᠤ ᠡᠷᠦᠭᠡ ᠶᠢᠨ 90% ᠤᠷᠴᠢᠮ ᠳᠤ ᠬᠦᠷᠦᠭᠰᠡᠨ ᠠᠴᠠ ᠪᠦᠬᠦ ᠬᠤᠰᠢᠭᠤᠨ ᠤ ᠠᠳᠤᠭᠤᠨ ᠤ ᠲᠤᠭ᠎ᠠ ᠤᠳᠤ ᠲᠠᠬᠢᠨ ᠢᠶᠠᠷ ᠦᠰᠴᠦ᠂ ᠬᠤᠶᠠᠷ ᠲᠦᠮᠡ ᠳᠤ ᠲᠦᠭᠦᠭᠰᠡᠨ ᠪᠠᠶᠢᠨ᠎ᠠ᠃     ᠲᠤᠭᠠᠨ ᠤ ᠬᠤᠪᠢᠷᠠᠯᠳᠠ ᠠᠴᠠ ᠴᠢᠨᠠᠷ ᠤᠨ ᠬᠤᠪᠢᠷᠠᠯᠳᠠ ᠭᠠᠷᠳᠠᠬ ᠶᠤᠰᠤ ᠪᠠᠷ ᠤᠳᠤ ᠠᠳᠡᠬᠢ ᠠᠳᠤᠭᠤᠨ ᠳᠠᠭᠠᠨ ᠬᠠᠶᠢᠷ᠎ᠠ ᠲᠠᠢ᠂ ᠠᠳᠤᠭᠤᠨ ᠰᠤᠶᠤᠯ ᠳᠠᠭᠠᠨ ᠲᠤᠷ᠎ᠠ ᠪᠠᠬ᠎ᠠ ᠲᠠᠢ ᠨᠠᠶᠠ ᠶᠡᠷᠡᠭᠡᠳ ᠤᠨ ᠤ ᠵᠠᠯᠠᠭᠤᠴᠤᠳ ᠤᠨ ᠲᠤᠮᠳᠠ ᠠᠴᠠ ᠲᠤᠤᠷᠤᠪ᠂ ᠰᠡᠴᠡᠨᠪᠢᠯᠢᠭ᠂ ᠭᠠᠩᠴᠢᠯᠠᠭᠤ᠂ ᠪᠢᠯᠢᠭᠦᠨ᠂ ᠪᠤᠶ᠋ᠬᠠᠦ᠋ᠯᠵᠡᠢ᠂ ᠪᠠᠳᠤᠨᠠᠰᠤᠨ᠂ ᠦᠨᠢᠷᠡᠷᠳᠡᠨᠢ ᠵᠡᠷᠬᠡ ᠨᠤᠳᠤᠬ ᠤᠰᠤᠨ ᠤ ᠠᠳᠤᠭᠤᠨ ᠰᠤᠶᠤᠯ ᠤᠨ ᠨᠡᠷ᠎ᠠ ᠲᠡᠮᠳᠡᠭ ᠢ ᠡᠷᠭᠦᠵᠤ ᠶᠠᠪᠤᠭ᠎ᠠ ᠰᠢᠨ᠎ᠠ ᠨᠢᠭᠡ ᠦᠶ᠎ᠠ ᠶᠢᠨ ᠠᠳᠤᠭᠤᠴᠢᠨ᠂ ᠤᠷᠭᠠᠴᠢᠨ᠂ ᠤᠶᠠᠭᠠᠴᠢᠨ ᠨᠠᠷ ᠬᠤᠷ᠎ᠠ ᠶᠢᠨ ᠲᠠᠷᠡᠭᠠᠬᠢ ᠬᠤᠯᠤᠰᠤᠨ ᠰᠦᠶ᠎ᠠ ᠮᠠᠳᠤ ᠪᠠᠷ ᠴᠤᠯᠭᠤᠷᠠᠨ ᠭᠠᠷᠴᠦ᠂ ᠲᠡᠳᠡᠨ ᠤ ᠤᠶᠠᠵᠤ ᠰᠦᠢᠨᠨᠰᠡᠨ ᠤᠷᠤᠯᠳᠤᠭᠠᠨ ᠤ ᠮᠤᠷᠢᠳ ᠨᠢ ᠪᠠᠭ᠎ᠠ ᠠᠴᠠ ᠨᠤᠳᠤᠬ ᠤᠰᠤᠨ ᠤ ᠤᠪᠤᠭᠠᠨ ᠨᠠᠶᠢᠷ᠂ ᠶᠡᠭᠡ ᠠᠴᠠ ᠤᠷᠤᠨ ᠠᠶᠢᠮᠠᠬ ᠤᠨ ᠶᠡᠭᠡ ᠨᠠᠭᠠᠳᠤᠮ ᠤᠳ ᠢᠶᠠᠷ ᠦᠵᠦᠭᠦᠷ ᠲᠡᠳ᠋ ᠢ ᠦᠷᠭᠦᠯᠵᠢ ᠠᠪᠤᠭᠠᠳ ᠪᠠᠶᠢᠬᠤ ᠦᠭᠡᠢ ᠴᠦ ᠠᠶᠢᠷᠠᠬ ᠤᠨ ᠲᠠᠪᠤ ᠠᠴᠠ ᠪᠠᠭᠤᠯ ᠦᠭᠡᠢ᠂ ᠠᠯᠳᠡᠷ ᠴᠤᠯᠠ ᠪᠠᠨ ᠮᠠᠨᠳᠤᠭᠤᠯᠬᠤ᠂ ︽ᠴᠠᠪᠴᠢᠷ ᠤᠨ ᠪᠤᠷᠤ ᠠᠳᠤᠭᠤᠨ ᠰᠤᠶᠤᠯ ᠤᠨ ᠺᠯᠦ᠋ᠪ︾᠂ ︽ᠮᠤᠷᠢᠳᠠᠢ ᠵᠠᠶᠠᠭ᠎ᠠ︾ ᠠᠳᠤᠭᠤᠨ ᠤ ᠠᠵᠤ ᠤᠢᠢᠯᠡᠰ ᠤᠨ ᠵᠢᠷᠬᠢᠭᠡ ᠬᠤᠯᠪᠤᠭ᠎ᠠ ᠵᠡᠷᠭᠡ ᠪᠠᠷ ᠲᠦᠯᠦᠭᠡᠯᠡᠭᠦᠯᠦᠭᠰᠡᠨ ᠠᠳᠤᠭᠤᠨ ᠤ ᠠᠵᠤ ᠤᠢᠢᠯᠡᠰ ᠤᠨ ᠬᠤᠷᠰᠢᠶ᠎ᠠ᠂ ᠲᠤᠭᠤᠷᠢᠬ ᠪᠤᠶᠤ ᠲᠤᠮᠤ ᠡᠷᠦᠭᠡ ᠨᠦᠭᠦᠳ ᠴᠤᠯᠭᠤᠷᠠᠨ ᠭᠠᠷᠴᠦ᠂ ᠮᠤᠩᠭᠤᠯ ᠠᠳᠤᠭᠤᠨ ᠤ ᠴᠡᠪᠡᠷ ᠡᠭᠦᠯᠳᠡᠷ ᠤᠨᠨᠰᠠᠭ᠎ᠠ ᠶᠢ ᠬᠦᠭᠵᠢᠬᠦᠯᠬᠦ᠂ ᠮᠢᠬᠠᠨ ᠤ ᠠᠳᠤᠭᠤ ᠦᠷᠡᠵᠢᠭᠦᠯᠬᠦ᠂ ᠴᠡᠭᠡ ᠶᠢᠨ ᠠᠵᠤ ᠤᠢᠢᠯᠡᠰ ᠡᠷᠬᠢᠯᠡᠬᠦ ᠵᠡᠷᠭᠡ ᠠᠷᠭ᠎ᠠ ᠵᠠᠮ ᠢᠶᠠᠷ ᠤᠷᠤᠯᠭ᠎ᠠ ᠪᠠᠨ ᠨᠡᠮᠡᠭᠳᠡᠭᠦᠯᠵᠤ᠂ ᠯᠤᠳᠤ ᠶᠡᠭᠡ ᠠᠵᠤ ᠠᠬᠤᠢ ᠶᠢᠨ ᠦᠷ᠎ᠠ ᠠᠰᠢᠬ ᠡᠭᠦᠳᠴᠦ᠂ ᠶᠠᠳᠠᠭᠤ ᠠᠴᠠ ᠠᠩᠬᠢᠵᠢᠷᠠᠭᠤᠯᠵᠤ ᠪᠤᠭᠤᠮᠳᠠ ᠰᠢᠪᠳᠤᠯᠬᠤ ᠲᠠᠶᠢᠯᠠᠯᠳᠤᠭᠠᠨ ᠳᠤ ᠬᠦᠴᠦᠳᠠᠢ ᠠᠬᠢᠭᠤᠯᠬᠤ ᠤᠢᠢᠯᠡᠳᠤᠯ ᠦᠵᠡᠭᠦᠯᠵᠤ᠂ ᠠᠳᠤᠭᠤᠨ ᠤ ᠭᠡᠰᠢᠭ ᠪᠤᠶᠠᠨ ᠲᠠᠢ ᠨᠤᠳᠤᠬ ᠤᠰᠤᠨ ᠤ ᠪᠠᠨ ᠨᠠᠷ᠎ᠠ ᠠᠯᠳᠡᠷ ᠢ ᠰᠡᠷᠭᠦᠭᠡᠵᠤ᠂ ᠠᠨᠨᠳᠠ ᠶᠢᠨ ᠬᠡᠶᠢᠮᠤᠷᠢ ᠲᠠᠪᠢᠯᠠᠩ ᠲᠠᠢ ᠠᠵᠨ ᠵᠠᠶᠠᠭ᠎ᠠ ᠪᠠᠨ ᠬᠦᠢᠴᠡᠳ ᠡᠳ᠋ᠯᠡᠬᠦ ᠪᠤᠯᠤᠨᠨᠰᠡᠨ ᠪᠠᠶᠢᠨ᠎ᠠ᠃ ᠲᠤᠬᠠᠢᠢᠯᠠᠪᠠᠯ᠂ ᠬᠦᠳᠡᠯᠮᠦᠷᠢ ᠬᠦᠴᠦ ᠲᠠᠢ᠂ ᠨᠦᠬᠦᠴᠡᠯ ᠰᠠᠶᠢᠳᠠᠢ ᠡᠷᠦᠭᠡ ᠨᠢ ᠭᠡᠭᠦᠦ ᠪᠠᠨ ᠰᠠᠭᠠᠵᠤ᠂ ᠴᠡᠭᠡ ᠪᠤᠷᠤᠯᠠᠭᠤᠯᠤᠭᠠᠳ ᠵᠢᠯ ᠳᠤ ᠭᠡᠳᠤᠨ ᠲᠦᠮᠡᠨ ᠲᠦᠭᠦᠷᠢᠭ ᠤᠨ ᠤᠷᠤᠯᠭ᠎ᠠ ᠤᠯᠬᠤ ᠠᠶᠢᠯ ᠤᠯᠠᠰᠢᠷᠠᠵᠠᠢ᠃     — ᠤᠳᠤ ᠡᠳᠤᠷ ᠪᠦᠷᠢ ᠲᠠᠪᠢᠭᠠᠳ ᠺᠢᠯᠦᠭᠷᠡᠮ ᠴᠡᠭᠡ ᠪᠤᠷᠤᠯᠠᠭᠤᠯᠵᠤ ᠪᠤᠢ᠃ ᠭᠡᠬᠦᠦ ᠶᠢᠨ ᠰᠥ ᠴᠤᠯ ᠪᠠᠶᠢᠭᠠᠯᠢᠯᠢᠬ ᠮᠦᠷᠳᠡᠭᠡᠨ ᠪᠤᠬᠢᠷᠳᠤᠯ ᠦᠭᠡᠢ᠂ ᠬᠦᠮᠦᠨ ᠤ ᠪᠡᠶ᠎ᠠ ᠳᠤ ᠤᠯᠠᠨ ᠲᠠᠯ᠎ᠠ ᠶᠢᠨ ᠡᠮᠴᠢᠯᠡᠭᠡᠨ ᠤ ᠤᠢᠢᠯᠡᠳᠤᠯ ᠲᠠᠢ ᠪᠤᠯᠬᠤᠷ ᠬᠦᠷᠦᠩᠭᠡ ᠪᠠᠨ ᠦᠯᠡᠳᠡᠭᠡᠭᠡᠳ ᠪᠤᠰᠤᠤᠨ ᠢ ᠨᠢ ᠪᠦᠷ ᠡᠳᠤᠷ ᠲᠡᠭᠡᠨ ᠬᠤᠳᠠᠯᠳᠤᠭᠠᠳ ᠪᠠᠷᠠᠴᠢᠬᠠᠨ᠎ᠠ᠂ ᠮᠠᠨᠤᠰ ᠴᠡᠭᠡ ᠢᠰᠭᠡᠬᠦ ᠴᠡᠭᠡᠷ ᠬᠤᠷᠢᠭ᠎ᠠ ᠶᠢ ᠰᠠᠶᠢᠳᠤᠷ ᠰᠠᠬᠢᠵᠤ᠂ ᠢᠯᠡᠬᠦᠦ ᠬᠦᠮᠦᠨ ᠭᠡᠷᠡᠭᠯᠡᠬᠦ ᠦᠭᠡᠢ᠂ ᠭᠡᠬᠦᠦ ᠰᠠᠭᠠᠬᠤ ᠬᠤᠷᠤᠭ᠎ᠠ ᠬᠠᠰᠢᠶ᠎ᠠ ᠪᠠᠨ ᠬᠦᠵᠢ ᠤᠳᠤᠯᠭ᠎ᠠ ᠪᠠᠷ ᠠᠷᠢᠭᠤᠳᠬᠠᠨ ᠴᠡᠪᠡᠷᠯᠡᠵᠤ᠂ ᠡᠳᠤᠷ ᠰᠤᠳᠤᠷ ᠦᠵᠡᠭᠦᠯᠵᠤ ᠨᠤᠮ ᠤᠡᠭᠰᠢᠭᠤᠯᠵᠤ᠂ ᠤᠷᠢᠳᠡᠪᠡᠷ ᠭᠡᠰᠢᠭ ᠪᠤᠶᠠᠨ ᠢ ᠨᠢ ᠬᠤᠷᠠᠶᠢᠯᠠᠳᠠᠬ ᠭᠡᠵᠤ ᠪᠠᠯᠭᠠᠰᠤᠨ ᠳᠤ ᠴᠡᠭᠡ ᠬᠤᠳᠠᠯᠳᠤᠳᠠᠬ ᠬᠦᠭᠵᠢᠯᠳᠦ ᠶᠢᠨ ᠴᠡᠭᠡ ᠶᠢᠨ ᠲᠤᠬᠠᠢ ᠴᠡᠭᠡᠷ ᠶᠤᠰᠤᠨ ᠤ ᠲᠠᠨᠢᠯᠴᠠᠭᠤᠯᠭ᠎ᠠ ᠨᠢ ᠶᠡᠭᠡ ᠶᠤᠰᠤ ᠤᠴᠢᠷ ᠲᠠᠢ ᠵᠠᠩ ᠤᠢᠢᠯᠠ ᠪᠤᠯᠵᠤ ᠰᠠᠨ᠋ᠬᠠᠳᠠᠬᠤ ᠶᠤᠮ᠃      — ᠬᠤᠰᠢᠭᠤᠨ ᠳᠤ ᠬᠤᠭᠤᠯᠠᠨ ᠭᠡᠷ ᠨᠡᠭᠡᠭᠡᠳ ᠤᠷᠤᠯᠭ᠎ᠠ ᠨᠡᠯᠢᠶᠡᠳ ᠵᠦᠭᠡᠷ ᠪᠠᠶᠢᠨᠨᠰᠠᠠ ᠴᠦ ᠮᠠᠨᠤᠰ ᠠᠳᠤᠭᠤᠨ ᠳᠠᠭᠠᠨ ᠠᠷᠭ᠎ᠠ ᠦᠭᠡᠢ ᠬᠠᠶᠢᠷᠠᠳᠠᠢ᠂ ᠮᠤᠷᠢ ᠲᠠᠢ ᠪᠠᠨ ᠤᠢᠢᠷᠠᠳᠤᠬᠤ ᠲᠤᠳᠤᠮ ᠰᠡᠳᠬᠢᠯ ᠰᠡᠷᠭᠦᠭᠡᠳ ᠶᠠᠪᠤᠴᠢᠬᠠᠳᠠᠬ ᠪᠤᠯᠬᠤᠷ ᠪᠢᠳᠠ ᠬᠠᠰᠢᠯᠠ ᠬᠦᠳᠡᠭᠡ ᠳᠡᠭᠡᠨ ᠬᠠᠷᠢᠵᠤ᠂ ᠮᠠᠯ ᠤᠨ ᠢᠶᠠᠨ ᠪᠤᠶᠠᠨ ᠢ ᠡᠳ᠋ᠯᠡᠬᠦ ᠪᠠᠷ ᠰᠢᠢᠳᠦᠭᠰᠡᠨ ᠭᠡᠳᠡᠭ ᠨᠢ ᠠᠳᠡᠬᠢ ᠵᠠᠯᠠᠭᠤᠴᠤᠤᠨ ᠤᠨ ᠰᠢᠨ᠎ᠠ ᠡᠷᠢᠯ ᠬᠦᠰᠡᠯ ᠪᠤᠯᠵᠠᠢ᠃      — ᠬᠦᠳᠡᠭᠡ ᠳᠡᠭᠡᠨ ᠬᠠᠷᠢᠭᠠᠳ ᠶᠠᠭᠤ ᠬᠢᠮᠠᠷ ᠪᠠᠶᠢᠨ᠎ᠠ ᠭᠡᠬᠦ ᠳᠤ᠂ ᠰᠢᠭᠤᠤᠨ ᠯᠠ᠄ ᠮᠠᠨᠠᠶᠢᠬᠢᠨ ᠤ ᠠᠳᠤᠭᠤ ᠦᠰᠦᠴᠢᠭᠰᠡᠨ᠂ ᠠᠷᠪᠠᠭᠠᠳ ᠭᠡᠬᠦᠦ ᠪᠠᠨ ᠰᠠᠭᠠᠵᠤ᠂ ᠴᠡᠭᠡ ᠶᠢᠨ ᠠᠵᠤ ᠤᠢᠢᠯᠡᠰ ᠪᠤᠰᠬᠠᠨ᠎ᠠ ᠭᠡᠵᠤ ᠬᠠᠷᠢᠭᠤᠯᠤᠭᠠᠳ ᠨᠡᠩ ᠤᠮᠤᠬ ᠪᠠᠬ᠎ᠠ ᠲᠠᠢ ᠪᠤᠯᠪᠠ᠃ ᠤᠳᠤ ᠠᠳᠡᠬᠢ ᠵᠠᠬ᠎ᠠ ᠲᠡᠯᠭᠡᠭᠦᠷ ᠲᠤ ᠨᠢᠭᠡ ᠺᠢᠯᠦᠭᠷᠡᠮ ᠴᠡᠭᠡ 50 ᠲᠦᠭᠦᠷᠢᠭ ᠲᠤ ᠬᠦᠷᠴᠦ᠂ ᠬᠠᠨᠭ᠍ᠭᠠᠯᠭ᠎ᠠ ᠨᠢ ᠭᠡᠷᠡᠭᠴᠡᠭᠡ ᠳᠡᠭᠡᠨ ᠬᠦᠷᠬᠦ ᠦᠭᠡᠢ ᠪᠠᠶᠢᠬᠤ ᠪᠦᠭᠡᠳ ᠤᠨᠠᠭ᠎ᠠ ᠲᠠᠢ ᠭᠡᠬᠦᠦ ᠪᠤᠶᠤ ᠠᠵᠢᠷᠭ᠎ᠠ᠂ ᠰᠠᠶᠢᠨ ᠠᠨᠨᠳᠠ ᠶᠢᠨ ᠦᠨ᠎ᠠ ᠪᠦᠷ ᠲᠦᠮᠡᠨ ᠲᠦᠭᠦᠷᠢᠭ ᠠᠴᠠ ᠴᠠᠭᠠᠭᠤᠷ ᠶᠠᠷᠢᠬᠤ ᠪᠤᠯᠵᠠᠢ᠃   — ᠠᠳᠤᠭᠤ ᠮᠠᠯᠯᠠᠬᠤ ᠨᠢ ᠬᠤᠨᠢ ᠦᠭᠡᠷ ᠢ ᠪᠤᠳᠤᠪᠠᠯ ᠲᠡᠵᠢᠭᠡᠯ ᠪᠤᠷᠳᠤᠭ᠎ᠠ᠂ ᠬᠠᠰᠢᠶ᠎ᠠ ᠰᠠᠷᠠᠪᠴᠢ ᠶᠢᠨ ᠪᠠᠯᠠ ᠭᠡᠷᠡᠭᠰᠡᠬᠦ ᠦᠭᠡᠢ᠂ ᠲᠦᠯ ᠲᠤᠰᠴᠦ ᠬᠤᠷᠭᠤᠯ ᠬᠤᠮᠤᠤᠯ ᠴᠡᠪᠡᠷᠯᠡᠭᠦ ᠶᠠᠪᠤᠳᠠᠯ ᠦᠭᠡᠢ᠂ ᠭᠠᠳᠠᠭ᠎ᠠ ᠭᠡᠭᠡᠷ᠎ᠠ ᠪᠠᠷ ᠪᠡᠶ᠎ᠠ ᠪᠠᠨ ᠲᠠᠭᠠᠭᠠᠵᠤ ᠪᠡᠯᠴᠢᠳᠡᠭ ᠪᠤᠯᠬᠤᠷ ᠬᠦᠳᠡᠯᠮᠦᠷᠢ ᠬᠦᠴᠦᠨ ᠳᠤ ᠲᠤᠩ ᠠᠷᠪᠢᠳᠠᠢ ᠪᠠᠶᠢᠳᠠᠬ ᠶᠤᠮ᠃ ᠮᠠᠯᠴᠢᠨ ᠬᠦᠮᠦᠨ ᠬᠦᠴᠦ ᠬᠦᠷᠦᠯᠴᠡᠬᠦ ᠦᠭᠡᠢ ᠠᠴᠠ ᠪᠤᠯᠵᠤ᠂ ᠬᠦᠮᠦᠨ ᠬᠦᠯᠦᠰᠦᠯᠡᠬᠦ ᠠᠴᠠ ᠯᠠ ᠶᠡᠭᠡ ᠠᠶᠤᠨ᠎ᠠ ᠰᠢᠦ᠃ ᠲᠡᠭᠡᠬᠦᠯᠡᠷ ᠮᠤᠩᠭᠤᠯ ᠠᠳᠤᠭᠤ ᠬᠦᠳᠡᠭᠡ ᠶᠢᠨ ᠠᠭᠤᠷ ᠠᠮᠢᠰᠬᠤᠯ ᠤᠷᠴᠢᠨ ᠲᠤᠭᠤᠷᠢᠨ ᠳᠤ ᠶᠡᠭᠡ ᠵᠤᠬᠢᠴᠬᠠᠰᠡᠠ ᠠᠮᠢᠳᠠᠨ᠃ ᠢᠢᠮᠦ ᠠᠴᠠ ᠵᠠᠯᠠᠭᠤᠴᠤᠤᠨ ᠮᠢᠨᠢ ᠦᠷᠬᠦᠯᠵᠢᠯᠡᠨ ᠴᠢᠷᠮᠠᠶᠢᠵᠤ᠂ ᠲᠡᠭᠦᠨ ᠤ ᠦᠷ᠎ᠠ ᠤᠳᠤᠮ ᠢ ᠴᠡᠪᠡᠷ ᠴᠡᠭ ᠢᠶᠠᠷ ᠨᠢ ᠢᠡᠭᠬᠢᠵᠤ ᠤᠯᠠᠮᠵᠢᠯᠠᠵᠤ ᠦᠯᠡᠳᠡᠭᠡᠬᠦ ᠨᠢ ᠲᠤᠩ ᠵᠦᠢᠳᠠᠢ ᠠᠵᠢᠯ ᠰᠢᠦ ᠭᠡᠰᠡᠡ ᠠᠬᠠᠮᠡᠳ ᠠᠳᠤᠭᠤᠴᠢᠤᠨ ᠤᠨ ᠦᠭᠡ ᠠᠯᠳᠠ ᠠᠴᠠ ᠦᠨ᠎ᠠ ᠲᠠᠢ ᠰᠠᠨ᠋ᠬᠠᠳᠠᠨ᠎ᠠ᠃ ᠤᠳᠤᠬᠠᠨ ᠳᠤ ᠤᠯᠤᠰ ᠲᠠᠶᠠᠭᠠᠷ ᠢᠶᠠᠨ ᠵᠤᠷᠢᠨᠨᠰᠡᠨ ᠳᠠᠭᠠᠨ ᠬᠦᠷᠬᠦ ᠠᠴᠠ ᠨᠠᠰᠢ ᠵᠤᠨᠨᠰᠤᠰᠢ ᠦᠭᠡᠢ ᠤᠷᠤᠨᠨᠰᠢᠯᠠᠳᠠᠬ ᠮᠤᠩᠭᠤᠯ ᠮᠤᠷᠢᠨ ᠤ ᠲᠡᠰᠪᠦᠷᠢ ᠬᠠᠳᠠᠭᠤᠵᠢᠯᠳᠠᠢ ᠵᠤᠷᠢᠬ ᠰᠠᠨᠠᠭ᠎ᠠ ᠶᠢ ᠰᠤᠷᠳᠠᠯᠴᠢᠯᠠᠵᠤ ᠪᠠᠶᠢᠭ᠎ᠠ ᠰᠢᠨ᠎ᠠ ᠴᠠᠬ ᠦᠶ᠎ᠠ ᠶᠢᠨ ᠵᠤᠷᠢᠬ ᠰᠠᠨᠠᠭᠠᠨ ᠳᠤ ᠡᠶᠢᠨᠬᠦ ᠬᠦᠴᠦᠨ ᠨᠡᠮᠡᠷᠢᠯᠡᠬᠦ ᠬᠦᠮᠦᠰ ᠬᠦᠳᠡᠭᠡ ᠬᠤᠳᠠ ᠦᠭᠡᠢ ᠤᠯᠠᠰᠢᠷᠠᠬᠤ ᠪᠠᠶᠢᠭ᠎ᠠ ᠬᠦᠭᠵᠢᠶᠠᠨᠳᠦ ᠪᠠᠶᠢᠳᠠᠯ ᠨᠢ ᠠᠳᠤᠭᠤᠨ ᠤ ᠠᠵᠤ ᠤᠢᠢᠯᠡᠰ ᠤᠨ ᠦᠷᠨᠢᠯ ᠬᠦᠭᠵᠢᠯ ᠤᠨ ᠪᠡᠷ᠎ᠠ ᠶᠢ ᠨᠡᠩ ᠲᠤᠳᠤᠷᠠᠭᠤᠯᠤᠨ᠎ᠠ᠃     ᠲᠡᠯ᠎ᠠ ᠶᠢᠨ ᠰᠠᠯᠬᠢᠨ ᠳᠤᠨᠢ ᠬᠦᠯ ᠤᠨ ᠲᠤᠭᠤᠰᠤ ᠵᠠᠮᠬᠠᠷᠴᠦ     ᠲᠡᠯ᠎ᠠ ᠲᠦᠭᠦᠷᠡᠩ ᠨᠡᠬᠦᠳᠡᠯ ᠳᠤᠨᠢ ᠨᠤᠳᠤᠬ ᠤᠨ ᠬᠡᠶᠢᠮᠤᠷᠢ ᠰᠡᠷᠭᠦᠳᠡᠭ     ᠮᠤᠩᠭᠤᠯ ᠠᠳᠤᠭᠤᠨ ᠤ ᠪᠡᠷ᠎ᠠ ᠪᠠᠷ ᠮᠤᠷᠢᠳᠠᠨ ᠤ ᠤᠢᠢᠯᠡᠰ ᠪᠠᠳᠠᠷᠠᠵᠤ     ᠮᠠᠯᠴᠢᠨ ᠬᠦᠮᠦᠨ ᠤ ᠵᠤᠷᠢᠬ ᠲᠡᠭᠷᠢ ᠶᠢᠨ ᠬᠢᠵᠠᠭᠠᠷ ᠢ ᠵᠤᠷᠢᠳᠠᠬ     ᠠᠳᠤᠭᠤᠨ ᠤ ᠪᠤᠶᠠᠨᠳᠠᠢ ᠨᠤᠳᠤᠬ ᠤᠰᠤᠨ ᠬᠤᠷᠤᠢ᠂ ᠬᠤᠷᠤᠢ᠂ ᠬᠤᠷᠤᠢ     ᠠᠨᠨᠳᠠ ᠶᠢᠨ ᠬᠡᠶᠢᠮᠤᠷᠢ ᠲᠠᠢ ᠲᠦᠷᠪᠡᠳ ᠮᠠᠯᠴᠢᠳ ᠤᠨ ᠮᠢᠨᠢ ᠠᠵᠨ ᠤᠢᠢᠯᠡᠰ ᠤᠷᠠᠢ ᠤᠷᠠᠢ ᠤᠷᠠᠢ      ᠵᠤᠬᠢᠶᠠᠭᠴᠢ᠄ ᠷᠢᠨ᠊᠂ ᠰᠤᠳᠨᠠᠮ
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2