ᠴᠡᠴᠡᠷᠯᠢᠭ ᠤᠨ ᠪᠠᠭᠰᠢ ᠭᠡᠦᠭᠡᠳ ᠤᠨ ᠠᠭᠤᠳᠠᠮᠴᠢ ᠰᠡᠳᠬᠢᠯ ᠢ ᠭᠡᠷᠬᠢᠨ ᠬᠦᠮᠦᠵᠢᠬᠦᠯᠬᠦ ᠪᠤᠢ
ᠨᠡᠶᠢᠲᠡᠯᠡᠭᠰᠡᠨ ᠴᠠᠭ᠄
2020/12/17
    ᠴᠡᠴᠡᠷᠯᠢᠭ ᠤᠨ ᠪᠠᠭᠰᠢ ᠠᠩᠬᠢ ᠳᠠᠭᠠᠭᠤᠯᠬᠤ ᠶᠠᠪᠤᠴᠠ ᠳᠤᠮᠳᠠ᠂ ᠭᠡᠦᠭᠡᠳ ᠤᠳ ᠬᠤᠭᠤᠷᠤᠨᠳᠦ ᠪᠠᠨ ᠵᠤᠳᠤᠯᠴᠠᠵᠦ᠂ ᠭᠡᠦᠭᠡᠳ ᠤᠬᠢᠯᠠᠬᠤ ᠪᠤᠶᠤ ᠴᠢᠨᠠᠭᠰᠢᠯᠠᠨ ᠬᠤᠶᠠᠷ ᠲᠠᠯ᠎ᠠ ᠪᠠᠷ ᠰᠢᠷᠬᠠᠳᠤᠬᠤ ᠦᠵᠡᠭᠳᠡᠯ ᠦᠷᠬᠦᠯᠵᠢ ᠲᠤᠬᠢᠶᠠᠯᠳᠤᠳᠠᠭ᠂ ᠤᠴᠢᠷ ᠢ ᠨᠢ ᠤᠬᠤᠴᠢᠯᠠᠬᠤ ᠳᠤ ᠭᠡᠨ ᠨᠢ ᠭᠡᠨ ᠢ ᠪᠠᠨ ᠲᠦᠯᠬᠢᠭᠡᠳ ᠠᠪᠤᠭᠰᠠᠨ ᠪᠤᠶᠤ ᠨᠠᠭᠠᠳᠤᠮ ᠤᠨ ᠪᠤᠳᠠᠰ ᠪᠤᠯᠢᠶᠠᠯᠳᠤᠬᠤ ᠵᠡᠷᠭᠡ ᠵᠢᠵᠢᠭ ᠰᠠᠵᠢᠭ ᠭᠡᠷᠡᠭ ᠠᠴᠠ ᠡᠬᠦᠰᠦᠭᠰᠡᠨ ᠪᠠᠶᠢᠳᠠᠭ᠃ ︽ᠴᠡᠴᠡᠷᠯᠢᠭ ᠤᠨ ᠪᠠᠶᠠᠰᠤᠯ ᠪᠠ ᠬᠦᠭᠵᠢᠯᠲᠠ ᠶᠢᠨ ᠬᠢᠴᠢᠶᠠᠯ︾ ᠳᠤ ᠶᠡᠭᠡ ᠠᠩᠬᠢ ᠶᠢᠨ ᠭᠡᠦᠭᠡᠳ ᠤᠨ ᠰᠤᠷᠭᠠᠨ ᠬᠦᠮᠦᠵᠢᠯ ᠳᠤ ︽ᠬᠦᠨᠳᠦᠳᠭᠡᠯ᠂ ᠪᠤᠰᠤᠳ ᠢ ᠪᠠᠭ᠋ᠠᠳᠤᠨ ᠰᠠᠶᠢᠰᠢᠶᠠᠬᠤ᠂ ᠠᠭᠤᠵᠢᠭᠤ ᠰᠡᠳᠬᠢᠯ ᠲᠠᠢ ᠪᠠᠶᠢᠬᠤ︾ ᠬᠦᠭᠵᠢᠯᠲᠠ ᠶᠢᠨ ᠬᠠᠷᠠᠯᠳᠠ ᠲᠤᠷᠠᠳᠤᠵᠦ᠂ ᠡᠨᠡᠬᠦ ᠬᠠᠷᠠᠯᠳᠠ ᠨᠢ ᠭᠡᠦᠭᠡᠳ ᠢ ᠭᠡᠷᠬᠢᠨ ᠬᠦᠮᠦᠨ ᠲᠠᠢ ᠬᠠᠷᠢᠴᠠᠬᠤ᠂ ᠭᠡᠷᠬᠢᠨ ᠬᠦᠮᠦᠨ ᠪᠤᠯᠬᠤ ᠶᠤᠰᠤ ᠶᠢ ᠰᠤᠷᠭᠠᠬᠤ ᠡᠬᠦᠳᠡᠨ ᠠᠴᠠ ᠲᠤᠭᠳᠠᠭᠠᠭᠰᠠᠨ ᠪᠤᠯᠬᠤᠷ ᠮᠠᠰᠢ ᠴᠢᠬᠤᠯᠠ ᠪᠠᠶᠢᠳᠠᠭ᠃     ᠶᠠᠭᠤᠨ ᠤ ᠤᠷᠢᠳᠠ ᠪᠠᠭᠰᠢ ᠨᠢ ᠭᠡᠦᠭᠡᠳ ᠲᠤ ᠬᠦᠨᠳᠦᠳᠭᠡᠬᠦ᠂ ᠪᠠᠭ᠋ᠠᠳᠤᠨ ᠰᠠᠶᠢᠰᠢᠶᠠᠬᠤ ᠤᠷᠴᠢᠨ ᠲᠤᠭᠤᠷᠢᠨ ᠢ ᠪᠦᠷᠢᠯᠳᠤᠬᠦᠯᠦᠨ ᠦᠭᠴᠦ᠂ ᠬᠦᠮᠦᠨ ᠪᠦᠬᠦᠨ ᠪᠦᠷ ᠬᠦᠨᠳᠦᠳᠭᠡᠭᠳᠡᠨ ᠰᠠᠶᠢᠰᠢᠶᠠᠭᠳᠠᠬᠤ ᠪᠠᠶᠢᠳᠠᠯ ᠢ ᠮᠡᠳᠡᠷᠡᠬᠦᠯᠵᠦ᠂ ᠡᠬᠦᠨ ᠤ ᠳᠠᠭᠠᠤ ᠳᠤ ᠪᠤᠰᠤᠳ ᠢ ᠬᠦᠨᠳᠦᠳᠭᠡᠬᠦ᠂ ᠪᠠᠭ᠋ᠠᠳᠤᠨ ᠰᠠᠶᠢᠰᠢᠶᠠᠬᠤ᠂ ᠠᠭᠤᠵᠢᠭᠤ ᠰᠠᠳᠬᠢᠯ ᠲᠠᠢ ᠪᠤᠯᠬᠤ ᠶᠢ ᠰᠤᠷᠤᠯᠴᠠᠭᠤᠯᠤᠨ᠎ᠠ᠃      ᠬᠤᠶᠠᠷ ᠲᠤ᠂ ᠭᠡᠦᠭᠡᠳ ᠢ ᠵᠢᠯᠤᠭᠤᠳᠤᠨ ᠭᠡᠷᠡᠭ ᠤᠴᠢᠷ ᠬᠢᠭᠡᠳ ᠬᠦᠮᠦᠨ ᠤ ᠤᠯᠠᠨ ᠶᠠᠩᠵᠤᠳᠤ ᠴᠢᠨᠠᠷ ᠢ ᠤᠢᠢᠯᠠᠭᠠᠭᠤᠯᠵᠦ᠂ ᠪᠤᠰᠤᠳ ᠬᠦ᠋ᠮᠦᠨ ᠪᠠ ᠦᠪᠡᠷ ᠤᠨ ᠠᠳᠠᠯᠢ ᠪᠤᠰᠤ ᠲᠠᠯ᠎ᠠ ᠳᠤ ᠵᠥᠪ ᠢᠶᠠᠷ ᠬᠠᠨᠳᠤᠭᠤᠯᠬᠤ ᠭᠡᠷᠡᠭᠲᠡᠢ ᠃ ᠴᠡᠴᠡᠷᠯᠢᠭ ᠤᠨ ᠰᠤᠷᠭᠠᠨ ᠬᠦᠮᠦᠵᠢᠯ ᠤᠨ ᠤᠯᠠᠩᠬᠢ ᠨᠢ ᠨᠠᠭᠠᠳᠤᠮ ᠲᠤᠭᠯᠠᠭᠠᠮ ᠤᠨ ᠭᠡᠯᠪᠡᠷᠢ ᠪᠠᠷ ᠶᠠᠪᠤᠭᠳᠠᠳᠠᠭ᠂ ᠪᠠᠭᠰᠢ ᠪᠠᠷ ᠡᠬᠦᠨ ᠤ ᠳᠤᠮᠳᠠ ᠶᠤᠰᠤ ᠤᠴᠢᠷ ᠢ ᠤᠷᠭᠠᠨᠢᠭ ᠢᠶᠠᠷ ᠠᠭᠤᠰᠤᠯᠴᠠᠭᠤᠯᠵᠦ ᠤᠷᠤᠭᠤᠯᠬᠤ ᠭᠡᠷᠡᠭᠲᠡᠢ᠃     ᠭᠤᠷᠪᠡ᠂ ᠭᠡᠦᠭᠡᠳ ᠤᠨ ᠦᠪᠡᠷ ᠤᠨ ᠳᠠᠪᠠᠭᠤᠯᠢᠭ ᠳᠠᠯ᠎ᠠ ᠢ ᠨᠢ ᠪᠠᠳᠠᠷᠠᠭᠤᠯᠵᠦ᠂ ᠦᠪᠡᠷ ᠤᠨ ᠪᠤᠰᠤᠳ ᠤᠨ ᠳᠠᠪᠠᠭᠤᠯᠢᠭ ᠲᠠᠯ᠎ᠠ ᠶᠢ ᠲᠠᠨᠢᠵᠦ᠂ ᠡᠬᠦᠨ ᠤ ᠳᠠᠭᠠᠤ ᠳᠤ ᠪᠤᠰᠤᠳ ᠢ ᠬᠦᠨᠳᠦᠯᠡᠨ ᠪᠠᠭ᠋ᠠᠳᠤᠨ ᠰᠠᠶᠢᠰᠢᠶᠠᠬᠤ ᠰᠡᠳᠬᠢᠯ ᠢ ᠰᠤᠷᠭᠠᠨ᠎ᠠ᠃ ᠴᠡᠴᠡᠷᠯᠢᠭ ᠤᠨ ᠪᠠᠭᠰᠢ ᠭᠡᠦᠭᠡᠳ ᠤᠨ ᠦᠪᠡᠷ ᠤᠨ ᠲᠠᠪᠠᠭᠤᠯᠢᠭ ᠢᠶᠠᠨ ᠪᠠᠳᠠᠷᠠᠭᠤᠯᠬᠤ ᠲᠤᠬᠢᠶᠠᠯ ᠢ ᠦᠷᠬᠦᠯᠵᠢ ᠤᠯᠭᠤᠬᠤ ᠭᠡᠷᠡᠭᠲᠡᠢ᠃     ᠲᠦᠷᠪᠡ᠂ ᠬᠡᠦᠭᠡᠳ ᠤᠨ ︽ᠠᠯᠳᠠᠭ᠎ᠠ ᠭᠠᠷᠭᠠᠬᠤ︾ ᠲᠤᠬᠢᠶᠠᠯ ᠢ ᠠᠳᠬᠤᠨ᠂ ᠬᠦᠮᠦᠨ ᠪᠦᠬᠦᠨ ᠪᠦᠷ ᠠᠯᠳᠠᠭ᠎ᠠ ᠭᠠᠷᠭᠠᠳᠠᠭ ᠶᠤᠰᠤ ᠤᠴᠢᠷ ᠢ ᠤᠢᠢᠯᠠᠭᠤᠯᠵᠦ᠂ ᠠᠭᠤᠳᠠᠮᠴᠢ ᠰᠡᠳᠬᠢᠯ ᠢ ᠬᠦᠮᠦᠵᠢᠬᠦᠯᠬᠦ ᠭᠡᠷᠡᠭᠲᠡᠢ᠃ ᠭᠡᠦᠭᠡᠳ ᠡᠳᠦᠷ ᠳᠤᠳᠤᠮ ᠤᠨ ᠠᠮᠢᠳᠤᠷᠠᠯ ᠳᠤᠮᠳᠠ ᠶᠠᠷᠢᠶᠠᠨ ᠦᠭᠡᠢ ᠠᠯᠳᠠᠭ᠎ᠠ ᠭᠠᠷᠭᠠᠳᠠᠭ᠂ ᠡᠨᠡ ᠦᠶᠠᠰ ᠪᠠᠭᠰᠢ ᠪᠤᠯᠤᠭᠰᠠᠳ ᠨᠢ ᠲᠤᠬᠢᠶᠠᠯ ᠢ ᠡᠵᠡᠮᠳᠡᠵᠦ᠂ ᠠᠭᠠᠵᠢᠮ ᠢᠶᠠᠷ ᠤᠬᠠᠭᠠᠷᠠᠭᠤᠯᠤᠨ᠂ ᠠᠯᠳᠠᠭ᠎ᠠ ᠭᠠᠷᠭᠠᠭᠰᠠᠨ ᠭᠡᠦᠭᠡᠳ ᠤᠨ ᠠᠯᠳᠠᠭ᠎ᠠ ᠲᠤᠳᠠᠭᠳᠠᠯ ᠢ ᠲᠠᠨᠢᠭᠤᠯᠵᠦ᠂ ᠵᠠᠯᠠᠷᠠᠭᠤᠯᠬᠤ ᠭᠡᠷᠡᠭᠲᠡᠢ ᠮᠦᠷᠲᠡᠭᠡᠨ ᠪᠤᠰᠤᠳ ᠭᠡᠦᠭᠡᠳ ᠢ ᠵᠢᠯᠤᠭᠤᠳᠤᠨ ᠬᠠᠮᠳᠦ ᠨᠦᠬᠦᠳ ᠤᠨ ᠢᠶᠠᠨ ᠠᠯᠳᠠᠭ᠎ᠠ ᠳᠤᠳᠠᠭᠳᠠᠯ ᠢ ᠠᠭᠤᠴᠢᠯᠠᠬᠤ ᠠᠭᠤᠳᠠᠮᠴᠢ ᠰᠡᠳᠬᠢᠯ ᠢ ᠬᠦᠮᠦᠵᠢᠬᠦᠯᠬᠦ ᠭᠡᠷᠡᠭᠲᠡᠢ     ᠳᠠᠪᠤ᠂ ᠪᠠᠭᠰᠢ ᠪᠤᠯᠤᠭᠰᠠᠳ ᠦᠪᠡᠷ ᠤᠨ ᠪᠡᠶ᠎ᠠ ᠪᠠᠷ ᠳᠠᠭᠤᠷᠢᠶᠠᠯ ᠦᠵᠡᠬᠦᠯᠦᠨ᠂ ᠭᠡᠦᠭᠡᠳ ᠢ ᠵᠢᠯᠤᠭᠤᠳᠤᠨ ᠪᠤᠰᠤᠳ ᠤᠨ ᠠᠯᠳᠠᠭ᠎ᠠ ᠳᠤᠳᠠᠭᠳᠠᠯ ᠢ ᠵᠥᠪ ᠢᠶᠠᠷ ᠲᠠᠨᠢᠬᠤ ᠪᠠ ᠠᠭᠤᠴᠢᠯᠠᠬᠤ ᠠᠭᠤᠳᠠᠮᠴᠢ ᠰᠡᠳᠬᠢᠯ ᠢ ᠬᠦᠮᠦᠵᠢᠬᠦᠯᠬᠦ ᠭᠡᠷᠡᠭᠲᠡᠢ᠃ ᠴᠡᠴᠡᠷᠯᠢᠭ ᠤᠨ ᠪᠠᠭᠰᠢ ᠠᠵᠢᠯ ᠤᠨ ᠰᠤᠷᠳᠠᠯ ᠤᠨ ᠬᠦᠮᠦᠵᠢᠯ ᠢ ᠶᠡᠭᠡᠪᠡᠷ ᠴᠢᠬᠤᠯᠴᠢᠯᠠᠵᠦ᠂ ᠪᠠᠭᠰᠢ ᠶᠢᠨ ᠶᠠᠪᠤᠵᠦ ᠰᠠᠭᠤᠬᠤ ᠬᠦᠳᠡᠯᠦᠯ ᠪᠠᠷᠢᠯ ᠳᠤ ᠪᠦᠷ ᠵᠤᠬᠢᠬᠤ ᠭᠡᠮᠵᠢᠶᠠᠨ ᠤ ᠲᠦᠷᠢᠮ ᠳᠤᠭᠳᠠᠭᠠᠨ᠎ᠠ᠃ ᠪᠠᠭᠰᠢ ᠶᠢᠨ ᠶᠤᠰᠤᠷᠬᠠᠭ ᠬᠦᠳᠡᠯᠦᠯ ᠪᠠᠷᠢᠯ᠂ ᠠᠭᠤᠳᠠᠮᠴᠢ ᠰᠠᠳᠬᠢᠯ ᠤᠪᠤᠷ ᠵᠡᠷᠭᠡ ᠨᠢ ᠭᠡᠦᠭᠡᠳ ᠲᠤ ᠦᠵᠡᠬᠦᠯᠬᠦ ᠨᠦᠯᠦᠭᠡ ᠮᠠᠰᠢ ᠶᠡᠭᠡ ᠪᠠᠶᠢᠳᠠᠭ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2