1 ᠬᠤᠨᠢ 7000 ᠲᠥᠭᠦᠷᠢᠭ︕ ᠴᠤᠬᠤᠮ ᠶᠠᠮᠠᠷ ᠬᠤᠨᠢ ᠪᠤᠯᠴᠢᠬᠠᠪᠠ︖
ᠨᠡᠶᠢᠲᠡᠯᠡᠭᠰᠡᠨ ᠴᠠᠭ᠄
2020/12/15
   ᠨᠢᠳᠤᠨᠤᠨ ᠤᠷᠳᠤᠰ ᠬᠤᠳᠠ ᠶᠢᠨ ᠳᠠᠯᠠᠳ ᠬᠤᠰᠢᠭᠤᠨ ᠤ ᠹᠧᠩ ᠱᠦᠶ ᠯᠢᠶᠠᠩ ᠪᠠᠯᠭᠠᠰᠤᠨ ᠤ ᠶᠡᠭᠡ ᠨᠠᠷᠢᠨ ᠳᠣᠰᠬᠤᠨ ᠤ ᠲᠠᠷᠢᠶᠠᠴᠢᠨ ᠸᠧᠨ ᠬᠤ᠋ ᠺᠤᠸᠠᠨ ᠬᠤᠨᠢ ᠪᠦᠷᠢ ᠶᠢ 7000 ᠲᠥᠭᠦᠷᠢᠭ ᠤᠨ ᠦᠨ᠎ᠡ ᠪᠠᠷ 70 ᠬᠠᠷ᠎ᠠ ᠶᠠᠰᠤᠲᠤ ᠬᠤᠨᠢ ᠬᠤᠳᠠᠯᠳᠤᠨ ᠠᠪᠴᠤ ᠲᠡᠵᠢᠭᠡᠭᠡᠳ ᠡᠨᠡ ᠵᠢᠯ ᠠᠷᠪᠠᠭᠠᠳ ᠬᠤᠷᠠᠭ᠎ᠠ ᠲᠤᠰᠴᠠᠢ᠃  ᠲᠡᠷᠡ ᠬᠠᠷ᠎ᠠ ᠶᠠᠰᠣᠳᠣ ᠬᠤᠨᠢ ᠲᠡᠵᠢᠭᠡᠬᠦ ᠳᠤ ᠠᠮᠠᠷ ᠪᠥᠭᠡᠳ ᠦᠷ᠎ᠡ ᠠᠰᠢᠭ ᠨᠢ ᠨᠡᠯᠢᠶᠡᠳ ᠰᠠᠶᠢᠨ ᠬᠡᠳᠡᠭ ᠢ ᠲᠧᠯᠸᠢᠰ ᠠᠴᠠ ᠣᠯᠵᠤ ᠬᠠᠷᠠᠭᠠᠳ ᠲᠡᠵᠢᠭᠡᠬᠦ ᠰᠠᠨᠠᠭ᠎ᠠ ᠲᠦᠷᠦᠭᠳᠡᠵᠠᠢ᠃ ᠲᠡᠭᠡᠭᠡᠳ ᠨᠢᠳᠦᠨᠦᠨ ᠶᠦᠨᠨᠠᠨ ᠳᠤ ᠳᠣᠰᠬᠠᠢᠢᠯᠠᠨ ᠬᠦᠷᠴᠦ ᠰᠢᠨᠵᠢᠯᠡᠨ ᠪᠠᠶᠢᠴᠠᠭᠠᠭᠠᠳ ᠬᠠᠷ᠎ᠠ ᠶᠠᠰᠣᠳᠣ ᠬᠤᠨᠢ ᠲᠡᠵᠢᠭᠡᠬᠦ ᠪᠠᠷ ᠰᠢᠭᠤᠳᠤᠭᠰᠠᠨ ᠪᠠᠶᠢᠨ᠎ᠠ᠃     ᠸᠨ ᠬᠤ᠋ ᠺᠤᠸᠠᠨ ᠠᠴᠠ ᠬᠤᠳᠠᠨ ᠳᠠᠬᠢ 90 ᠭᠠᠷᠣᠢ ᠬᠦᠷᠡᠩ ᠬᠠᠷ᠎ᠠ ᠥᠩᠬᠡᠳᠡᠢ ᠬᠠᠷ᠎ᠠ ᠶᠠᠰᠣᠳᠣ ᠬᠤᠨᠢ ᠪᠠᠨ ᠵᠢᠭᠠᠭᠠᠳ᠄ ︽ᠬᠠᠷ᠎ᠠ ᠶᠠᠰᠤᠲᠤ ᠬᠤᠨᠢᠨ ᠤ ᠪᠦᠬᠦ ᠪᠡᠶ᠎ᠡ ᠨᠢ ᠡᠷᠳᠡᠨᠢ᠂ ᠮᠠᠨ ᠤ ᠤᠯᠤᠰ ᠲᠤ ᠯᠠ ᠪᠠᠶᠢᠳᠠᠭ ︿ᠰᠢᠵᠢᠷ ᠠᠯᠲᠠᠨ ᠬᠤᠨᠢ﹀᠂ ︿ᠡᠮᠲᠦ ᠬᠤᠨᠢ﹀ ᠪᠣᠯᠤᠨ᠎ᠠ᠃ ᠬᠠᠷ᠎ᠠ ᠶᠠᠰᠤᠲᠣ ᠬᠤᠨᠢᠨ ᠤ ᠮᠢᠬ᠎ᠠ ᠶᠢᠨ ᠵᠠᠬ᠎ᠠ ᠳᠡᠯᠭᠡᠭᠦᠷ ᠤᠨ ᠦᠨ᠎ᠡ ᠨᠢ ᠵᠢᠩ ᠳᠡᠭᠡᠨ 180 — 300 ᠲᠥᠭᠦᠷᠢᠭ ᠲᠤ ᠬᠥᠷᠴᠥ ᠪᠣᠢ᠃ ᠬᠠᠷ᠎ᠠ ᠶᠠᠰᠤᠳᠣ ᠬᠤᠨᠢ ᠪᠦᠷᠢ ᠠᠴᠠ 40 ᠭᠠᠷᠤᠢ ᠵᠢᠩ ᠮᠢᠬ᠎ᠠ ᠭᠠᠷᠣᠨ᠎ᠠ᠂ ᠵᠢᠩ ᠳᠡᠭᠡᠨ 200 ᠲᠥᠭᠦᠷᠢᠭ ᠤᠨ ᠦᠨ᠎ᠡ ᠪᠠᠷ ᠪᠣᠳᠣᠪᠠᠯ ᠨᠢᠭᠡ ᠬᠠᠷ᠎ᠠ ᠶᠠᠰᠤᠳᠣ ᠬᠤᠨᠢ 8000 ᠲᠥᠭᠦᠷᠢᠭ ᠲᠤ ᠬᠥᠷᠣᠨ᠎ᠠ᠃ ᠶᠡᠷᠣ ᠶᠢᠨ ᠪᠠᠶᠢᠳᠠᠯ ᠳᠤᠤᠷ᠎ᠠ ᠨᠢᠭᠡ ᠬᠠᠷ᠎ᠠ ᠶᠠᠰᠣᠳᠣ ᠬᠤᠨᠢ ᠶᠢ 15 ᠰᠠᠷ᠎ᠠ ᠲᠡᠵᠢᠭᠡᠪᠡᠯ ᠵᠠᠬ᠎ᠠ ᠲᠡᠯᠬᠡᠬᠦᠷ ᠲᠤ ᠭᠠᠷᠭᠠᠨ᠎ᠠ᠃ ᠮᠢᠨᠥ 90 ᠬᠠᠷ᠎ᠠ ᠶᠠᠰᠣᠳᠣ ᠬᠤᠨᠢ ᠵᠢᠯ ᠳᠤ ᠶᠠᠳᠠᠬᠤ ᠳᠠᠭᠠᠨ 30 ᠭᠠᠷᠤᠶ ᠲᠦᠮᠡᠨ ᠲᠥᠭᠦᠷᠢᠭ ᠤᠨ ᠣᠷᠣᠯᠭ᠎ᠠ ᠣᠯᠣᠨ᠎ᠠ︾ ᠬᠡᠵᠣ ᠰᠤᠷᠪᠤᠯᠵᠢᠯᠠᠭᠴᠢ ᠳᠤ ᠨᠠᠷᠢᠨ ᠲᠠᠩᠰᠠ ᠪᠤᠳᠤᠵᠦ ᠦᠭᠭᠦᠯ᠎ᠡ᠃ ᠸᠧᠨ ᠬᠤ᠋ ᠺᠤᠸᠠᠨ ᠤ ᠬᠡᠯᠡᠬᠦ ᠪᠠᠷ᠂ ᠬᠠᠷ᠎ᠠ ᠶᠠᠰᠤᠲᠤ ᠬᠤᠨᠢ ᠶᠢ ᠲᠡᠵᠢᠭᠡᠬᠦ ᠳᠤ ᠠᠮᠠᠷ ᠂ ᠪᠠᠶᠢᠭᠠᠯᠢ ᠲᠠᠢ ᠵᠣᠬᠢᠴᠠᠬᠤ ᠴᠢᠳᠠᠪᠤᠷᠢ ᠨᠢ ᠣᠨᠴᠠᠭᠠᠶ ᠴᠢᠩᠭ᠎ᠠ᠂ ᠠᠮᠠᠷᠬᠠᠨ ᠭᠡᠮᠲᠦᠬᠦ ᠥᠬᠡᠶ᠃ ᠠᠷᠠᠴᠢᠯᠠᠭ᠎ᠠ ᠶᠢᠨ ᠥᠪᠡᠷ ᠤᠨ ᠥᠷᠲᠡᠭ ᠨᠢ ᠴᠦ ᠲᠡᠶᠢᠮᠦ ᠥᠨᠳᠥᠷ ᠪᠢᠰᠢ᠂ ᠨᠢᠭᠡ ᠡᠳᠦᠷ 2 ᠤᠳᠠᠭ᠎ᠠ ᠲᠡᠵᠢᠭᠡᠪᠡᠯ ᠪᠣᠯᠴᠢᠬᠠᠨ᠎ᠠ᠂ ᠪᠣᠷᠣ ᠴᠠᠷᠭᠠᠰᠤ᠂ ᠪᠤᠷᠴᠠᠭ ᠤᠨ ᠰᠢᠭᠠᠷᠤ᠂ ᠬᠡᠪᠡᠭ ᠵᠡᠷᠭᠡ ᠪᠠᠷ ᠲᠡᠵᠢᠭᠡᠨ᠎ᠡ ᠭᠡᠨ᠎ᠡ᠃ ᠬᠠᠷ᠎ᠠ ᠶᠠᠰᠤᠳᠣ ᠬᠤᠨᠢᠨ ᠳᠤ ᠬᠠᠷ᠎ᠠ ᠥᠩᠭᠡᠨ ᠡᠳ᠋ ᠥᠨᠳᠥᠷ ᠠᠭᠤᠯᠤᠭᠳᠠᠵᠤ᠂ ᠤᠳᠤᠮᠯᠠᠯ ᠤᠨ ᠰᠢᠨᠵᠢ ᠲᠠᠢ ᠪᠠᠶᠢᠳᠠᠭ᠃ ᠬᠠᠷ᠎ᠠ ᠶᠠᠰᠤᠲᠣ ᠬᠤᠨᠢ ᠪᠣᠯ ᠣᠳᠣ ᠪᠣᠯᠲᠠᠯ᠎ᠠ ᠬᠥᠮᠦᠨ ᠲᠥᠷᠥᠯᠬᠢᠲᠡᠨ ᠤ ᠢᠯᠡᠷᠡᠭᠦᠯᠦᠭᠰᠡᠨ ᠪᠡᠶ᠎ᠡ ᠳᠣᠲᠣᠷ᠎ᠠ ᠨᠢ ᠶᠡᠭᠡ ᠬᠡᠮᠵᠢᠶᠡᠨ ᠤ ᠬᠠᠷ᠎ᠠ ᠥᠩᠭᠡᠨ ᠡᠳ᠋ ᠠᠭᠤᠯᠵᠤ ᠪᠠᠶᠢᠭ᠎ᠠ ᠴᠣᠷ ᠤᠨ ᠭᠠᠭᠴᠠ ᠬᠥᠬᠦᠲᠡᠨ ᠠᠮᠢᠲᠠᠨ ᠪᠣᠯᠤᠨ᠎ᠠ᠃ ᠡᠮ ᠳᠤ ᠬᠡᠷᠡᠭᠯᠡᠬᠦ ᠪᠠ ᠡᠷᠡᠭᠦᠯ ᠮᠡᠨᠳᠦ ᠶᠢ ᠬᠠᠮᠠᠭᠠᠯᠠᠬᠤ ᠮᠠᠰᠢ ᠥᠨᠳᠥᠷ ᠦᠨ᠎ᠡ ᠥᠷᠲᠡᠭ ᠲᠠᠢ ᠪᠤᠯᠬᠤᠷ ᠠᠵᠦ ᠠᠬᠤᠢ ᠶᠢᠨ ᠦᠷ᠎ᠡ ᠠᠰᠢᠬ ᠰᠠᠶᠢᠨ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠭᠢᠮ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2