ᠠᠳᠣᠭᠤᠨ ᠤ ᠬᠠᠯᠳᠠᠪᠤᠷᠢᠲᠤ ᠬᠢᠮᠤᠷᠠᠭ᠎ᠠ ᠶᠠᠮᠠᠷ ᠰᠢᠨᠵᠢ ᠲᠡᠮᠳᠡᠭ ᠲᠠᠢ ᠪᠣᠢ
ᠨᠡᠶᠢᠲᠡᠯᠡᠭᠰᠡᠨ ᠴᠠᠭ᠄
2020/12/15
     ᠳᠠᠯᠳᠠ ᠦᠶ᠎ᠡ ᠨᠢ 2~7 ᠬᠤᠨᠤᠭ᠃ ᠡᠪᠡᠳᠴᠢᠨ ᠤ ᠡᠬᠢᠨ ᠤ ᠦᠶ᠎ᠡ ᠪᠠᠷ ᠪᠡᠶ᠎ᠡ ᠶᠢᠨ ᠳᠤᠯᠠᠭᠠᠨ ᠨᠢ 39.5~41℃ ᠪᠣᠯᠲᠠᠯ᠎ᠠ ᠳᠡᠭᠡᠭᠰᠢᠯᠡᠵᠦ᠂ ᠢᠳᠡᠰᠢᠨ ᠳᠤ ᠳᠤᠷ᠎ᠠ ᠠᠯᠳᠠᠷᠠᠬᠤ ᠪᠤᠶᠤ ᠢᠳᠡᠰᠢᠯᠡᠬᠦ ᠪᠠᠨ ᠪᠣᠯᠢᠨ᠎ᠠ᠃ ᠳᠦᠷᠪᠡᠨ ᠮᠦᠴᠢ ᠨᠢ ᠰᠤᠯᠠᠷᠠᠵᠤ ᠠᠯᠬᠤᠬᠤ ᠳᠤᠷ᠎ᠠ ᠦᠭᠡᠢ ᠪᠣᠯᠣᠨ᠎ᠠ᠃ ᠠᠮᠢᠰᠬᠤᠭ᠎ᠠ ᠪᠣᠯᠣᠨ ᠰᠤᠳᠠᠯ ᠤᠨ ᠯᠤᠭᠰᠢᠯᠲᠠ ᠨᠢ ᠲᠦᠷᠭᠡᠰᠴᠦ ᠲᠠᠭᠵᠢᠵᠤ ᠴᠡᠴᠡᠷᠡᠨ᠎ᠡ᠃ ᠨᠢᠯᠪᠤᠰᠤ ᠭᠤᠭᠤᠵᠢᠨ ᠭᠡᠷᠡᠯ ᠠᠴᠠ ᠳᠠᠯᠳᠢᠷᠠᠵᠤ᠂ ᠰᠠᠯᠢᠰᠤᠲᠤ ᠪᠦᠷᠬᠦᠪᠴᠢ ᠨᠢ ᠤᠯᠠᠶᠢᠵᠤ ᠰᠢᠷᠠᠯᠠᠭᠠᠳ ᠠᠨᠢᠰᠭ᠎ᠠ ᠨᠢ ᠬᠠᠪᠤᠳᠴᠤ ᠨᠢᠳᠦᠨ ᠵᠤᠪᠬᠢ ᠠᠴᠠ ᠨᠢ ᠰᠠᠯᠢᠰᠤᠯᠢᠭ ᠪᠣᠶᠣ ᠢᠳᠡᠭᠡᠲᠦ ᠰᠢᠬᠦᠷᠡᠳᠡᠰᠦ ᠭᠤᠭᠤᠵᠢᠳᠠᠭ᠃ ᠬᠠᠮᠠᠷ ᠤᠨ ᠰᠠᠯᠢᠰᠤᠲᠤ ᠪᠦᠷᠬᠦᠪᠴᠢ ᠨᠢ ᠤᠯᠠᠶᠢᠭᠠᠳ ᠤᠰᠤ ᠰᠢᠭ᠋ ᠪᠣᠶᠣ ᠰᠠᠯᠢᠰᠤᠯᠢᠭ ᠰᠢᠭᠦᠷᠡᠳᠡᠰᠦ ᠭᠤᠭᠤᠵᠢᠵᠤ᠂ ᠡᠬᠢᠨ ᠳᠡᠭᠡᠨ ᠬᠠᠭᠤᠷᠠᠢ ᠪᠠᠷ ᠬᠠᠨᠢᠶᠠᠵᠤ᠂ ᠰᠡᠭᠦᠯᠳᠡᠵᠦ ᠢᠷᠡᠭᠡᠳ ᠨᠦᠢᠲᠠᠨ ᠢᠶᠠᠷ ᠬᠠᠨᠢᠶᠠᠯᠭᠠᠳᠠᠭ᠃ ᠬᠤᠶᠠᠳᠠᠭᠴᠢ ᠴᠢᠨᠠᠷ ᠲᠠᠢ ᠰᠠᠯᠪᠤᠷᠢ ᠮᠦᠬᠡᠷᠰᠦᠨ ᠬᠤᠭᠤᠯᠠᠢ — ᠠᠭᠤᠰᠬᠢᠨ ᠦᠷᠪᠢᠰᠦᠯ ᠤᠨ ᠦᠶ᠎ᠡ ᠳᠤ ᠡᠪᠡᠳᠴᠢᠨ ᠤ ᠪᠠᠶᠢᠳᠠᠯ ᠨᠢ ᠬᠦᠨᠳᠦᠷᠡᠵᠦ᠂ ᠬᠠᠨᠢᠶᠠᠯᠭᠠᠬᠤ ᠨᠢ ᠬᠡᠴᠡᠭᠦᠳᠡᠭᠡᠳ ᠰᠠᠯᠢᠰᠤᠯᠢᠭ ᠢᠳᠡᠭᠡᠲᠡᠢ ᠨᠢᠰᠤ ᠭᠤᠭᠤᠵᠢᠨ᠎ᠠ᠃ ᠬᠤᠳᠤᠭᠤᠳᠤ ᠭᠡᠳᠡᠰᠦᠨ ᠤ ᠰᠦᠪᠡ ᠳᠤ ᠲᠦᠷᠭᠡᠨ ᠺᠠᠲ᠋ᠠᠷ ᠢᠯᠡᠷᠡᠵᠦ᠂ ᠠᠮᠠᠨ ᠤ ᠬᠦᠨᠳᠡᠢ ᠶᠢᠨ ᠰᠠᠯᠢᠰᠤᠲᠤ ᠪᠦᠷᠬᠦᠪᠴᠢ ᠨᠢ ᠬᠠᠭᠤᠷᠠᠢ ᠮᠦᠷᠲᠡᠭᠡᠨ ᠬᠠᠯᠠᠭᠤᠨ᠂ ᠬᠡᠯᠡ ᠨᠢ ᠦᠩᠭᠦᠷᠰᠢᠵᠦ᠂ ᠭᠡᠳᠡᠰᠦᠨ ᠤ ᠳᠠᠭᠤ ᠨᠢ ᠰᠤᠯᠠᠳᠠᠨ ᠬᠤᠷᠭᠤᠰᠤᠯᠠᠵᠤ᠂ ᠰᠡᠭᠦᠯ ᠳᠡᠭᠡᠨ ᠪᠠᠭᠠᠰᠤ ᠠᠯᠳᠠᠨ᠎ᠠ᠂ ᠪᠠᠭᠠᠰᠤ ᠨᠢ ᠦᠮᠡᠬᠡᠢ ᠪᠦᠭᠡᠳ ᠭᠡᠳᠡᠰᠦ ᠨᠢ ᠡᠪᠡᠳᠦᠨ᠎ᠡ᠃ ᠡᠨᠡ ᠦᠶ᠎ᠡ ᠳᠤ ᠭᠡᠮᠨᠡᠭᠰᠡᠨ ᠮᠤᠷᠢᠨ ᠤ ᠪᠦᠬᠦ ᠪᠡᠶ᠎ᠡ ᠳᠤ ᠢᠯᠡᠳᠲᠡ ᠰᠢᠨᠵᠢ ᠲᠡᠮᠳᠡᠭ ᠭᠠᠷᠴᠤ᠂ ᠨᠢᠳᠦᠨ ᠤ ᠰᠠᠯᠢᠰᠤᠲᠤ ᠪᠦᠷᠬᠦᠪᠴᠢ ᠨᠢ ᠪᠤᠷᠤᠯᠠᠵᠤ᠂ ᠠᠮᠢᠰᠬᠤᠭ᠎ᠠ ᠪᠠ ᠵᠢᠷᠦᠬᠡᠨ ᠴᠣᠬᠢᠯᠲᠠ ᠨᠢ ᠲᠦᠷᠭᠡᠲᠦᠭᠡᠳ ᠦᠬᠦᠳᠡᠭ ᠴᠣ᠋ ᠪᠣᠢ᠃ ᠭᠡᠭᠦᠦ ᠬᠡᠭᠡᠯ ᠬᠠᠶᠠᠬᠤ ᠪᠠᠶᠢᠳᠠᠯ ᠳᠡᠮᠡᠢ ᠭᠠᠷᠳᠠᠭ ᠦᠭᠡᠢ᠃ ᠵᠠᠷᠢᠮ ᠡᠪᠡᠳᠴᠢᠨ ᠤ ᠵᠢᠱᠢᠶ᠎ᠡ ᠳᠤ ᠮᠠᠯ ᠤᠨ ᠳᠤᠤᠷ᠎ᠠ ᠪᠡᠶ᠎ᠡ ᠪᠠ ᠳᠦᠷᠪᠡᠨ ᠮᠦᠴᠢ ᠬᠠᠪᠤᠳᠴᠤ᠂ ᠵᠠᠷᠢᠮ ᠳᠤᠨᠢ ᠰᠢᠷᠪᠦᠰᠦᠨ ᠤ ᠦᠷᠪᠢᠰᠦᠯ᠂ ᠰᠢᠷᠪᠦᠰᠦᠨ ᠲᠤᠭᠲᠤᠢ ᠶᠢᠨ ᠦᠷᠪᠢᠰᠦᠯ ᠳᠤᠰᠴᠤ ᠲᠤᠭᠤᠯᠬᠤ ᠦᠵᠡᠭᠳᠡᠯ ᠭᠠᠷᠳᠠᠭ᠃ ᠲᠤᠰ ᠡᠪᠡᠳᠴᠢᠨ ᠤ ᠦᠩᠭᠡᠷᠡᠯᠲᠠ ᠨᠢ ᠤᠯᠠᠩᠬᠢ ᠳᠠᠭᠠᠨ ᠬᠤᠤᠷ ᠦᠭᠡᠢ᠂ ᠳᠠᠪᠬᠤᠴᠠᠬᠤ ᠡᠪᠡᠳᠴᠢᠨ ᠦᠭᠡᠢ᠃ ᠲᠦᠷᠭᠡᠨ ᠡᠪᠡᠳᠴᠢᠨ ᠤ ᠵᠢᠱᠢᠶ᠎ᠡ ᠨᠢ ᠬᠡᠵᠢᠶᠡᠲᠡ 3~7 ᠬᠤᠨᠤᠭ ᠪᠣᠯᠪᠠᠯ ᠪᠠᠷᠤᠭ ᠡᠳᠡᠭᠡᠷᠡᠴᠢᠬᠡᠨ᠎ᠡ᠃ ᠦᠬᠦᠯᠲᠡ ᠳᠤᠤᠷ᠎ᠠ᠂ 5% ᠠᠴᠠ ᠬᠡᠲᠦᠷᠡᠬᠦ ᠦᠭᠡᠢ᠃ ᠬᠡᠷᠪᠡ ᠴᠠᠭ ᠲᠤᠬᠠᠢ ᠳᠤᠨᠢ ᠡᠮᠨᠡᠵᠦ ᠵᠠᠰᠠᠭᠰᠠᠨ ᠦᠭᠡᠢ᠂ ᠰᠤᠪᠢᠯᠠᠯᠲᠠ ᠬᠢᠭᠰᠡᠨ ᠨᠢ ᠵᠤᠬᠢᠮᠵᠢ ᠦᠭᠡᠢ ᠮᠦᠷᠲᠡᠭᠡᠨ ᠦᠷᠭᠦᠯᠵᠢᠯᠡᠨ ᠬᠦᠯᠦᠰᠢᠨ ᠳᠤ ᠬᠡᠷᠡᠭᠯᠡᠪᠡᠯ ᠡᠪᠡᠳᠴᠢᠨ ᠤ ᠪᠠᠶᠢᠳᠠᠯ ᠨᠢ ᠬᠦᠨᠳᠦᠷᠡᠬᠦ ᠪᠣᠶᠣ ᠠᠭᠤᠰᠬᠢᠨ ᠦᠷᠪᠢᠰᠦᠯ᠂ ᠴᠡᠭᠡᠵᠢᠨ ᠬᠠᠯᠢᠰᠤᠨ ᠤ ᠦᠷᠪᠢᠰᠦᠯ᠂ ᠪᠦᠭᠡᠷᠡᠨ ᠦᠷᠪᠢᠰᠦᠯ᠂ ᠵᠢᠷᠦᠬᠡᠨ ᠪᠣᠯᠴᠢᠩ ᠤᠨ ᠦᠷᠪᠢᠰᠦᠯ ᠳᠠᠪᠬᠤᠴᠠᠨ᠎ᠠ᠃ ᠲᠡᠭᠡᠪᠡᠯ ᠡᠪᠡᠳᠴᠢᠯᠡᠭᠰᠡᠨ ᠶᠠᠪᠤᠴᠠ ᠨᠢ ᠰᠤᠨᠵᠢᠷᠠᠭᠠᠳ ᠴᠢᠨᠠᠭᠰᠢᠯᠠᠪᠠᠯ ᠦᠬᠦᠵᠦ ᠮᠡᠳᠡᠨ᠎ᠡ᠃ ᠲᠤᠰ ᠡᠪᠡᠳᠴᠢᠨ ᠪᠣᠯ ᠭᠡᠨᠡᠳᠲᠡ ᠪᠠᠷ ᠬᠤᠷᠳᠤᠨ ᠳᠡᠯᠭᠡᠷᠡᠨ᠎ᠡ᠃ ᠬᠡᠳᠦᠬᠡᠨ ᠡᠳᠦᠷ ᠲᠤ ᠪᠠᠷᠤᠭ ᠪᠦᠬᠦ ᠮᠣᠷᠢᠳ ᠭᠡᠮᠨᠡᠳᠡᠭ᠃ ᠡᠮᠴᠢᠯᠡᠭᠡᠨ ᠳᠡᠭᠡᠷ᠎ᠡ ᠭᠤᠤᠯᠳᠠᠭᠤ ᠪᠡᠶ᠎ᠡ ᠶᠢᠨ ᠳᠤᠯᠠᠭᠠᠨ ᠳᠡᠭᠡᠭᠰᠢᠯᠡᠬᠦ ᠪᠠ ᠠᠮᠢᠰᠬᠤᠯ ᠤᠨ ᠰᠦᠪᠡ ᠶᠢᠨ ᠺᠠᠲ᠋ᠠᠷᠲᠤ ᠦᠷᠪᠢᠰᠦᠯ ᠢᠶᠠᠷ ᠢᠯᠡᠷᠡᠳᠡᠭ᠃ ᠡᠪᠡᠳᠴᠢᠯᠡᠬᠦ ᠶᠠᠪᠤᠴᠠ ᠨᠢ ᠤᠬᠤᠷ ᠪᠦᠭᠡᠳ ᠤᠯᠠᠩᠬᠢ ᠳᠠᠭᠠᠨ ᠬᠤᠤᠷ ᠦᠭᠡᠢ ᠪᠠᠷ ᠦᠩᠭᠡᠷᠡᠳᠡᠭ᠃ ᠢᠷᠡᠯᠳᠠ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠭᠢᠮ        ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠭᠢᠮ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2