ᠲᠡᠯᠡᠭᠡᠢ ᠳ᠋ᠠᠬᠢᠨ ᠳᠤ ᠮᠤᠩᠭᠤᠯᠴᠤᠳ᠂ ᠦᠨᠳᠦᠰᠦᠳᠡᠨ ᠤ ᠬᠤᠪᠢ ᠪᠠᠷ ᠪᠠᠶᠢᠷᠢ ᠰᠠᠭᠤᠷᠢ ᠡᠵᠡᠯᠡᠬᠦ ᠪᠤᠯᠤᠭᠰᠠᠨ | ᠴᠠᠭ ᠪᠤᠯ 13 ᠳ᠋ᠤᠭᠠᠷ ᠵᠠᠭᠤᠨ ᠤ ᠦᠶ᠎ᠡ ᠠᠴᠠ ᠡᠭᠢᠯᠡᠨ᠎ᠡ᠃ ᠡᠷᠳᠡᠨ ᠤ ᠲᠡᠷᠡ ᠴᠠᠭ ᠠᠴᠠ ᠮᠤᠩᠭᠤᠯ | ᠦᠨᠳᠦᠰᠦᠳᠡᠨ ᠳᠤ ᠪᠠᠶᠢᠭᠰᠠᠨ ᠦᠪᠡᠷ ᠤᠨ ᠠᠮᠢᠳᠤᠷᠠᠯ ᠤᠨ ᠲᠤᠭᠳᠠᠭᠰᠠᠨ ᠤᠨᠴᠠᠭᠠᠢ ᠭᠡᠪ ᠨᠠᠮᠪᠠ ᠵᠠᠩ ᠵᠢᠷᠦᠮ | ᠭᠡᠭᠴᠢ ᠨᠢᠭᠡᠨ ᠲᠦᠭᠡᠮᠡᠯ ᠦᠵᠡᠭᠳᠡᠯ ᠤᠳᠤ ᠶᠢᠨ ᠮᠤᠩᠭᠤᠯ ᠠᠷᠠᠳ ᠤᠨ ᠠᠮᠢᠳᠤᠷᠠᠯ ᠳᠤ ᠴᠤ ᠲᠠᠰᠤᠷᠠᠭᠠᠳᠤᠢ | ᠪᠠᠶᠢᠭᠰᠠᠭᠠᠷ ᠠᠵᠢ᠃ ᠲᠡᠭᠦᠨ ᠠᠴᠠ ᠢᠷᠭᠡ ᠶᠢᠨ ᠰᠢᠭᠦᠰᠦ ᠲᠡᠪᠰᠢᠭᠦᠯᠬᠦ ᠭᠡᠳᠡᠭ ᠨᠢᠭᠡ ᠯᠡ ᠬᠢᠨ ᠵᠢᠷᠦᠮᠰᠢᠯ ᠤᠨ | ᠲᠤᠬᠠᠢ ᠶᠢ ᠠᠵᠢᠭᠯᠠᠬᠤ ᠳᠤ ᠮᠤᠩᠭᠤᠯᠴᠤᠳ ᠤᠨ ᠡᠷᠳᠡᠨ ᠠᠴᠠ ᠪᠠᠶᠢᠭᠰᠠᠨ ᠬᠦᠰᠡᠯ ᠮᠦᠷᠦᠭᠡᠳᠦᠯ ᠤᠨ ᠶᠡᠷᠦᠩᠭᠡᠢ | ᠬᠠᠨᠳᠤᠯᠭ᠎ᠠ᠂ ᠲᠡᠭᠦᠨ ᠤ ᠶᠢᠷᠳᠢᠨᠴᠦ ᠶᠢ ᠦᠵᠡᠭᠦ ᠦᠵᠡᠯ ᠤᠨ ᠦᠪᠡᠷᠮᠢᠴᠡ ᠤᠨᠴᠠᠯᠢᠭ᠂ ᠡᠩ ᠶᠡᠭᠡ ᠭᠡᠭᠡᠷ᠎ᠡ ᠶᠢᠨ | ᠨᠡᠭᠦᠳᠡᠯ ᠤᠨ ᠮᠠᠯ ᠠᠵᠤ ᠠᠬᠤᠶᠢᠳᠠᠨ ᠤ ᠠᠵᠤ ᠠᠮᠢᠳᠤᠷᠠᠯ ᠪᠤᠯᠤᠨ ᠭᠡᠪ ᠵᠠᠩᠰᠢᠯ ᠵᠡᠷᠭᠡ ᠡᠷᠳᠡᠨ ᠤ ᠬᠤᠪᠤᠷ ᠨᠠᠨᠳᠢᠨ | ᠵᠢᠱᠢᠶ᠎ᠡ ᠪᠠᠷᠢᠮᠳᠠ ᠶᠢ ᠬᠦᠷᠳᠡᠯ᠎ᠡ ᠤᠯᠵᠤ ᠮᠡᠳᠡᠬᠦ ᠪᠤᠯᠤᠮᠵᠢ ᠪᠠᠶᠢᠳᠠᠭ᠃ | ︵ᠨᠢᠭᠡ︶ ᠰᠢᠭᠦᠰᠦ | ᠰᠢᠭᠦᠰᠦ ᠪᠣᠯ ᠬᠤᠷᠢᠮ ᠨᠠᠶᠢᠷ᠂ ᠳᠠᠶᠢᠯᠠᠯᠭ᠎ᠠ᠂ ᠲᠠᠬᠢᠯᠭ᠎ᠠ ᠲᠠᠪᠢᠭᠯᠠᠯ ᠳᠤ ᠬᠡᠷᠡᠭᠯᠡᠬᠦ ᠮᠠᠯ ᠤᠨ ᠪᠦᠬᠦᠯᠢ | ᠮᠢᠬ᠎ᠠ ᠶᠢᠨ ᠬᠦᠨᠳᠦᠳᠬᠡᠯ ᠦᠭᠡ᠃ ᠪᠠᠰᠠ ᠥᠳᠬᠡ ᠴᠦ ᠭᠡᠳᠡᠭ᠃ ᠭᠠᠷᠭᠠᠭᠰᠠᠨ ᠮᠠᠯ ᠤᠨ ᠲᠥᠷᠥᠯ | ᠢᠯᠭᠠᠯ ᠢᠶᠠᠷ ᠨᠢ ᠮᠣᠷᠢᠨ ᠥᠳᠬᠡ᠂ ᠦᠬᠡᠷ ᠬᠠᠲᠠᠭᠤ᠂ ᠬᠤᠨᠢᠨ ᠰᠢᠭᠦᠰᠦ᠂ ᠢᠷᠭᠡ ᠶᠢᠨ ᠰᠢᠭᠦᠰᠦ᠂ ᠳᠥᠯᠥᠭᠡᠨ | ᠰᠢᠭᠦᠰᠦ᠂ ᠬᠤᠷᠠᠭᠠᠨ ᠰᠢᠭᠦᠰᠦ᠂ ᠢᠮᠠᠭᠠᠨ ᠰᠢᠭᠦᠰᠦ᠂ ᠭᠠᠭ᠋ᠠᠢ ᠶᠢᠨ ᠰᠢᠭᠦᠰᠦ ᠴᠠᠭᠠᠰᠢᠯᠠᠪᠠᠯ ᠲᠠᠤᠯᠠᠢ ᠶᠢᠨ ᠰᠢᠭᠦᠰᠦ ᠁ | ᠭᠡᠵᠤ ᠨᠡᠷᠡᠶᠢᠳᠬᠦ ᠴᠦ ᠪᠤᠢ᠃ ᠰᠢᠭᠦᠰᠦᠨ ᠤ ᠬᠡᠮ ᠬᠡᠮᠵᠢᠶ᠎ᠡ ᠪᠠᠷ ᠨᠢ᠄ ᠡᠩ ︵ᠶᠡᠷᠦ︶ ᠤᠨ ᠰᠢᠭᠦᠰᠦ᠂ ᠪᠦᠬᠦᠯᠢ ︵ | ᠪᠦᠲᠦᠨ︶ ᠰᠢᠭᠦᠰᠦ᠂ ᠲᠡᠷᠢᠭᠦᠨ ᠰᠢᠭᠦᠰᠦ᠂ ᠳᠡᠳ᠋ ᠰᠢᠭᠦᠰᠦ᠂ ᠪᠠᠭ᠎ᠠ ᠰᠢᠭᠦᠰᠦ᠂ ᠶᠡᠭᠡ ᠰᠢᠭᠦᠰᠦ᠂ ᠪᠢᠲᠡᠭᠦᠦ | ᠰᠢᠭᠦᠰᠦ᠂ ᠵᠠᠳᠠᠭᠠᠢ ᠰᠢᠭᠦᠰᠦ᠂ ᠰᠡᠷᠪᠡᠭᠡ ᠲᠠᠢ ᠰᠢᠭᠦᠰᠦ᠂ ᠰᠡᠷᠪᠡᠭᠡ ᠦᠭᠡᠢ ᠰᠢᠭᠦᠰᠦ᠂ ᠬᠠᠭᠠᠰ ᠰᠢᠭᠦᠰᠦ᠂ | ᠬᠤᠭᠤᠰ ᠰᠢᠭᠦᠰᠦ᠂ ᠮᠥᠴᠢ ᠰᠢᠭᠦᠰᠦ ︵ᠮᠥᠴᠢᠯᠡᠭᠰᠡᠨ ᠰᠢᠭᠦᠰᠦ ᠴᠦ ᠭᠡᠳᠡᠭ᠂ ᠮᠥᠴᠢ ᠰᠢᠭᠦᠰᠦᠨ ᠳᠤ ᠬᠤᠶᠢᠲᠤ | ᠮᠥᠴᠢ᠂ ᠳᠠᠯᠤ ᠳᠥᠷᠪᠡᠨ ᠥᠨᠳᠥᠷ᠂ ᠳᠠᠯᠤ᠂ ᠡᠪᠴᠢᠭᠦᠦ᠂ ᠰᠡᠭᠦᠵᠢ᠂ ᠳᠤᠮᠳᠠ ᠴᠢᠮᠦᠭᠡ ᠵᠡᠷᠭᠡ ᠵᠢᠷᠭᠤᠭᠠᠨ ᠵᠦᠢᠯ | ᠪᠤᠢ︶᠂ ᠤᠭᠤᠴᠠ ᠰᠢᠭᠦᠰᠦ ︵ᠭᠦᠶᠦᠯᠭᠡ ᠤᠭᠤᠴᠠ᠂ ᠣᠬᠤᠷ ᠤᠭᠤᠴᠠ᠂ ᠪᠠᠭ᠎ᠠ ᠤᠭᠤᠴᠠ︶᠂ ᠥᠷᠥᠭᠡᠯ | ᠰᠢᠭᠦᠰᠦ᠂ ᠬᠠ ᠶᠢᠨ ᠰᠢᠭᠦᠰᠦ᠂ ᠬᠠᠪᠰᠤᠷᠤᠭ᠎ᠠ ᠰᠢᠭᠦᠰᠦ᠂ ᠬᠠᠰᠢᠭᠰᠠᠨ ᠰᠢᠭᠦᠰᠦ᠂ ᠲᠣᠯᠣᠭᠠᠢ ᠰᠢᠭᠦᠰᠦ ᠁ | ᠵᠡᠷᠭᠡ ᠪᠤᠢ᠃ ᠪᠣᠯᠭᠤᠭᠰᠠᠨ ᠠᠷᠭ᠎ᠠ ᠪᠠᠷ ᠨᠢ᠄ ᠤᠯᠠᠭᠠᠨ ᠰᠢᠭᠦᠰᠦ᠂ ᠴᠠᠭᠠᠨ ᠰᠢᠭᠦᠰᠦ᠂ ᠥᠳᠬᠡᠷᠡᠭᠦᠯᠦᠭᠰᠡᠨ | ᠰᠢᠭᠦᠰᠦ᠂ ᠰᠢᠷᠠᠭᠰᠠᠨ ᠰᠢᠭᠦᠰᠦ᠂ ᠰᠢᠷᠠᠵᠤ ᠬᠠᠭᠰᠠᠭᠠᠭᠰᠠᠨ ᠰᠢᠭᠦᠰᠦ᠂ ᠴᠢᠨᠠᠭᠠᠳ ᠰᠢᠷᠠᠭᠰᠠᠨ ᠰᠢᠭᠦᠰᠦ᠂ | ᠴᠢᠨᠠᠭᠰᠠᠨ ᠰᠢᠭᠦᠰᠦ᠂ ᠵᠣᠯᠣᠮ᠎ᠠ ᠰᠢᠭᠦᠰᠦ᠂ ᠵᠤᠯᠤᠮ ᠰᠢᠭᠦᠰᠦ ᠁ ᠬᠡᠭᠦ ᠵᠡᠷᠭᠡ ᠪᠠᠷ ᠨᠡᠷᠡᠯᠡᠬᠦ ᠴᠦ ᠪᠤᠢ᠃ | ᠲᠡᠭᠦᠨᠴᠢᠯᠡᠨ ᠮᠣᠩᠭᠤᠯ ᠤᠨ ᠦᠢ ᠤᠯᠠᠨ ᠠᠶᠢᠮᠠᠭ ᠤᠭᠰᠠᠭ᠎ᠠ ᠨᠤᠭᠤᠳ ᠬᠢᠵᠠᠭᠠᠷ ᠦᠭᠡᠢ ᠥᠷᠭᠡᠨ ᠠᠭᠤᠳᠠᠮ ᠭᠠᠵᠠᠷ | ᠨᠤᠲᠤᠭ ᠲᠤ ᠲᠠᠷᠬᠠᠨ ᠨᠤᠲᠤᠭᠯᠠᠵᠤ ᠪᠠᠶᠢᠭ᠎ᠠ ᠲᠤᠯᠠ ᠨᠡᠷᠡᠯᠡᠬᠦ ᠨᠡᠷ᠎ᠡ ᠮᠢᠳᠠᠭ ᠨᠢ ᠠᠳᠠᠯᠢ ᠦᠭᠡᠢ ᠮᠥᠷᠲᠡᠭᠡᠨ | ᠰᠢᠭᠦᠰᠦ ᠲᠠᠯᠪᠢᠬᠤ ᠳᠤ ᠪᠠᠨ ᠴᠦ ᠲᠥᠷᠥᠯ ᠵᠦᠢᠯ ᠬᠤᠪᠢᠶᠠᠬᠤ ᠪᠣᠯᠣᠨ ᠰᠠᠯᠭᠠᠵᠤ ᠵᠠᠰᠠᠬᠤ ᠳᠦᠷᠢᠮ᠂ ᠦᠭᠡᠯᠡᠵᠦ | ᠵᠦᠰᠦᠬᠦ ᠭᠤᠷᠢᠮ ᠵᠡᠷᠭᠡ ᠲᠤᠰᠬᠠᠢ ᠶᠣᠰᠣ ᠨᠢ ᠥᠪᠡᠷ ᠬᠤᠭᠤᠷᠣᠨᠳᠤ ᠪᠠᠨ ᠲᠤᠰ ᠲᠤᠰ ᠤᠨ ᠢᠶᠠᠨ ᠨᠠᠷᠢᠨ ᠢᠯᠭᠠᠭ᠎ᠠ | ᠪᠠᠶᠢᠬᠤ ᠨᠢ ᠵᠠᠶᠢᠯᠠᠰᠢ ᠦᠭᠡᠢ ᠶᠤᠮ᠃ ᠣᠷᠳᠣᠰ ᠲᠤ ᠮᠣᠷᠢᠨ ᠥᠳᠬᠡ ᠶᠢ ᠴᠢᠩᠭᠢᠰ ᠤᠨ ᠲᠠᠶᠢᠯᠭ᠎ᠠ᠂ ᠲᠠᠬᠢᠯᠭ᠎ᠠ᠂ | ᠲᠠᠪᠢᠭᠯᠠᠯ ᠳᠤ ᠬᠡᠷᠡᠭᠯᠡᠬᠦ ᠶᠢ ᠭᠠᠷᠭᠠᠪᠠᠯ ᠶᠡᠷᠦ ᠶᠢᠨ ᠨᠠᠶᠢᠷ ᠴᠤᠭᠯᠠᠭᠠᠨ ᠳᠤ ᠭᠠᠷᠭᠠᠬᠤ ᠦᠭᠡᠢ᠃ ᠦᠬᠡᠷ ᠬᠠᠲᠠᠭᠤ ᠶᠢ | ᠴᠦ ᠨᠡᠯᠢᠶᠡᠳ ᠶᠡᠭᠡ ᠰᠢᠭ ᠨᠠᠶᠢᠷ ᠴᠤᠭᠯᠠᠭᠠᠨ ᠳᠤ ᠭᠠᠷᠭᠠᠨ᠎ᠠ᠃ ᠶᠡᠷᠦ ᠶᠢᠨ ᠪᠠᠶᠢᠳᠠᠯ ᠳᠤ ᠬᠤᠨᠢᠨ ᠰᠢᠭᠦᠰᠦ ᠪᠠᠷ | ᠬᠦᠨᠳᠦᠯᠡᠨ ᠳᠠᠶᠢᠯᠠᠬᠤ ᠪᠤᠶᠤ ᠬᠦᠨᠳᠦ ᠪᠡᠯᠡᠭ ᠪᠣᠯᠭᠠᠨ ᠳᠤ ᠥᠭᠭᠦᠨ᠎ᠡ᠃ | ᠳᠣᠣᠷ᠎ᠠ ᠬᠤᠨᠢᠨ ᠰᠢᠭᠦᠰᠦ ︵ᠢᠷᠭᠡ ᠶᠢᠨ ᠰᠢᠭᠦᠰᠦ︶ ᠪᠠᠷ ᠲᠠᠶᠢᠯᠪᠤᠷᠢ ᠬᠢᠶ᠎ᠡ᠃ | ︵ᠬᠤᠶᠠᠷ︶ ᠬᠤᠨᠢᠨ ᠰᠢᠭᠦᠰᠦ | ⒈ ᠰᠢᠭᠦᠰᠦ ᠶᠢᠨ ᠮᠦᠴᠢ ᠭᠡᠰᠢᠭᠦᠦ | ᠪᠦᠲᠦᠨ ᠰᠢᠭᠦᠰᠦ ᠳᠤ ᠬᠤᠶᠠᠷ ᠬᠠ᠂ ᠬᠤᠶᠠᠷ ᠭᠤᠶ᠎ᠠ᠂ ᠤᠭᠤᠴᠠ᠂ ᠰᠡᠭᠡᠷ᠂ ᠲᠣᠯᠣᠭᠠᠢ ᠳᠣᠯᠤᠭ᠎ᠠ ᠣᠷᠣᠨ᠎ᠠ᠃ | ᠣᠷᠳᠣᠰ ᠲᠤ ᠡᠪᠴᠢᠭᠦᠦ᠂ ᠬᠦᠵᠦᠭᠦᠦ ᠶᠢ ᠵᠠᠷᠤᠳᠠᠭ ᠦᠭᠡᠢ᠃ | ⒉ ᠰᠢᠭᠦᠰᠦ ᠶᠢᠨ ᠮᠦᠴᠢ ᠭᠡᠰᠢᠭᠦᠦ ᠶᠢ ᠲᠠᠪᠠᠭᠯᠠᠬᠤ | ᠲᠦᠷᠦᠭᠦᠦ ᠲᠠᠯ᠎ᠠ ᠲᠤᠯᠤᠭᠠᠢ ᠶᠢ ᠬᠠᠮᠠᠷ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠲᠠᠯᠤ ᠶᠢ ᠬᠠᠮᠠᠷ ᠲᠠᠯ᠎ᠠ ᠶᠢ | ᠲᠡᠭᠡᠭᠰᠢ ᠬᠠᠨᠳᠤᠭᠤᠯᠤᠨ ᠲᠤᠭᠤᠭᠠᠨ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠰᠡᠭᠦᠵᠢ ᠶᠢ ᠬᠠᠪᠳᠠᠭᠠᠢ ᠲᠤᠯᠤᠭᠠᠢ | ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠲᠤᠮᠳᠠ ᠴᠢᠮᠦᠭᠡ ᠶᠢ ᠵᠢᠩᠰᠡᠳᠦ ᠲᠦᠷᠦᠭᠦᠦ ᠪᠠᠷ ᠨᠢ ᠬᠠᠨᠳᠤᠭᠤᠯᠵᠤ | ᠲᠠᠯᠪᠢᠨ᠎ᠠ᠃ ᠡᠪᠴᠢᠭᠦᠦ ᠶᠢ ᠡᠯᠢᠭᠡᠨ ᠲᠠᠯ᠎ᠠ ᠶᠢ ᠲᠡᠭᠡᠭᠰᠢ ᠬᠠᠨᠳᠤᠭᠤᠯᠤᠨ ᠬᠤᠰᠢᠭᠤ ᠲᠠᠯ᠎ᠠ ᠪᠠᠷ ᠨᠢ ᠬᠠᠨᠳᠤᠭᠤᠯᠵᠤ | ᠲᠠᠯᠪᠢᠨ᠎ᠠ᠃ ᠱᠠᠭᠠᠨᠲᠤ ᠶᠢ ᠱᠠᠭ᠎ᠠ ᠶᠢᠨ ᠬᠢ ᠨᠢ ᠮᠤᠷᠢᠨ ᠡᠳᠡᠭᠡᠳ ᠢ ᠲᠡᠭᠡᠭᠰᠢ ᠬᠠᠨᠳᠤᠭᠤᠯᠤᠨ ᠱᠠᠭᠠᠨᠲᠤ | ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠬᠠᠷᠢᠳᠦ ᠶᠢ ᠪᠦᠳᠦᠭᠦᠨ ᠲᠦᠷᠦᠭᠦᠦ ᠪᠠᠷ ᠨᠢ ᠬᠠᠨᠳᠤᠭᠤᠯᠵᠤ ᠲᠠᠯᠪᠢᠨ᠎ᠠ᠃ | ᠰᠡᠭᠡᠷ ᠢ ᠪᠦᠬᠦᠯᠢ ᠪᠠᠷ ᠨᠢ ᠬᠡᠷᠡᠭᠯᠡᠪᠡᠯ ᠬᠦᠵᠦᠭᠦᠨ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠬᠠᠪᠢᠷᠭ᠎ᠠ ᠶᠢ | ᠡᠯᠢᠭᠡᠨ ᠲᠠᠯ᠎ᠠ ᠶᠢ ᠲᠡᠭᠡᠭᠰᠢ ᠬᠠᠨᠳᠤᠭᠤᠯᠤᠨ ᠪᠤᠷ᠎ᠠ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠬᠡᠬᠦ ᠳᠤ ᠲᠦᠷᠪᠡᠨ | ᠦᠨᠳᠦᠷ ᠢ ᠪᠣᠯ ᠢᠮᠠᠭᠳᠠ ᠲᠠᠯᠤ ᠶᠢᠨ ᠬᠠᠮᠳᠤ ᠲᠠᠪᠠᠭᠯᠠᠭᠳᠠᠬᠤ ᠵᠠᠩᠰᠢᠯ ᠪᠤᠢ᠃ ᠡᠶᠢᠮᠦ ᠠᠴᠠ ︽ᠲᠠᠯᠤ ᠲᠦᠷᠪᠡᠨ | ᠦᠨᠳᠦᠷ ᠲᠠᠭᠠᠪᠤᠷᠢ ᠲᠠᠢ︾ ᠬᠡᠬᠦ ᠦᠭᠡ ᠪᠠᠶᠢᠳᠠᠭ᠃ ᠪᠤᠭᠤᠨᠢ ᠬᠠᠪᠢᠷᠭ᠎ᠠ ᠶᠢ ᠬᠦᠵᠤᠬᠦᠦ ᠪᠤᠯᠤᠨ ᠵᠠᠷᠢᠮ ᠦᠶ᠎ᠡ ᠳᠤ | ᠨᠢᠷᠤᠭᠤ ᠴᠤ ᠭᠡᠰᠡᠨ ᠪᠦᠷ ᠦᠶᠡᠯᠡᠭᠳᠡᠵᠤ ᠪᠤᠰᠤᠳ ᠮᠦᠴᠢ ᠭᠡᠰᠢᠭᠦᠦ ᠶᠢᠨ ᠲᠠᠭᠠᠪᠤᠷᠢ ᠪᠤᠯᠳᠠᠭ᠃ ᠵᠠᠷᠢᠮ ᠭᠠᠵᠠᠷ | ᠪᠣᠭᠲᠣᠭᠤᠰᠤ ᠶᠢ ᠲᠠᠪᠠᠭᠯᠠᠵᠤ ᠲᠠᠯᠪᠢᠪᠠᠯ ᠬᠦᠮᠦᠨ ᠢ ᠲᠤᠷᠤᠮᠵᠢᠯᠠᠭᠰᠠᠨ ᠢᠶᠠᠷ ᠦᠵᠡᠬᠦ ᠲᠤᠯᠠ ᠵᠤᠴᠢᠨ ᠳᠤ ᠲᠠᠯᠪᠢᠳᠠᠭ | ᠦᠭᠡᠢ᠃ ᠭᠡᠷ ᠵᠠᠭᠤᠷ᠎ᠠ ᠪᠠᠨ ᠭᠡᠷᠡᠭᠯᠡᠪᠡᠯ ᠵᠠᠯᠠᠭᠠᠳᠤ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ | ⒊ ᠰᠢᠭᠦᠰᠦ ᠶᠢᠨ ᠲᠥᠷᠥᠯ ᠵᠦᠢᠯ | ⑴ ᠪᠢᠳᠠᠭᠦᠦ ᠲᠤᠯᠤᠭᠠᠢ ︵ᠲᠠᠷᠢᠭᠦᠨ ᠰᠢᠭᠦᠰᠦ︶ ᠪᠦᠭᠦᠯᠢ ᠰᠢᠭᠦᠰᠦᠨ ᠤ ᠲᠡᠭᠡᠷ᠎ᠡ ᠲᠠᠯᠪᠢᠳᠠᠭ ᠪᠤᠶᠤ | ᠡᠰᠡᠭᠦᠯ᠎ᠡ ᠲᠡᠭᠦᠨ ᠢ ᠪᠠᠶᠠᠷ ᠶᠤᠰᠤᠯᠠᠯ ᠤᠨ ᠦᠶ᠎ᠡ ᠳᠤ ᠡᠯᠳᠡᠪ ᠪᠤᠭᠤᠷᠰᠤᠭ ᠤᠨ ᠬᠠᠮᠳᠤ ᠲᠠᠪᠠᠭᠯᠠᠵᠤ ᠡᠷᠦᠭᠡ ᠭᠡᠷ ᠤᠨ | ᠵᠠᠭᠤᠷ᠎ᠠ ᠶᠤᠰᠤᠯᠠᠯ ᠤᠨ ᠢᠳᠡᠭᠡᠨ ᠪᠤᠯᠭᠠᠳᠠᠭ᠃ ᠪᠢᠳᠠᠭᠦᠦ ᠲᠤᠯᠤᠭᠠᠢ ᠶᠢ ᠪᠤᠯ ᠶᠡᠷᠦ ᠠᠴᠠ ᠲᠡᠷᠢᠭᠦᠨ ᠰᠢᠭᠦᠰᠦ ᠭᠡᠵᠤ | ᠬᠦᠨᠳᠦᠳᠭᠡᠨ ᠦᠵᠡᠳᠡᠭ ᠪᠤᠯᠬᠤᠷ ᠲᠡᠭᠦᠨ ᠢ ᠶᠢᠰᠦᠨᠳᠡ ᠬᠦᠨᠳᠡᠬᠦ ᠶᠤᠰᠤᠳᠠᠢ᠃ ᠡᠭᠦᠨ ᠳᠤ ᠲᠤᠬᠤ᠂ ᠬᠤᠶᠠᠷ | ᠵᠡᠪᠡᠵᠢ᠂ ᠬᠤᠶᠠᠷ ᠴᠢᠬᠢ᠂ ᠬᠤᠶᠠᠷ ᠤᠬᠤᠷᠬᠠᠢ᠂ ᠰᠢᠯᠢ᠂ ᠲᠠᠩᠨᠠᠢ ᠵᠡᠷᠭᠡ ᠶᠢᠰᠦᠨ ᠭᠠᠵᠠᠷ ᠢ ᠬᠦᠨᠳᠡᠳᠡᠭ᠃ | ⑵ ᠪᠦᠭᠦᠯᠢ ᠰᠢᠭᠦᠰᠦ | ᠡᠭᠦᠨ ᠳᠤ ᠬᠤᠶᠠᠷ ᠵᠦᠢᠯ ᠪᠤᠢ᠃ ① ᠵᠤᠮ᠎ᠠ ᠪᠤᠯᠤᠨ ᠪᠦᠬᠦᠯᠢ ᠰᠢᠭᠦᠰᠦ ᠭᠡᠵᠤ ᠬᠡᠯᠡᠳᠡᠭ᠃ ᠪᠦᠬᠦ | ᠦᠰᠦ ᠶᠢ ᠵᠤᠮᠠᠯᠠᠭᠠᠳ ᠬᠡᠳᠡᠰᠦ ᠲᠤᠳᠤᠷ ᠢ ᠨᠢ ᠠᠪᠴᠤ ᠪᠦᠬᠦᠯᠢ ᠪᠠᠷ ᠨᠢ ᠴᠢᠨᠠᠵᠤ ᠪᠤᠯᠭᠤᠭᠠᠳ ᠡᠪᠡᠷ | ᠲᠤᠭᠤᠷᠠᠢ ᠶᠢ ᠨᠢ ᠠᠪᠤᠯ ᠦᠭᠡᠢ ᠵᠤᠭᠰᠤᠭᠠᠬᠤ ᠪᠤᠶᠤ ᠭᠡᠪᠳᠡᠭᠦᠯᠵᠤ ᠲᠤᠯᠤᠭᠠᠢ ᠲᠠᠯ᠎ᠠ ᠪᠠᠷ ᠨᠢ ᠬᠠᠨᠳᠤᠭᠤᠯᠵᠤ | ᠲᠠᠯᠪᠢᠨ᠎ᠠ᠃ ② ᠪᠦᠭᠦᠯᠢ ᠰᠢᠭᠦᠰᠦ ᠪᠣᠯ ᠲᠠᠪᠠᠭᠯᠠᠬᠤ ᠳᠤ ᠪᠠᠨ ᠬᠠᠮᠤᠭ ᠤᠨ ᠲᠤᠤᠷ᠎ᠠ ᠨᠢ ᠡᠪᠴᠢᠭᠦᠦ ᠬᠦᠵᠦᠭᠦᠦ | ᠪᠤᠯᠤᠨ ᠰᠡᠭᠡᠷ ᠢ ᠲᠠᠯᠪᠢᠵᠤ ᠲᠡᠭᠡᠷ᠎ᠡ ᠨᠢ ᠲᠦᠷᠪᠡᠨ ᠮᠦᠴᠢ ᠶᠢ ᠠᠮᠢᠳᠤ ᠬᠤᠨᠢᠨ ᠤ ᠪᠦᠳᠦᠴᠠ ᠶᠤᠰᠤᠭᠠᠷ ᠢᠯᠭᠠᠨ | ᠲᠠᠯᠪᠢᠵᠤ᠂ ᠲᠡᠭᠦᠨ ᠤ ᠲᠡᠭᠡᠷ᠎ᠡ ᠤᠭᠤᠴᠠ ᠶᠢ ᠲᠠᠯᠪᠢᠭᠠᠳ ᠬᠠᠮᠤᠭ ᠤᠨ ᠲᠡᠭᠡᠷ᠎ᠡ ᠨᠢ ᠪᠢᠳᠡᠭᠦᠦ ᠲᠤᠯᠤᠭᠠᠢ ᠶᠢ | ᠲᠠᠯᠪᠢᠵᠤ ᠴᠠᠭᠠᠨ ᠢᠳᠡᠭᠡᠨ ᠢᠶᠠᠷ ᠴᠢᠮᠡᠭᠰᠡᠨ ᠪᠠᠶᠢᠳᠠᠭ᠃ ᠪᠠᠰᠠ ᠡᠨᠡ ᠰᠢᠭᠦᠰᠦ ᠶᠢᠨ ᠳᠠᠭᠠᠪᠤᠷᠢ ᠳᠤ ᠵᠢᠷᠦᠭᠡ᠂ | ᠡᠯᠢᠭᠡ᠂ ᠪᠦᠭᠡᠷ᠎ᠡ᠂ ᠪᠦᠳᠦᠭᠦᠨ ᠭᠡᠳᠠᠰᠤ ᠬᠦᠷᠳᠡᠯ᠎ᠡ ᠤᠷᠤᠭᠰᠠᠨ ᠪᠠᠶᠢᠳᠠᠭ᠃ | ⑶ ᠬᠠᠭᠠᠰ ᠰᠢᠭᠦᠰᠦ | ᠤᠭᠤᠴᠠ᠂ ᠬᠤᠶᠠᠷ ᠬᠠ᠂ ᠡᠷᠡᠦ ᠦᠭᠡᠢ ᠲᠣᠯᠣᠭᠠᠢ᠂ ᠰᠡᠭᠡᠷ ᠢᠶᠠᠷ ᠪᠦᠷᠢᠯᠳᠦᠨ᠎ᠡ᠃ ᠦᠶᠡᠯᠡᠨ ᠰᠠᠯᠭᠠᠵᠤ | ᠬᠠ᠂ ᠰᠡᠭᠡᠷ ᠤᠨ ᠬᠤᠨᠢᠨ ᠤ ᠪᠡᠶ᠎ᠡ ᠳᠤ ᠬᠢ ᠪᠠᠶᠢᠷᠢᠰᠢᠯ ᠢᠶᠠᠷ ᠲᠠᠪᠠᠭᠯᠠᠭᠠᠳ ᠳᠡᠭᠡᠷ᠎ᠡ ᠨᠢ ᠤᠭᠤᠴᠠ ᠪᠠᠨ ᠬᠥᠮᠥᠷᠢᠵᠦ | ᠂ ᠲᠠᠬᠢᠨ ᠳᠡᠭᠡᠷ᠎ᠡ ᠨᠢ ᠲᠣᠯᠣᠭᠠᠢ ᠶᠢ ᠨᠢ ᠲᠠᠯᠪᠢᠵᠤ ᠭᠡᠶᠢᠴᠢᠨ ᠳᠤ ᠪᠠᠨ ᠵᠠᠰᠠᠨ᠎ᠠ᠃ ᠡᠨᠡ ᠪᠣᠯ ᠮᠣᠩᠭᠤᠯᠴᠤᠳ ᠤᠨ | ᠭᠤᠲᠠᠭᠠᠷ ᠵᠡᠷᠭᠡ ᠶᠢᠨ ᠶᠣᠰᠣ ᠬᠦᠨᠳᠦᠲᠡᠢ ᠰᠢᠭᠦᠰᠦ ᠪᠠᠶᠢᠵᠤ᠂ ᠬᠤᠯᠠ ᠠᠴᠠ ᠴᠢᠬᠤᠯᠠ ᠵᠣᠴᠢᠨ ᠪᠤᠶᠤ ᠠᠨᠳᠠ | ᠨᠥᠬᠦᠳ ᠲᠤ ᠪᠠᠨ ︽ᠰᠦᠪᠡᠭᠡ ᠬᠤᠶᠠᠷ ᠳᠠᠷᠤᠵᠤ᠂ ᠰᠡᠭᠦᠯ ᠬᠤᠶᠠᠷ ᠴᠠᠴᠤᠭᠯᠠᠬᠤ︾ ᠪᠤᠶᠤ ︽ᠰᠦᠪᠡᠭᠡ ᠬᠤᠶᠠᠷ | ᠳᠠᠷᠤᠵᠤ᠂ ᠰᠡᠭᠦᠯ ᠳᠥᠷᠪᠡ ᠴᠠᠴᠤᠭᠯᠠᠬᠤ︾ ᠶᠣᠰᠣ ᠪᠠᠷ ᠵᠦᠰᠦᠵᠦ ᠲᠠᠯᠪᠢᠳᠠᠭ᠃ | ⑷ ᠬᠤᠭᠤᠰ ᠰᠢᠭᠦᠰᠦ | ᠤᠭᠤᠴᠠ᠂ ᠰᠡᠭᠡᠷ᠂ ᠨᠢᠭᠡ ᠬᠠ ᠪᠠᠷ ᠪᠦᠷᠢᠯᠳᠦᠨ᠎ᠡ᠃ ᠶᠠᠮᠠᠷ ᠨᠢᠭᠡᠨ ᠤᠳᠬ᠎ᠠ ᠠᠭᠤᠯᠭ᠎ᠠ ᠲᠠᠢ ᠪᠦᠬᠦᠢ | ᠨᠡᠯᠢᠶᠡᠳ ᠡᠷᠬᠢᠮ ᠬᠦᠨᠳᠦᠲᠦ ᠵᠣᠴᠢᠨ ᠪᠠ ᠰᠠᠳᠤᠨ ᠲᠥᠷᠥᠯ ᠢᠷᠡᠬᠦ ᠳᠤ ᠦᠵᠡᠵᠦ ᠪᠠᠶᠢᠭᠠᠳ ᠲᠣᠬᠢᠷᠠᠬᠤ | ᠵᠦᠰᠦᠯᠭᠡ ᠪᠠᠷ ᠵᠦᠰᠦᠵᠦ ᠲᠠᠯᠪᠢᠨ᠎ᠠ᠃ | ⑸ ᠥᠷᠥᠭᠡᠯ ᠰᠢᠭᠦᠰᠦ | ᠪᠦᠬᠦᠯᠢ ᠤᠭᠤᠴᠠ᠂ ᠵᠥᠪ ᠲᠠᠯ᠎ᠠ ᠶᠢᠨ ᠬᠠ᠂ ᠪᠤᠷᠤᠭᠤ ᠲᠠᠯ᠎ᠠ ᠶᠢᠨ ᠭᠤᠶ᠎ᠠ᠂ ᠲᠣᠯᠣᠭᠠᠢ᠂ ᠰᠡᠭᠡᠷ ᠵᠡᠷᠭᠡ | ᠲᠠᠪᠤᠨ ᠬᠡᠰᠡᠭ ᠢᠶᠠᠷ ᠪᠦᠷᠢᠯᠳᠦᠵᠦ᠂ ᠬᠠ ᠭᠤᠶ᠎ᠠ ᠨᠢ ᠥᠷᠥᠭᠡᠯ ᠤᠨ ᠬᠡᠯᠪᠡᠷᠢ ᠪᠠᠷ ᠲᠤᠰᠢᠭᠰᠠᠨ ᠢ ᠬᠡᠯᠡᠵᠦ ᠪᠤᠢ᠃ | ⑹ ᠬᠠ ᠶᠢᠨ ᠰᠢᠭᠦᠰᠦ | ᠳᠠᠯᠤ᠂ ᠪᠤᠭᠤᠯᠤᠭ ᠴᠢᠮᠦᠭᠡ᠂ ᠪᠣᠭᠲᠣ ᠴᠢᠮᠦᠭᠡ᠂ ᠳᠥᠷᠪᠡᠨ ᠥᠨᠳᠥᠷ ᠢᠶᠠᠷ ᠪᠦᠷᠢᠯᠳᠦᠳᠡᠭ᠃ | ⑺ ᠬᠦᠶᠦᠯᠭᠡ ᠤᠭᠤᠴᠠ ︵ᠪᠦᠬᠦᠯᠢ ᠤᠭᠤᠴᠠ︶ | ᠤᠭᠤᠴᠠ ᠶᠢᠨ ᠲᠤᠬᠠᠢ ᠪᠤᠯ ︽ᠲᠠᠶᠢᠵᠢ ᠶᠢᠨ ᠤᠭᠤᠴᠠ ᠲᠠᠪᠤᠨ ᠨᠢᠷᠤᠭᠤ ᠲᠠᠢ᠂ ᠬᠠᠷᠠᠴᠤ ᠶᠢᠨ ᠤᠭᠤᠴᠠ | ᠭᠤᠷᠪᠠᠨ ᠨᠢᠷᠤᠭᠤ ᠲᠠᠢ︾ ᠭᠡᠬᠦ ᠦᠭᠡ ᠪᠠᠶᠢᠳᠠᠭ᠃ ᠲᠠᠶᠢᠨ ᠬᠦ ᠬᠦᠶᠦᠯᠭᠡ ᠤᠭᠤᠴᠠ ᠪᠤᠯ ᠲᠠᠪᠤᠨ ᠨᠢᠷᠤᠭᠤ᠂ | ᠰᠦᠪᠡᠭᠡᠨ ᠤ ᠭᠤᠷᠪᠠᠨ ᠬᠠᠪᠢᠷᠭ᠎ᠠ ᠪᠠᠷ ᠪᠦᠷᠢᠯᠳᠦᠭᠰᠡᠨ ᠪᠠᠶᠢᠳᠠᠭ ᠪᠦᠭᠡᠳ ᠬᠤᠶᠠᠷ ᠬᠠᠵᠠᠭᠤ ᠶᠢᠨ ᠬᠠᠰᠢᠶᠠᠰᠤᠨ ᠳᠤ | ᠪᠦᠭᠦᠯᠢ ᠰᠡᠭᠡᠷ ᠪᠤᠯᠤᠨ ᠱᠠᠭᠠᠨᠲᠤ ᠤᠷᠤᠵᠤ᠂ ᠰᠡᠭᠦᠯ ᠤᠨ ᠦᠵᠦᠭᠦᠷ ᠠᠴᠠ ᠲᠠᠪᠤᠨ ᠦᠶ᠎ᠡ ᠬᠠᠰᠤᠵᠤ᠂ ᠲᠡᠭᠡᠷ᠎ᠡ ᠨᠢ | ᠴᠠᠭᠠᠨ ᠢᠳᠡᠭᠡᠨ ᠤ ᠲᠡᠭᠡᠵᠢ ᠲᠡᠳᠦᠢ ᠶᠢ ᠲᠠᠯᠪᠢᠵᠤ᠂ ᠲᠤᠯᠤᠭᠠᠢ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ | ⑻ ᠤᠬᠤᠷ ᠤᠭᠤᠴᠠ ︵ᠪᠠᠭ᠎ᠠ ᠤᠭᠤᠴᠠ︶ | ᠲᠤᠤᠬ᠎ᠠ ᠨᠢᠷᠤᠭᠤ᠂ ᠠᠰᠠᠭᠤᠬᠤ ᠨᠢᠷᠤᠭᠤ ᠲᠡᠭᠡᠷ᠎ᠡ ᠨᠢᠭᠡ ᠨᠢᠷᠤᠭᠤ ᠨᠡᠮᠡᠵᠤ᠂ ᠭᠤᠷᠪᠠᠨ ᠨᠢᠷᠤᠭᠤ ᠲᠠᠢ | ᠪᠤᠯᠭᠠᠨ ᠰᠡᠭᠦᠯ ᠤᠨ ᠦᠵᠦᠭᠦᠷ ᠠᠴᠠ ᠲᠠᠪᠤᠨ ᠦᠶ᠎ᠡ ᠬᠠᠰᠤᠭᠠᠳ ᠮᠦᠨ ᠰᠡᠭᠡᠷ ᠱᠠᠭᠠᠨᠲᠤ ᠪᠠᠷ ᠬᠠᠰᠢᠵᠤ᠂ | ᠲᠡᠭᠡᠷ᠎ᠡ ᠨᠢ ᠴᠠᠭᠠᠨ ᠢᠳᠡᠭᠡᠨ ᠤ ᠲᠡᠭᠡᠵᠢ ᠪᠠᠷ ᠴᠢᠮᠡᠵᠤ ᠲᠤᠯᠤᠭᠠᠢ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ | ⑼ ᠲᠠᠯᠤ ᠲᠦᠷᠪᠡᠨ ᠦᠨᠳᠦᠷ | ᠡᠨᠡ ᠪᠤᠯ ᠲᠠᠯᠤ ᠪᠤᠯᠤᠨ ᠲᠦᠷᠪᠡᠨ ᠦᠨᠳᠦᠷ ᠬᠠᠪᠢᠷᠭ᠎ᠠ ᠶᠢ ᠨᠢᠭᠡᠨ ᠬᠠᠮᠳᠤ ᠲᠠᠪᠠᠭᠯᠠᠵᠤ᠂ | ᠮᠥᠭᠡᠷᠰᠦ ᠶᠢ ᠨᠢ ᠤᠨᠠᠭᠠᠨ ᠲᠠᠭᠠᠪᠤᠷᠢ ᠳᠤ ᠰᠡᠭᠡᠷ ᠨᠢᠷᠤᠭᠤ ᠤᠷᠤᠵᠤ ᠲᠤᠭᠤᠭᠠᠨ ᠲᠠᠯ᠎ᠠ ᠪᠠᠷ ᠨᠢ ᠬᠠᠨᠳᠤᠭᠤᠯᠵᠤ | ᠲᠠᠯᠪᠢᠨ᠎ᠠ᠃ ᠵᠠᠷᠢᠮ ᠭᠠᠵᠠᠷ ᠲᠤ ᠳᠠᠯᠤ᠂ ᠳᠥᠷᠪᠡᠨ ᠥᠨᠳᠥᠷ᠂ ᠰᠡᠭᠦᠵᠢ᠂ ᠳᠤᠮᠳᠠ ᠴᠢᠮᠦᠭᠡ ᠶᠢᠨ ᠳᠠᠶᠢᠯᠠᠯᠭ᠎ᠠ︔ | ᠤᠭᠤᠴᠠ᠂ ᠳᠠᠯᠤ᠂ ᠳᠥᠷᠪᠡᠨ ᠥᠨᠳᠥᠷ ᠤᠨ ᠳᠠᠶᠢᠯᠠᠯᠭ᠎ᠠ︔ ᠡᠪᠴᠢᠭᠦᠦ᠂ ᠳᠠᠯᠤ᠂ ᠳᠥᠷᠪᠡᠨ ᠥᠨᠳᠥᠷ ᠤᠨ | ᠳᠠᠶᠢᠯᠠᠯᠭ᠎ᠠ ᠭᠡᠵᠤ ᠪᠤᠢ᠃ ᠪᠠᠰᠠ ᠬᠤᠰ ︵ᠲᠣᠭᠤᠷᠬᠠᠢ︶᠂ ᠪᠦᠳᠦᠭᠦᠨ ᠭᠡᠳᠡᠰᠦ᠂ ᠡᠯᠢᠭᠡ᠂ ᠵᠢᠷᠦᠬᠡ ᠶᠢ | ᠳᠠᠭᠠᠯᠳᠤᠭᠤᠯᠳᠠᠭ᠃ | ⑽ ᠡᠪᠴᠢᠭᠦᠨ ᠰᠢᠭᠦᠰᠦ | ᠵᠦᠪᠬᠡᠨ ᠨᠢᠭᠡ ᠯᠡ ᠬᠤᠷᠮᠣᠢ ᠲᠠᠢ ᠪᠦᠲᠦᠨ ᠡᠪᠴᠢᠭᠦᠦ ᠪᠠᠷ ᠪᠦᠷᠢᠯᠳᠦᠨ᠎ᠡ᠃ ᠥᠩᠭᠡᠷᠡᠭᠰᠡᠨ ᠳᠤ | ᠡᠪᠴᠢᠭᠦᠨ ᠰᠢᠭᠦᠰᠦ ᠶᠢ ᠡᠮᠡᠭᠲᠡᠢ ᠬᠥᠮᠥᠨ ᠤ ᠬᠠᠮᠤᠭ ᠤᠨ ᠶᠣᠰᠣ ᠬᠦᠨᠳᠦᠲᠡᠢ ᠰᠢᠭᠦᠰᠦ ᠪᠠᠷ ᠦᠵᠡᠵᠦ᠂ ᠬᠠᠷᠢ ᠳᠤ | ᠮᠣᠷᠳᠠᠭᠰᠠᠨ ᠬᠡᠦᠬᠡᠨ ᠲᠥᠷᠬᠦᠮᠯᠡᠵᠦ ᠢᠷᠡᠬᠦ ᠳᠤ ᠡᠪᠴᠢᠭᠦᠨ ᠰᠢᠭᠦᠰᠦ ᠲᠠᠯᠪᠢᠳᠠᠭ᠃ | ⑾ ᠰᠡᠭᠡᠷ ᠲᠠᠢ ᠬᠠ ᠶᠢᠨ ᠰᠢᠭᠦᠰᠦ | ᠬᠠ ᠶᠢᠨ ᠳᠡᠭᠡᠷ᠎ᠡ ᠰᠡᠭᠡᠷ ᠲᠠᠯᠪᠢᠵᠤ ᠪᠦᠷᠢᠯᠳᠦᠨ᠎ᠡ᠃ | ⑿ ᠬᠠᠰᠢᠭᠰᠠᠨ ᠰᠢᠭᠦᠰᠦ | ᠵᠥᠪ ᠲᠠᠯ᠎ᠠ ᠶᠢᠨ ᠬᠠ᠂ ᠪᠤᠷᠤᠭᠤ ᠲᠠᠯ᠎ᠠ ᠶᠢᠨ ᠭᠤᠶ᠎ᠠ᠂ ᠰᠡᠭᠡᠷ᠂ ᠲᠣᠯᠣᠭᠠᠢ ᠳᠥᠷᠪᠡ ᠪᠠᠷ ᠪᠦᠷᠢᠯᠳᠦᠨ᠎ᠡ᠃ | | ⒀ ᠰᠡᠭᠦᠵᠢ ᠳᠤᠮᠳᠠ ᠴᠢᠮᠦᠭᠡ | ᠭᠤᠶ᠎ᠠ ᠶᠢ ᠦᠶᠡᠯᠡᠵᠦ᠂ ᠱᠠᠭᠠᠨᠲᠤ᠂ ᠳᠤᠮᠳᠠ ᠴᠢᠮᠦᠭᠡ ᠶᠢᠨ ᠳᠡᠭᠡᠷ᠎ᠡ ᠰᠡᠭᠦᠵᠢ ᠶᠢ ᠬᠠᠪᠲᠠᠭᠠᠢ ᠲᠣᠯᠣᠭᠠᠢ | ᠲᠠᠯ᠎ᠠ ᠪᠠᠷ ᠨᠢ ᠬᠠᠨᠳᠤᠭᠤᠯᠵᠤ ᠳᠡᠪᠰᠢᠭᠦᠯᠦᠨ᠎ᠡ᠃ ᠬᠡᠷᠪᠡ ᠰᠠᠭᠤᠳᠠᠯ ᠳᠤ ᠬᠢ ᠵᠣᠴᠢᠨ ᠣᠯᠠᠨ ᠪᠠᠶᠢᠪᠠᠯ ᠪᠤᠰᠤᠳ | ᠵᠦᠢᠯ ᠢ ᠳᠠᠭᠠᠪᠤᠷᠢ ᠳᠤ ᠣᠷᠣᠭᠤᠯᠵᠤ ᠪᠣᠯᠣᠨ᠎ᠠ᠃ | ⒁ ᠲᠡᠯᠡᠭᠡ ᠬᠤᠷᠠᠭ᠎ᠠ ᠪᠠ ᠡᠩ ᠤᠨ ᠬᠤᠷᠠᠭᠠᠨ ᠤ ᠰᠢᠭᠦᠰᠦ | ᠳᠣᠣᠷ᠎ᠠ ᠦᠶ᠎ᠡ ᠶᠢᠨ ᠬᠦᠨᠳᠦᠲᠦ ᠵᠣᠴᠢᠨ ᠬᠢᠭᠡᠳ ᠠᠶᠠᠨ ᠤ ᠬᠦᠨᠡᠰᠦᠨ ᠳᠤ ᠪᠡᠯᠡᠳᠬᠡᠨ᠎ᠡ᠃ | ⒋ ᠢᠷᠭᠡ ᠶᠢᠨ ᠰᠢᠭᠦᠰᠦ ᠬᠦᠨᠳᠡᠬᠦ ᠶᠤᠰᠤ | ᠰᠢᠭᠦᠰᠦ ᠶᠢ ᠪᠡᠯᠡᠳᠭᠡᠬᠦ ᠪᠠ ᠬᠦᠨᠳᠡᠬᠦ ᠲᠤᠬᠠᠢ ᠤᠯᠠᠨ ᠶᠤᠰᠤ ᠪᠠᠶᠢᠳᠠᠭ᠃ ᠶᠡᠷᠦᠩᠭᠡᠢ ᠳᠤ ᠪᠠᠨ | ᠰᠢᠭᠦᠰᠦ ᠪᠠᠷ ᠲᠠᠶᠢᠯᠠᠭᠳᠠᠬᠤ ᠬᠦᠮᠦᠨ ᠦᠪᠡᠷ ᠢᠶᠠᠨ ᠬᠦᠨᠳᠡᠬᠦ ᠪᠤᠰᠤ᠂ ᠲᠡᠭᠦᠨ ᠤ ᠲᠠᠭᠠᠯᠳᠠ ᠰᠠᠯᠳᠠ ᠠᠴᠠ ᠨᠢᠭᠡᠨ | ᠰᠢᠭᠦᠰᠦ ᠬᠦᠨᠳᠡᠭᠴᠢ ᠭᠠᠷᠳᠠᠭ ᠪᠤᠶᠤ ᠡᠰᠡᠭᠦᠯ᠎ᠡ ᠲᠤᠰᠬᠠᠢ ᠨᠢᠭᠡᠨ ᠰᠢᠭᠦᠰᠦ ᠬᠦᠨᠳᠡᠭᠴᠢ ᠭᠠᠷᠴᠤ ᠶᠤᠰᠤ | ᠬᠦᠢᠴᠡᠳᠭᠡᠳᠡᠭ᠃ ᠪᠠᠰᠠ ᠰᠢᠭᠦᠰᠦ ᠬᠦᠨᠳᠡᠬᠦ ᠬᠢᠳᠤᠭ᠎ᠠ ᠪᠤᠯ ᠤᠷᠳᠤ ᠪᠦᠭᠡᠳ ᠢᠷ ᠬᠤᠷᠴᠠ ᠮᠤᠩᠭᠤᠯ ᠬᠢᠳᠤᠭ᠎ᠠ | ᠪᠠᠶᠢᠬᠤ ᠭᠡᠷᠡᠭᠳᠡᠢ᠃ | ⑴ ᠪᠦᠬᠦᠯᠢ ᠰᠢᠭᠦᠰᠦ ᠬᠥᠨᠳᠡᠬᠦ᠃ ᠶᠠᠭᠤᠨ ᠤ ᠡᠮᠦᠨ᠎ᠡ ᠬᠠᠮᠤᠭ ᠤᠨ ᠲᠡᠭᠡᠷᠡᠬᠢ ᠪᠢᠳᠡᠭᠦᠦ | ᠲᠤᠯᠤᠭᠠᠢ ᠶᠢ ᠨᠢ ᠠᠪᠴᠤ ᠰᠢᠷᠡᠭᠡᠨ ᠳᠡᠭᠡᠷ᠎ᠡ ᠲᠠᠯᠪᠢᠭᠠᠳ᠂ ᠲᠠᠷᠠᠭ᠎ᠠ ᠨᠢ ᠪᠠᠷᠠᠭᠤᠨ ᠭᠠᠷ ᠲᠠᠯ᠎ᠠ ᠶᠢᠨ ᠬᠦᠨᠳᠡᠬᠦ | ᠭᠠᠵᠠᠷ ᠤᠳ ᠢ ᠬᠢᠳᠤᠭ᠎ᠠ ᠶᠢᠨ ᠢᠷ ᠢ ᠲᠡᠭᠡᠭᠰᠢ ᠪᠤᠶᠤ ᠪᠡᠶ᠎ᠡ ᠦᠭᠡᠳᠡ ᠪᠠᠨ ᠬᠠᠨᠳᠤᠭᠤᠯᠵᠤ ᠬᠦᠨᠳᠡᠬᠦ ᠪᠦᠭᠡᠳ | ᠲᠡᠭᠦᠨᠴᠢᠯᠡᠨ ᠵᠡᠭᠦᠨ ᠭᠠᠷ ᠲᠠᠯ᠎ᠠ ᠶᠢᠨ ᠬᠦᠨᠳᠡᠬᠦ ᠭᠠᠵᠠᠷ ᠤᠳ ᠢ ᠬᠢᠳᠤᠭ᠎ᠠ ᠶᠢᠨ ᠢᠷ ᠢ ᠲᠤᠷᠤᠭᠰᠢ ᠪᠤᠶᠤ ᠪᠡᠶ᠎ᠡ | ᠦᠭᠡᠳᠡ ᠪᠠᠨ ᠬᠠᠨᠳᠤᠭᠤᠯᠵᠤ ᠬᠦᠨᠳᠡᠬᠦ ᠶᠤᠰᠤᠳᠠᠢ᠃ ᠢᠩᠬᠢᠵᠤ ᠬᠦᠨᠳᠡᠬᠦ ᠳᠤ ᠪᠠᠨ ᠵᠡᠪᠠᠯ ᠪᠠᠷᠠᠭᠤᠨ ᠭᠠᠷ ᠢᠶᠠᠷ | ᠬᠦᠢᠴᠡᠳᠭᠡᠬᠦ ᠭᠡᠷᠡᠭᠳᠡᠢ᠃ | ⑵ ᠬᠦᠶᠦᠯᠭᠡ ᠤᠭᠤᠴᠠ ᠪᠤᠯᠤᠨ ᠤᠬᠤᠷ ᠤᠭᠤᠴᠠ ᠬᠦᠨᠳᠡᠬᠦ᠃ ᠶᠠᠭᠤᠨ ᠤ ᠡᠮᠦᠨ᠎ᠡ ᠤᠭᠤᠴᠠᠨ ᠤ | ᠨᠢᠷᠤᠭᠤ ᠲᠡᠭᠡᠷᠡᠬᠢ ᠭᠤᠤᠯ ᠤᠨ ᠬᠦᠷᠦᠰᠦᠨ ᠠᠴᠠ ᠬᠦᠨᠳᠡᠨ ᠠᠪᠴᠤ ᠭᠠᠯ᠂ ᠲᠡᠭᠷᠢ ᠳᠤ ᠡᠷᠭᠦᠭᠡᠳ ᠲᠠᠷᠠᠭ᠎ᠠ ᠨᠢ | ᠪᠠᠷᠠᠭᠤᠨ ᠭᠠᠷ ᠲᠠᠯ᠎ᠠ ᠶᠢᠨ ᠬᠠᠵᠠᠭᠤ ᠶᠢ ᠬᠢᠳᠤᠭ᠎ᠠ ᠶᠢᠨ ᠢᠷ ᠢ ᠲᠡᠭᠡᠭᠰᠢ ᠬᠠᠨᠳᠤᠭᠤᠯᠤᠨ ᠤᠭᠳᠤᠯᠵᠤ᠂ ᠲᠡᠭᠦᠨᠴᠢᠯᠡᠨ | ᠵᠡᠭᠦᠨ ᠭᠠᠷ ᠲᠠᠯ᠎ᠠ ᠶᠢᠨ ᠬᠠᠵᠠᠭᠤ ᠶᠢ ᠬᠢᠳᠤᠭ᠎ᠠ ᠶᠢᠨ ᠢᠷ ᠢ ᠲᠤᠷᠤᠭᠰᠢ ᠬᠠᠨᠳᠤᠭᠤᠯᠤᠨ ᠤᠭᠳᠤᠯᠤᠭᠠᠳ᠂ | ᠤᠭᠳᠤᠯᠤᠭᠰᠠᠨ ᠲᠡᠷᠡ ᠬᠦ ᠬᠠᠵᠠᠭᠤ ᠶᠢᠨ ᠮᠢᠬ᠎ᠠ ᠶᠢ ᠬᠡᠳᠦ ᠬᠡᠳᠦᠨ ᠭᠡᠰᠡᠭ ᠬᠤᠪᠢᠶᠠᠨ ᠤᠭᠳᠤᠯᠵᠤ᠂ ᠭᠡᠥᠬᠡᠳ ᠲᠤ | ᠲᠦᠭᠡᠭᠡᠵᠤ ᠤᠭᠤᠴᠠᠨ ᠤ ᠭᠤᠤᠯ ᠢ ᠨᠠᠷᠠᠨ ᠵᠦᠪ ᠲᠤᠭᠤᠷᠢᠭᠤᠯᠵᠤ ᠪᠦᠬᠦᠨ ᠢᠶᠠᠷ ᠠᠮᠰᠠᠬᠤ ᠶᠤᠰᠤᠳᠠᠢ ᠪᠠᠶᠢᠳᠠᠭ᠃ | ᠬᠡᠬᠦ ᠳᠤ ᠶᠡᠭᠡ ᠨᠠᠶᠢᠷ ᠬᠤᠷᠢᠮ ᠤᠨ ᠲᠦᠪ ᠲᠤ ᠲᠠᠯᠪᠢᠭᠰᠠᠨ ᠤᠭᠤᠴᠠ ᠶᠢ ᠤᠤᠯ ᠰᠢᠷᠡᠭᠡᠨ ᠲᠡᠭᠡᠷ᠎ᠡ ᠨᠢ ᠭᠡᠪ ᠢᠶᠠᠷ | ᠲᠠᠯᠪᠢᠳᠠᠭ ᠪᠦᠭᠡᠳ ᠶᠡᠷᠦ ᠰᠢᠭᠦᠰᠦ ᠬᠦᠨᠳᠡᠭᠰᠡᠨ ᠬᠢᠳᠤᠭ᠎ᠠ ᠶᠢ ᠰᠢᠭᠦᠰᠦ ᠶᠢᠨ ᠬᠠᠵᠠᠭᠤ ᠳᠤ ᠲᠠᠯᠪᠢᠵᠤ ᠤᠷᠭᠢᠭᠰᠠᠨ | ᠪᠠᠶᠢᠳᠠᠭ᠃ ᠡᠷᠳᠡ ᠲᠡᠭᠡᠷ᠎ᠡ ᠦᠶ᠎ᠡ ᠶᠢᠨ ᠮᠤᠩᠭᠤᠯᠴᠤᠳ ᠲᠤ ᠲᠡᠭᠷᠢ ᠲᠠᠬᠢᠬᠤ ᠲᠤᠬᠠᠢ ᠢᠷᠭᠡ ᠶᠢᠨ ᠰᠢᠭᠦᠰᠦ | ᠪᠡᠯᠡᠳᠭᠡᠬᠦ ᠪᠠ ᠲᠡᠪᠰᠢᠭᠦᠯᠬᠦ ᠳᠤ ᠤᠯᠠᠨ ᠶᠤᠰᠤ ᠪᠠᠶᠢᠭᠰᠠᠨ ᠪᠤᠯᠤᠯᠳᠠᠢ᠃ ᠴᠢᠩᠬᠢᠰ ᠤᠨ ᠰᠦᠯᠳᠡ ᠶᠢ ᠲᠠᠬᠢᠬᠤ | ᠢᠷᠭᠡ ᠶᠢᠨ ᠰᠢᠭᠦᠰᠦ ᠶᠢᠨ ᠬᠤᠨᠢ ᠶᠢ ᠪᠤᠯ ᠭᠠᠵᠠᠷ ᠲᠤ ᠬᠦᠷᠭᠡᠬᠦ ᠦᠭᠡᠢ ᠦᠨᠳᠦᠷ ᠰᠢᠷᠡᠭᠡᠨ ᠲᠡᠭᠡᠷ᠎ᠡ ᠨᠢᠳᠤᠯᠵᠤ | ᠪᠡᠯᠡᠳᠭᠡᠬᠦ ᠪᠦᠭᠡᠳ ᠰᠢᠭᠦᠰᠦ ᠲᠡᠪᠰᠢᠭᠦᠯᠬᠦ ᠲᠤᠬᠠᠢ ᠲᠤᠰᠬᠠᠢ ᠰᠤᠳᠤᠷ ᠪᠢᠴᠢᠭ ᠲᠠᠢ ᠪᠠᠶᠢᠵᠠᠢ᠃ | ⑶ ᠣᠷᠳᠣᠰ ᠰᠢᠬᠦᠰᠤ ᠬᠦᠨᠳᠡᠬᠦ᠃ ᠰᠢᠬᠦᠰᠤ ᠡᠪᠳᠡᠭᠴᠢ ᠠᠩᠬᠠᠨ ᠤ ᠲᠠᠪᠠᠭᠯᠠᠭᠰᠠᠨ ᠰᠢᠬᠦᠰᠤ ᠪᠠᠨ | ᠵᠤᠴᠢᠨ ᠤ ᠪᠠᠨ ᠵᠦᠭ ᠬᠠᠨᠳᠤᠭᠤᠯᠤᠨ ᠲᠠᠯᠪᠢᠬᠤ ᠲᠠᠢ ᠵᠡᠷᠬᠡ ᠦᠬᠡᠷ᠎ᠡ ᠨᠢᠬᠡᠨ ᠬᠦᠮᠤᠨ ᠬᠢᠳᠤᠭ᠎ᠠ ᠠᠪᠴᠤ ᠦᠭᠬᠦᠨ᠎ᠡ | ︵ᠤᠷᠳᠤᠰ ᠲᠤ ᠰᠢᠬᠦᠰᠤ ᠪᠤᠯᠤᠨ ᠬᠢᠳᠤᠭ᠎ᠠ ᠶᠢ ᠲᠠᠪᠰᠢᠨ ᠳᠤ ᠬᠠᠮᠳᠤ ᠠᠪᠴᠢᠷᠠᠳᠠᠭ ᠦᠬᠡᠢ︶᠃ ᠢᠩᠬᠢᠭᠰᠡᠨ ᠤ | ᠲᠠᠷᠠᠭ᠎ᠠ ᠬᠦᠮᠤᠨ ᠪᠦᠬᠦᠨ ᠳᠤ ᠰᠢᠬᠦᠰᠤ ᠵᠤᠭᠤᠭᠯᠠᠬᠤ ᠴᠠᠭᠠᠨ ᠢᠳᠡᠭᠡ ᠠᠮᠰᠠᠭᠤᠯᠬᠤ ᠶᠢᠨ ᠬᠠᠮᠳᠤ ᠰᠢᠬᠦᠰᠤ | ᠡᠪᠳᠡᠭᠴᠢ ᠰᠢᠬᠦᠰᠤᠨ ᠤ ᠪᠠᠨ ᠲᠤᠯᠤᠭᠠᠢ ᠠᠴᠠ ᠡᠬᠢᠯᠡᠬᠦᠯᠤᠨ ᠲᠤᠯᠤᠭᠠᠨ ᠬᠡᠰᠡᠭ ᠠᠴᠠ ᠲᠤᠰ ᠲᠤᠰ ᠮᠤᠩᠨᠠᠵᠤ᠂ | ᠠᠷᠢᠬᠢ ᠲᠠᠢ ᠬᠤᠨᠳᠠᠭᠠᠨ ᠳᠤ ᠬᠢᠵᠤ ᠠᠪᠤᠭᠠᠳ ᠭᠠᠳᠠᠨ᠎ᠠ ᠭᠠᠷᠴᠤ ᠲᠡᠭᠷᠢ ᠭᠠᠵᠠᠷ ᠲᠤ ᠰᠠᠴᠤᠨ ︽ᠲᠡᠬᠡᠵᠢ ᠡᠷᠬᠦᠪᠡ︕ | ︾ ᠬᠡᠪᠡᠯ ᠬᠡᠷ ᠲᠤ ᠰᠠᠭᠤᠭᠰᠠᠨ ᠲᠡᠷᠡ ᠪᠦᠬᠦᠳᠡ ︽ᠲᠡᠯᠬᠡᠷᠡ︕︾ ᠬᠡᠨ᠎ᠡ᠃ ᠢᠩᠬᠢᠵᠤ ᠪᠠᠷᠠᠭᠠᠳ ᠤᠭᠤᠴᠠᠨ ᠤ | ᠰᠡᠬᠦᠯ ᠤᠨ ᠦᠵᠤᠬᠦᠷ ᠤᠭᠤᠷᠠᠭ ᠰᠡᠬᠦᠯ ᠢ ᠨᠢᠭᠡ ᠯᠠ ᠬᠢᠳᠤᠭᠠᠨ ᠳᠤ ᠠᠪᠴᠤ ᠲᠠᠬᠢᠨ ᠵᠦᠪ ᠲᠠᠯ᠎ᠠ ᠶᠢᠨ ᠱᠠᠭ᠎ᠠ | ᠴᠢᠮᠤᠬᠡ ᠶᠢ ᠮᠤᠯᠳᠤᠯᠵᠤ ᠠᠪᠤᠭᠠᠳ ᠬᠤᠪᠢᠨ ᠳᠤ ᠨᠢ ᠲᠠᠯᠪᠢᠳᠠᠭ ︵ᠤᠷᠢᠳᠤ ᠳᠤ ᠪᠠᠨ ᠪᠤᠯ ᠪᠤᠷᠬᠠᠨ ᠤ ᠬᠡᠰᠢᠭ ᠬᠡᠮᠡᠨ | ᠬᠦᠩᠭᠠᠷᠠᠪᠠ ᠳᠤ ᠲᠠᠯᠪᠢᠳᠠᠭ︶᠃ ᠡᠬᠦᠨ ᠤ ᠲᠠᠷᠠᠭ᠎ᠠ ᠲᠤᠯᠤᠭᠠᠢ ᠶᠢᠨ ᠮᠠᠩᠨᠠᠢ ᠲᠡᠬᠡᠷ᠎ᠡ ᠨᠢ ᠲᠡᠬᠡᠭᠰᠢ ᠬᠠᠨᠳᠤᠭᠰᠠᠨ | ᠰᠠᠷᠠᠨ ᠬᠡᠯᠪᠡᠷᠢ ᠪᠠᠷ ᠬᠡᠷᠴᠢᠮᠯᠡᠬᠡᠳ ᠠᠶᠢᠷᠠᠭ ᠰᠢᠷ᠎ᠠ ᠲᠤᠰᠤ ᠵᠡᠷᠬᠡ ᠴᠠᠭᠠᠨ ᠢᠳᠡᠭᠡ ᠪᠠᠷ ᠮᠢᠯᠢᠶᠠᠵᠤ ᠲᠡᠬᠦᠨ ᠢ ᠪᠠᠨ | ᠬᠤᠶᠠᠷ ᠭᠠᠷᠳᠡᠨ ᠬᠦᠮᠤᠨ ᠪᠦᠬᠦᠨ ᠳᠤ ᠲᠦᠭᠡᠯᠢ ᠠᠮᠰᠠᠭᠤᠯᠳᠠᠭ᠃ ᠢᠩᠬᠢᠮᠡᠨᠵᠢᠨ ᠰᠠᠶ᠋ᠢ ᠰᠢᠬᠦᠰᠤ ᠪᠠᠨ ᠵᠦᠪ ᠢᠶᠠᠷ | ᠡᠷᠬᠢᠬᠦᠯᠵᠤ ᠲᠤᠯᠤᠭᠠᠢ ᠶᠢ ᠨᠢ ᠪᠠᠭᠤᠯᠭᠠᠭᠰᠠᠨ ᠤ ᠲᠠᠷᠠᠭ᠎ᠠ ᠤᠭᠤᠴᠠᠨ ᠬᠡᠰᠡᠭ ᠤᠨ ᠬᠠᠷ᠎ᠠ ᠨᠢᠷᠤᠭᠤ ᠪᠠ ᠭᠤᠶᠠᠨ | ᠬᠡᠰᠡᠭ ᠤᠨ ᠲᠤᠶᠢᠭ ᠵᠢᠴᠢ ᠪᠤᠷᠪᠢ ᠶᠢ ᠨᠢ ᠰᠠᠯᠭᠠᠵᠤ ᠲᠠᠯᠪᠢᠨ᠎ᠠ᠃ ᠢᠩᠬᠢᠭᠰᠡᠨ ᠤ ᠲᠠᠷᠠᠭ᠎ᠠ ᠬᠠ ᠠᠴᠠ ᠡᠬᠢᠯᠡᠬᠦᠯᠵᠤ | ᠤᠭᠤᠴᠠ ᠪᠠᠷ ᠲᠡᠬᠦᠰᠬᠡᠨ ᠲᠠᠯᠤ᠂ ᠲᠦᠷᠪᠠᠨ ᠦᠨᠳᠤᠷ᠂ ᠪᠣᠭᠲᠣᠭᠤᠰᠤ ᠴᠢᠮᠤᠬᠡ᠂ ᠱᠠᠭᠠᠨᠲᠤ᠂ ᠰᠡᠬᠦᠵᠢ᠂ | ᠭᠤᠷᠪᠢᠴᠢᠭ᠂ ᠤᠭᠤᠴᠠ ᠶᠠᠰᠤ ᠬᠦᠷᠳᠡᠯ᠎ᠡ ᠨᠢᠬᠡᠳ ᠨᠢᠬᠡ ᠪᠠᠷ ᠦᠶ᠎ᠡ ᠮᠦᠴᠢᠯᠡᠨ ᠡᠪᠳᠡᠵᠤ ᠲᠤᠰ ᠲᠤᠰ | ᠤᠷᠤᠨ ᠳᠤ ᠨᠢ ᠲᠠᠯᠪᠢᠨ᠎ᠠ᠃ ᠬᠢᠳᠤᠭ᠎ᠠ ᠡᠷᠬᠢᠯᠳᠡᠬᠦᠯᠬᠦ ᠳᠤ ᠪᠠᠨ ᠶᠠᠭᠤᠨ ᠤ ᠡᠮᠤᠨ᠎ᠡ ᠪᠠᠷᠠᠭᠤᠨ ᠠᠴᠠ ᠡᠬᠢᠯᠡᠬᠦᠯᠵᠤ᠂ | ᠪᠠᠷᠠᠭᠤᠨ ᠭᠠᠷ ᠲᠠᠯ᠎ᠠ ᠶᠢᠨ ᠬᠦᠨᠳᠡᠬᠦ ᠭᠠᠵᠠᠷ ᠤᠳ ᠢ ᠬᠢᠳᠤᠭ᠎ᠠ ᠶᠢᠨ ᠢᠷ ᠢᠶᠠᠨ ᠲᠠᠬᠡᠭᠰᠢ ᠪᠤᠶᠤ ᠦᠬᠡᠳᠡ | ᠬᠠᠨᠳᠤᠭᠤᠯᠵᠤ ᠬᠦᠨᠳᠡᠬᠦ ᠪᠦᠬᠡᠳ ᠵᠡᠬᠦᠨ ᠭᠠᠷ ᠲᠠᠯ᠎ᠠ ᠶᠢᠨ ᠬᠦᠨᠳᠡᠬᠦ ᠬᠡᠰᠡᠭ ᠤᠳ ᠢ ᠬᠢᠳᠤᠭ᠎ᠠ ᠶᠢᠨ ᠢᠷ ᠢᠶᠠᠨ | ᠲᠤᠷᠤᠭᠰᠢ ᠪᠤᠶᠤ ᠪᠡᠶ᠎ᠡ ᠦᠬᠡᠳᠡ ᠪᠠᠨ ᠬᠠᠨᠳᠤᠭᠤᠯᠵᠤ ᠬᠦᠨᠳᠡᠬᠦ ᠶᠤᠰᠤᠳᠠᠢ᠃ ᠡᠨᠡ ᠪᠦᠬᠦᠨ ᠢ ᠴᠦᠮ ᠪᠠᠷᠠᠭᠤᠨ | ᠭᠠᠷ ᠢᠶᠠᠷ ᠬᠦᠢᠴᠡᠳᠬᠡᠳᠡᠭ᠃ ᠲᠡᠬᠡᠬᠦ ᠳᠤ ᠪᠠᠨ ᠵᠠᠪᠠᠯ ᠵᠩᠰᠢᠯ ᠶᠤᠰᠤᠭᠠᠷ ᠪᠠᠶᠢᠷᠢᠯᠠᠭᠤᠯᠬᠤ ᠬᠡᠷᠡᠭᠳᠠᠢ᠃ ᠰᠢᠬᠦᠰᠤ ᠪᠠᠨ | ᠡᠪᠳᠡᠬᠡᠳ ᠭᠠᠷᠪᠠᠯ ᠲᠠᠬᠢᠨ ᠵᠦᠪ ᠢᠶᠠᠷ ᠡᠷᠬᠢᠬᠦᠯᠵᠤ ᠲᠠᠯᠪᠢᠭᠠᠳ ᠲᠦᠬᠡᠯᠢ ᠲᠤᠯᠤᠭᠠᠢ ᠶᠢ ᠤᠤᠯ ᠶᠤᠰᠤᠭᠠᠷ | ᠲᠡᠬᠡᠷ᠎ᠡ ᠨᠢ ᠲᠠᠯᠪᠢᠵᠤ᠂ ᠰᠢᠭᠦᠰᠦᠨ ᠢᠷᠦᠬᠡᠯ ᠢᠷᠦᠬᠡᠬᠡᠳ ︽ᠲᠠᠶᠠᠭᠠᠷ ᠰᠢᠬᠦᠰᠤ ᠵᠤᠭᠤᠭᠯᠠ︕︾ ᠬᠡᠵᠤ ᠨᠠᠶᠢᠷ | ᠲᠠᠯᠪᠢᠨ ᠮᠦᠷᠬᠦᠨ ᠶᠤᠰᠤᠯᠠᠬᠤ ᠪᠤᠶᠤ ᠪᠠᠰᠠ ᠵᠠᠷᠢᠮ ᠭᠠᠵᠠᠷ ᠲᠤ ︽ᠬᠤᠷᠮᠤᠰᠳᠠ ᠲᠡᠭᠷᠢ ᠶᠢᠨ ᠠᠷᠢᠭᠤᠨ ᠬᠡᠰᠢᠭᠳᠦ᠂ | ᠬᠤᠨ ᠴᠠᠭᠠᠨ ᠬᠤᠨᠢ ᠶᠢ ᠪᠠᠨ ᠵᠤᠯᠤᠮ᠎ᠠ ᠬᠡᠵᠤ᠂ ᠬᠤᠷᠢᠮ ᠤᠨ ᠮᠠᠩᠯᠠᠢ᠂ ᠨᠠᠶᠢᠷ ᠤᠨ ᠲᠦᠪ ᠪᠤᠯᠬᠤ᠂ ᠬᠤᠪᠢ ᠲᠡᠬᠦᠰ | ᠬᠦᠨᠳᠤᠳᠤ ᠵᠤᠴᠢᠨ ᠲᠠ ᠨᠠᠷ ᠲᠤ ᠪᠠᠨ ᠲᠠᠪᠰᠢᠬᠦᠯᠤᠨ ᠪᠠᠶᠢᠮᠤᠢ︾ ᠬᠡᠬᠦ ᠪᠤᠶᠤ ︽ᠰᠦᠯᠳᠡ ᠲᠡᠭᠷᠢ ᠶᠢᠨ ᠦᠷᠡᠵᠢᠯ | ᠶᠡᠬᠡᠳᠤ᠂ ᠰᠦᠨ ᠴᠠᠭᠠᠨ ᠢᠷᠬᠡ ᠶᠢ ᠪᠠᠨ ᠢᠳᠡᠬᠡᠨ ᠬᠢᠵᠤ᠂ ᠰᠦᠷ ᠵᠢᠪᠬᠤᠯᠠᠩᠳᠤ ᠬᠡᠶᠢᠴᠢᠨ ᠲᠠ ᠨᠠᠷ ᠲᠤ ᠪᠠᠨ | ᠰᠦᠰᠦᠭᠯᠡᠨ ᠰᠦᠬᠦᠳᠴᠤ ᠲᠠᠪᠰᠢᠬᠦᠯᠤᠨ ᠪᠠᠷᠢᠵᠤ ᠪᠠᠶᠢᠨ᠎ᠠ︾ ᠬᠡᠬᠦ ᠮᠡᠳᠤ ᠢᠷᠤᠬᠡᠯ ᠰᠢᠯᠦᠭ ᠬᠡᠯᠡᠵᠤ ᠭᠠᠷᠪᠠᠯ ᠰᠠᠶ᠋ᠢ | ᠵᠤᠴᠢᠨ ᠡᠬᠢᠯᠡᠵᠤ ᠭᠠᠷ ᠬᠦᠳᠡᠯᠬᠡᠳᠡᠭ ᠪᠢᠯᠡ᠃ | ⒌ ᠰᠢᠬᠦᠰᠤ ᠵᠤᠭᠤᠭᠯᠠᠬᠤ ᠶᠣᠰᠣᠨ ᠪᠤᠶᠤ ᠴᠡᠭᠡᠷ ᠶᠣᠰᠣᠨ | ᠰᠢᠬᠦᠰᠤᠨ ᠤ ᠬᠤᠨᠢ ᠶᠢ ᠵᠠᠪᠠᠯ ᠢᠰᠡᠬᠡᠢ ᠲᠤᠯᠤᠭ ᠲᠡᠪᠢᠰᠴᠤ ᠲᠤᠯᠤᠭᠠᠢ ᠶᠢ ᠨᠢ ᠬᠤᠶᠢᠰᠢ ᠬᠠᠨᠳᠣᠭᠤᠯᠤᠨ | ᠦᠷᠤᠴᠠᠯᠠᠵᠤ ᠠᠯᠠᠳᠠᠭ ᠪᠦᠬᠡᠳ ᠶᠠᠰᠤ ᠶᠢ ᠨᠢ ᠬᠤᠭᠤᠯᠬᠤ᠂ ᠡᠮᠳᠡᠯᠬᠦ ᠶᠢ ᠶᠡᠬᠡᠳᠡ ᠬᠢᠴᠢᠶᠡᠳᠡᠭ᠃ ᠬᠡᠳᠡᠯ᠎ᠡ | ᠮᠠᠨ ᠤ ᠬᠢᠨ ᠤ ᠵᠠᠷᠢᠮ ᠨᠢ ᠡᠬᠦᠨ ᠢ ᠦᠵᠡᠭᠰᠡᠬᠡᠷ ᠯᠠ ︽ᠪᠠᠰᠠ ᠶᠠᠭᠤᠨ ᠤ ᠠᠷᠪᠢᠨ ᠶᠤᠰᠤ ᠤᠴᠢᠷ ᠪᠤᠢ︾ ᠬᠡᠬᠦ | ᠶᠤᠮ᠃ ᠦᠨᠡᠨ ᠳᠤ ᠪᠠᠨ ᠶᠠᠮᠠᠷ ᠶᠠᠭᠤᠮᠠᠨ ᠳᠤ ᠴᠦ ᠬᠡᠳ ᠨᠢᠬᠡᠨ ᠲᠤᠭᠳᠠᠭᠰᠠᠨ ᠵᠠᠩ ᠵᠠᠩᠰᠢᠯ᠂ ᠵᠢᠮ᠎ᠡ ᠶᠤᠰᠤ | ᠪᠠᠶᠢᠳᠠᠭ᠃ ᠰᠢᠬᠦᠰᠤ ᠡᠪᠳᠡᠬᠦ ᠠᠴᠠ ᠪᠢᠳᠠ ᠮᠠᠨ ᠤ ᠲᠡᠬᠡᠳᠤ ᠦᠶ᠎ᠡ ᠶᠢᠨ ᠬᠢᠨ ᠬᠤᠶᠢᠴᠢ ᠦᠶ᠎ᠡ ᠲᠤ ᠪᠠᠨ | ᠦᠨᠳᠤᠰᠤᠳᠡᠨ ᠤ ᠪᠠᠨ ᠠᠷᠢᠭᠤᠨ ᠨᠠᠨᠳᠢᠨ ᠵᠠᠩ ᠲᠠᠳᠬᠠᠯ᠂ ᠠᠮᠢᠳᠤᠷᠠᠯ ᠤᠨ ᠤᠨᠴᠠᠯᠢᠭ ᠬᠡᠪ᠂ ᠶᠤᠰᠤ ᠰᠤᠷᠳᠠᠬᠤᠨ ᠢ | ᠬᠢᠷᠢ ᠵᠡᠷᠬᠡ ᠴᠢᠩᠭ᠎ᠠ ᠨᠢᠮᠪᠠᠢ᠂ ᠲᠦᠪ ᠴᠢᠬᠡᠴᠢ ᠪᠠᠷ ᠤᠯᠠᠮᠵᠢᠯᠠᠵᠤ ᠪᠠᠶᠢᠭᠰᠠᠨ ᠢ ᠮᠡᠳᠡᠵᠤ ᠪᠤᠯᠤᠨ᠎ᠠ᠃ ᠰᠢᠭᠦᠰᠦ ᠶᠢ | ᠬᠥᠨᠳᠡᠬᠦ ᠳᠤ ᠵᠥᠪᠬᠡᠨ ᠬᠢᠲᠤᠭ᠎ᠠ ᠬᠡᠷᠡᠭᠯᠡᠳᠡᠭ ᠴᠦ ᠮᠢᠬ᠎ᠠ ᠶᠢ ᠨᠢ ᠢᠳᠡᠬᠦ ᠳᠤ ᠬᠢᠲᠤᠭ᠎ᠠ᠂ ᠰᠠᠪᠬ᠎ᠠ ᠬᠡᠷᠡᠭᠯᠡᠬᠦ ᠶᠢ | ᠴᠡᠭᠡᠷᠯᠡᠨ᠎ᠡ᠃ ᠰᠢᠭᠦᠰᠦᠨ ᠮᠢᠬ᠎ᠠ ᠯᠤᠭ᠎ᠠ ᠰᠠᠷᠢᠮᠰᠠᠭ ᠰᠣᠩᠭᠢᠨ᠎ᠠ ᠵᠡᠷᠭᠡ ᠭᠠᠰᠢᠭᠤᠨ ᠢᠳᠡᠭᠡᠨ ᠬᠤᠯᠢᠬᠤ ᠶᠢ | ᠴᠡᠭᠡᠷᠯᠡᠨ᠎ᠡ᠃ ᠰᠢᠭᠦᠰᠦᠨ ᠲᠣᠯᠣᠭᠠᠢ ᠶᠢ ᠴᠥᠮᠥᠵᠦ᠂ ᠴᠢᠮᠦᠭᠡ ᠶᠢ ᠨᠢ ᠲᠠᠰᠢᠵᠤ ᠢᠳᠡᠬᠦ᠂ ᠶᠠᠰᠤ ᠶᠢ ᠨᠢ | ᠴᠠᠶᠢᠯᠭᠠᠲᠠᠯᠠ ᠮᠥᠯᠵᠢᠬᠦ ᠶᠢ ᠴᠡᠭᠡᠷᠯᠡᠨ᠎ᠡ᠃ ᠬᠡᠷᠪᠡ ᠢᠩᠭᠢᠪᠡᠯ ᠭᠡᠷ ᠤᠨ ᠡᠵᠡᠨ ᠢ ᠳᠣᠷᠣᠮᠵᠢᠯᠠᠭᠰᠠᠨ ᠳᠤ | ᠲᠣᠭᠠᠴᠠᠭᠳᠠᠨ᠎ᠠ᠃ ᠰᠢᠭᠦᠰᠦᠨ ᠮᠢᠬ᠎ᠠ ᠶᠢ ᠮᠡᠷᠡᠵᠦ ᠢᠳᠡᠬᠦ ᠶᠢ ᠴᠡᠭᠡᠷᠯᠡᠵᠦ᠂ ᠵᠠᠪᠠᠯ ᠰᠡᠮᠡᠯᠵᠦ ᠢᠳᠡᠬᠦ ᠶᠣᠰᠣᠲᠠᠢ᠂ | ᠬᠡᠷᠪᠡ ᠮᠡᠷᠡᠪᠡᠯ ᠮᠠᠯ ᠤᠨ ᠢᠶᠠᠨ ᠲᠠᠷ ᠢ ᠦᠵᠡᠵᠦ ᠠᠮᠠᠷᠠᠯ᠎ᠠ ᠭᠡᠳᠡᠭ᠃ ᠰᠢᠭᠦᠰᠦᠨ ᠮᠢᠬ᠎ᠠ ᠶᠢ ᠭᠠᠵᠠᠷ ᠤᠨᠠᠭᠠᠬᠤ᠂ | ᠶᠠᠰᠤ ᠶᠢ ᠨᠢ ᠬᠠᠮᠢᠶ᠎ᠠ ᠦᠭᠡᠢ ᠬᠠᠶᠠᠬᠤ ᠶᠢ ᠴᠡᠭᠡᠷᠯᠡᠨ᠎ᠡ᠃ ᠤᠴᠢᠷ ᠨᠢ ᠰᠢᠭᠦᠰᠦ ᠪᠣᠯ ᠬᠦᠨᠳᠦᠲᠦ ᠢᠳᠡᠭᠡᠨ ᠲᠤᠯᠠ | ᠢᠩᠭᠢᠵᠦ ᠬᠠᠮᠢᠶ᠎ᠠ ᠨᠠᠮᠢᠶ᠎ᠠ ᠦᠭᠡᠢ ᠬᠠᠶᠠᠪᠠᠯ ᠬᠡᠰᠢᠭ ᠪᠤᠶᠠᠨ ᠢᠶᠠᠨ ᠳᠠᠭᠠᠬᠤ ᠦᠭᠡᠢ ᠪᠣᠯᠣᠨ᠎ᠠ ᠭᠡᠳᠡᠭ᠃ ᠰᠢᠭᠦᠰᠦᠨ | ᠮᠢᠬ᠎ᠠ ᠶᠢ ᠠᠮᠲᠠ ᠦᠭᠡᠢ ᠭᠡᠬᠦ ᠪᠤᠶᠤ ᠢᠳᠡᠬᠦ ᠳᠤᠷ᠎ᠠ ᠦᠭᠡᠢ ᠭᠡᠵᠤ ᠬᠡᠯᠡᠪᠡᠯ ᠠᠮᠠᠨ ᠬᠡᠰᠢᠭ ᠵᠠᠶᠢᠯᠠᠵᠤ ᠪᠤᠶᠠᠨ | ᠠᠷᠢᠯᠤᠨ᠎ᠠ ᠭᠡᠵᠤ ᠬᠡᠯᠡᠳᠡᠭ᠃ ᠬᠤᠷᠢᠮ ᠳᠡᠭᠡᠷ᠎ᠡ ᠴᠤᠭᠯᠠᠷᠠᠭᠰᠠᠨ ᠪᠦᠭᠦᠳᠡ ᠰᠢᠭᠦᠰᠦ ᠵᠣᠭᠤᠭᠯᠠᠬᠤ ᠶᠣᠰᠣᠲᠠᠢ᠂ | ᠭᠡᠭᠡᠭᠳᠡᠭᠦᠯᠵᠦ ᠣᠷᠬᠢᠭᠳᠠᠭᠤᠯᠵᠤ ᠪᠣᠯᠬᠤ ᠦᠭᠡᠢ᠃ | ⒍ ᠰᠢᠬᠦᠰᠤ ᠤᠬᠤᠷᠢᠭᠤᠯᠬᠤ ᠶᠣᠰᠣ | ᠣᠷᠳᠣᠰ ᠲᠤ ᠰᠢᠭᠦᠰᠦ ᠴᠤᠬᠤᠷᠢᠭᠤᠯᠬᠤ ᠴᠤ ᠭᠡᠳᠡᠭ᠃ ᠰᠢᠬᠦᠰᠤ ᠶᠢ ᠢᠳᠡᠭᠰᠡᠨ ᠤ ᠳᠠᠷᠠᠭ᠎ᠠ | ᠬᠤᠷᠢᠶᠠᠬᠤ ᠶᠢ ᠰᠢᠭᠦᠰᠦ ᠤᠬᠤᠷᠢᠭᠤᠯᠬᠤ ᠭᠡᠳᠡᠭ᠃ ᠰᠢᠭᠦᠰᠦ ᠤᠬᠤᠷᠢᠭᠤᠯᠬᠤ ᠳᠤ ᠪᠠᠨ ᠬᠡᠨ ᠪᠣᠯ ᠬᠡᠨ | ᠤᠬᠤᠷᠢᠭᠤᠯᠴᠢᠬᠠᠳᠠᠭ ᠪᠢᠰᠢ᠃ ᠵᠠᠪᠠᠯ ᠰᠢᠭᠦᠰᠦ ᠬᠥᠨᠳᠡᠭᠴᠢ ᠶᠢᠨ ᠲᠤᠰ ᠪᠡᠶ᠎ᠡ ᠪᠠᠶᠢᠬᠤ ᠶᠣᠰᠣᠲᠠᠢ᠃ ᠢᠷᠡᠭᠰᠡᠨ | ᠣᠯᠠᠨ ᠭᠡᠶᠢᠴᠢᠨ ᠬᠥᠭᠰᠢᠨ ᠵᠠᠯᠠᠭᠤ ᠶᠡᠭᠡ ᠪᠠᠭ᠎ᠠ ᠳᠠᠶᠠᠭᠠᠷ ᠴᠠᠳᠲᠠᠯ᠎ᠠ ᠢᠳᠡᠭᠰᠡᠨ ᠤ ᠳᠠᠷᠠᠭ᠎ᠠ ᠰᠢᠭᠦᠰᠦ ᠬᠥᠨᠳᠡᠭᠴᠢ | ᠣᠷᠣᠵᠤ ᠢᠷᠡᠭᠡᠳ ᠲᠥᠪ ᠲᠤ ᠨᠢ ︽ᠳᠠᠶᠠᠭᠠᠷ ᠰᠢᠭᠦᠰᠦ ᠵᠣᠭᠤᠭᠯᠠ ᠡ︾ ᠭᠡᠵᠤ ᠪᠥᠬᠦ᠋ᠢᠨ ᠮᠥᠷᠭᠦᠬᠦ ᠳᠤ | ᠲᠥᠪ ᠠᠴᠠ ᠡᠬᠢᠯᠡᠨ ᠭᠡᠶᠢᠴᠢᠨ ᠵᠣᠴᠢᠨ ᠳᠠᠶᠠᠭᠠᠷ ᠢᠶᠠᠨ ᠳᠠᠭᠤ ᠨᠢᠭᠡᠲᠡᠢ ᠪᠠᠷ ︽ᠬᠦᠷᠲᠡᠭᠰᠡᠨ ᠡ︕︾ ᠭᠡᠪᠡᠯ | ᠤᠬᠤᠷᠢᠭᠤᠯᠵᠤ ᠪᠣᠯᠣᠨ᠎ᠠ᠃ ᠤᠬᠤᠷᠢᠭᠤᠯᠬᠤ ᠳᠤ ᠪᠠᠨ ᠨᠠᠶᠢᠷ ᠤᠨ ᠲᠥᠪ ᠠᠴᠠ ᠰᠢᠭᠦᠰᠦᠨ ᠲᠣᠯᠣᠭᠠᠢ ᠶᠢ ᠢᠳᠡᠭᠰᠡᠨ | ᠰᠢᠭᠦᠰᠦᠨ ᠳᠡᠭᠡᠷ᠎ᠡ ᠨᠢ ᠲᠠᠯᠪᠢᠭᠠᠳ ᠵᠥᠪ ᠬᠠᠨᠳᠤᠭᠤᠯᠵᠤ ᠡᠷᠭᠢᠭᠦᠯᠦᠭᠡᠳ ᠪᠤᠴᠠᠭᠠᠬᠤ ᠳᠤ ᠤᠬᠤᠷᠢᠭᠤᠯᠳᠠᠭ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ | | | | | | | | | | | | |