ᠨᠢᠭᠡ᠂ ᠡᠪᠡᠳᠴᠢᠨ ᠤ ᠢᠯᠡᠷᠡᠯ ᠪᠤᠯᠤᠨ ᠣᠨᠤᠰᠢᠯᠠᠯᠲᠠ 27 ᠡᠳᠦᠷ ᠪᠤᠯᠵᠤ ᠪᠠᠶᠢᠭ᠎ᠠ ᠬᠤᠷᠠᠭ᠎ᠠ᠂ | ᠡᠪᠡᠳᠴᠢᠯᠡᠭᠰᠡᠨ ᠬᠤᠭᠤᠴᠠᠭ᠎ᠠ ᠨᠢ 5 ᠡᠳᠦᠷ᠂ ᠦᠰᠦ ᠨᠢ ᠥᠷᠪᠦᠭᠡᠷ᠂ ᠰᠢᠷᠦᠭᠦᠨ ᠭᠢᠯᠪᠠᠭ᠎ᠠ ᠦᠭᠡᠢ᠂ ᠲᠤᠷᠠᠩᠬᠠᠢ᠂ | ᠬᠡᠪᠡᠯᠢ ᠪᠠᠷ ᠢᠶᠠᠨ ᠠᠳᠤᠷᠢᠨ ᠬᠡᠪᠲᠡᠵᠦ᠂ ᠬᠠᠷᠠᠴᠠ ᠨᠢ ᠰᠤᠯᠠ᠂ ᠬᠤᠰᠬᠢᠨᠠᠭ ᠲᠤ ᠨᠢ ᠨᠢᠯᠴᠠᠭᠠᠶ ᠢᠯᠭᠠᠳᠠᠰᠤ ᠲᠠᠢ᠂ | ᠢᠯᠭᠠᠳᠠᠰᠤ ᠨᠢ ᠴᠠᠶᠢᠪᠤᠷ᠂ ᠴᠠᠭᠠᠨ ᠥᠩᠭᠡ ᠶᠢᠨ ᠵᠢᠵᠢᠭ ᠡᠭᠡᠳᠡᠩ ᠲᠠᠢ᠂ ᠥᠮᠦᠬᠡᠢ ᠦᠨᠦᠷ ᠲᠠᠢ᠂ ᠪᠡᠶ᠎ᠡ ᠶᠢᠨ | ᠬᠠᠯᠠᠭᠤᠨ ᠨᠢ 38.5 ᠭᠷᠠᠳᠦ᠋ᠰ᠂ ᠡᠪᠡᠳᠴᠢᠨ ᠤ ᠢᠯᠡᠷᠡᠯ ᠢ ᠨᠢ ᠦᠨᠳᠦᠰᠦᠯᠡᠨ ᠠᠩᠬ᠎ᠠ ᠠᠯᠬᠤᠮ | ᠣᠨᠣᠰᠢᠯᠠᠭᠰᠠᠨ ᠨᠢ ᠬᠤᠷᠠᠭᠠᠨ ᠤ ᠰᠢᠩᠭᠡᠭᠡᠯᠲᠡ ᠮᠠᠭᠤᠳᠠᠵᠠᠢ᠃ ᠬᠤᠶᠠᠷ᠂ ᠡᠮᠴᠢᠯᠡᠭᠡᠨ ᠤ ᠠᠷᠭ᠎ᠠ ᠬᠡᠮᠵᠢᠶ᠎ᠡ᠄ 1. | ᠪᠠᠺᠲ᠋ᠧᠷᠢ ᠶᠢ ᠡᠰᠡᠷᠭᠦᠴᠡᠨ ᠦᠷᠪᠢᠰᠦᠯ ᠢ ᠳᠠᠷᠣᠵᠣ ᠬᠥᠬᠦᠷ ᠬᠦᠴᠢᠯ ᠤᠨ ᠯᠢᠶᠠᠨ ᠮᠸᠢ ᠰᠤ᠋ ︵硫酸链霉素 | ︶ + ᠸᠢᠲ᠋ᠠᠮᠢᠨ C ᠶᠢ ᠪᠤᠯᠴᠢᠩ ᠳᠤ ᠲᠠᠷᠢᠵᠦ᠂ 2 ᠤᠳᠠᠭ᠎ᠠ / ᠡᠳᠦᠷ᠃ ᠦᠷᠭᠦᠯᠵᠢᠯᠡᠨ 3 ᠡᠳᠦᠷ ᠬᠡᠷᠡᠭᠯᠡᠨ᠎ᠡ᠃ | 2. ᠬᠤᠳᠣᠭᠤᠳᠣ ᠭᠡᠳᠡᠰᠦ ᠶᠢᠨ ᠴᠢᠳᠠᠪᠬᠢ ᠶᠢ ᠵᠤᠬᠢᠴᠠᠭᠤᠯᠵᠤ᠂ ᠰᠢᠩᠭᠡᠨ ᠨᠦᠬᠦᠪᠦᠷᠢᠯᠡᠬᠦ ᠳᠠᠪᠤᠰᠤᠨ ᠠᠭᠤᠰᠤᠮᠠᠯ᠂ | ᠬᠤᠳᠣᠭᠤᠳᠣᠨ ᠤᠭᠤᠷᠠᠭ ᠤᠨ ᠢᠰᠭᠡᠭᠦᠷ ︵胃蛋白酶︶ ᠢ ᠠᠮᠠ ᠪᠠᠷ ᠣᠯᠭᠤᠵᠤ᠂ ᠬᠤᠳᠣᠭᠤᠳᠣ | ᠭᠡᠳᠡᠰᠦᠨ ᠤ ᠠᠵᠢᠯᠯᠠᠭ᠎ᠠ ᠶᠢᠨ ᠰᠡᠷᠭᠦᠭᠡᠯᠲᠡ ᠶᠢ ᠠᠬᠢᠭᠤᠯᠤᠨ᠎ᠠ᠃ 3 ᠤᠳᠠᠭ᠎ᠠ / ᠡᠳᠦᠷ᠃ 3. ᠠᠷᠠᠴᠢᠯᠠᠭ᠎ᠠ | ᠬᠠᠮᠢᠶᠠᠷᠤᠯᠲᠠ ᠶᠢ ᠴᠢᠩᠭᠠᠳᠬᠠᠨ ᠬᠤᠷᠢᠶ᠎ᠠ ᠬᠠᠰᠢᠶᠠᠨ ᠤ ᠳᠤᠯᠠᠭᠠᠯᠠᠮᠵᠢ᠂ ᠰᠠᠯᠬᠢ ᠨᠡᠪᠲᠡᠷᠡᠬᠦ᠂ ᠳᠣᠬᠢᠯᠢᠭ ᠬᠠᠭᠤᠷᠠᠢ᠂ | ᠠᠷᠢᠭᠤᠨ ᠴᠡᠪᠡᠷ ᠢ ᠪᠠᠳᠤᠯᠠᠵᠤ᠂ ᠬᠤᠷᠠᠭ᠎ᠠ ᠶᠢᠨ ᠵᠢᠪᠠᠷ ᠰᠠᠯᠬᠢ ᠠᠪᠴᠤ ᠲᠠᠭᠰᠢᠭᠤᠷ ᠬᠦᠷᠬᠦ ᠠᠴᠠ ᠰᠡᠷᠭᠡᠶᠢᠯᠡᠨ᠎ᠡ᠃ | ᠡᠬᠡ ᠮᠠᠯ ᠤᠨ ᠡᠪᠡᠰᠦ ᠪᠣᠷᠳᠤᠭ᠎ᠠ ᠳᠣᠲᠣᠷ᠎ᠠ ᠨᠢ ᠪᠠᠶ ᠯᠦᠩ ᠰᠠᠨ ︵白龙散︶ ᠢ ᠨᠡᠮᠡᠵᠦ ᠡᠬᠡ ᠮᠠᠯ ᠤᠨ | ᠰᠦ ᠱᠦᠭᠦᠷᠡᠭᠦᠯᠬᠦ ᠳᠤᠮᠳᠠᠬᠢ ᠬᠠᠯᠳᠠᠪᠤᠷᠢᠯᠠᠯ ᠢ ᠰᠡᠷᠭᠡᠶᠢᠯᠡᠵᠦ᠂ ᠡᠬᠡ ᠮᠠᠯ ᠤᠨ ᠪᠡᠶ᠎ᠡ ᠶᠢᠨ ᠡᠷᠡᠭᠦᠯ ᠴᠢᠭᠢᠷᠠᠭ ᠢ | ᠪᠠᠳᠤᠯᠠᠨ᠎ᠠ᠃ ᠭᠤᠷᠪᠠ᠂ 1. ᠬᠤᠷᠠᠭ᠎ᠠ ᠢᠰᠢᠭᠡᠨ ᠤ ᠬᠤᠳᠤᠭᠤᠳᠣᠨ ᠬᠦᠴᠢᠯ ᠪᠣᠯᠤᠨ ᠢᠰᠬᠡᠭᠦᠷ ᠤᠨ ᠢᠳᠡᠪᠬᠢ | ᠴᠢᠨᠠᠷ ᠳᠣᠣᠷ᠎ᠠ᠂ ᠰᠢᠩᠭᠡᠭᠡᠬᠦ ᠴᠢᠳᠠᠪᠤᠷᠢ ᠪᠠᠭᠤᠷᠠᠶ᠂ ᠵᠥᠪᠬᠡᠨ ᠡᠬᠡ ᠶᠢᠨ ᠰᠦ ᠶᠢ ᠰᠢᠩᠭᠡᠭᠡᠬᠦ ᠳᠤ ᠯᠡ ᠲᠣᠬᠢᠷᠠᠵᠤ᠂ | ᠪᠤᠰᠤᠳ ᠰᠢᠮ᠎ᠡ ᠳᠡᠵᠢᠭᠡᠯᠳᠤ ᠪᠣᠳᠠᠰ ᠢ ᠰᠢᠩᠭᠡᠭᠡᠬᠦ ᠴᠢᠳᠠᠪᠤᠷᠢ ᠨᠢ ᠪᠠᠷᠤᠭᠲᠠᠶ ᠪᠠᠶᠢᠳᠠᠭ᠃ ᠡᠭᠦᠨ ᠠᠴᠠ ᠪᠣᠯᠵᠤ | ᠰᠢᠩᠭᠡᠭᠡᠯᠲᠡ ᠮᠠᠭᠤ ᠪᠠᠶᠢᠳᠠᠭ᠃ 2. ᠬᠡᠷᠪᠡ ᠡᠬᠡ ᠮᠠᠯ ᠳᠤ ᠡᠪᠡᠳᠴᠢᠨ ᠬᠠᠯᠳᠠᠪᠤᠷᠢᠯᠠᠵᠤ᠂ ᠬᠤᠷᠠᠭ᠎ᠠ ᠨᠢ ᠡᠷᠡᠭᠦᠯ | ᠪᠤᠰᠤ ᠰᠦ ᠭᠦᠬᠦᠭᠰᠡᠨ ᠪᠤᠶᠤ ᠪᠤᠵᠠᠷ ᠮᠠᠭᠤᠬᠠᠢ ᠡᠪᠡᠰᠦ ᠪᠣᠷᠳᠤᠭ᠎ᠠ ᠢᠳᠡᠵᠦ᠂ ᠬᠤᠷᠢᠶ᠎ᠠ ᠬᠠᠰᠢᠶᠠᠨ ᠤ ᠵᠢᠪᠠᠷ ᠰᠠᠯᠬᠢ | ᠨᠡᠪᠲᠡᠷᠡᠬᠦ ᠪᠠᠷ ᠮᠠᠭᠤ ᠪᠣᠯ᠂ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠠᠨᠠᠢ ᠵᠡᠷᠭᠡ ᠬᠦᠴᠦᠨ ᠵᠦᠢᠯ ᠨᠢ ᠬᠠᠷᠢᠨ | ᠲᠤᠰ ᠡᠪᠡᠳᠴᠢᠨ ᠢ ᠰᠢᠭᠤᠳ ᠡᠭᠦᠰᠭᠡᠳᠡᠭ᠃ ᠡᠶᠢᠮᠦ ᠠᠴᠠ ᠲᠤᠰ ᠡᠪᠡᠳᠴᠢᠨ ᠢ ᠡᠮᠴᠢᠯᠡᠬᠦ ᠳᠤ ᠡᠯ᠎ᠡ ᠲᠠᠯ᠎ᠠ ᠶᠢᠨ | ᠬᠦᠴᠦᠨ ᠵᠦᠢᠯ ᠢ ᠶᠡᠷᠦᠩᠬᠡᠶᠢᠯᠡᠨ ᠯᠠᠪᠯᠠᠵᠤ ᠡᠮᠨᠡᠨ ᠵᠠᠰᠠᠬᠤ ᠬᠡᠷᠡᠭᠲᠡᠶ᠃ | ᠢᠷᠡᠯᠳᠠ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ | ᠲᠤᠰᠬᠤᠨ ᠮᠠᠯᠵᠢᠬᠤ ᠤᠷᠤᠨ ᠤ ᠲᠢᠩᠭᠢᠮ | ᠲᠡᠪᠰᠢᠭᠦᠯᠦᠭᠰᠡᠨ ᠨᠢ᠄ ᠤᠶᠠᠬᠠᠨ |