ᠤᠯᠠᠨ ᠲᠥᠮᠡᠨ ᠤ ᠲᠤᠳᠤᠨᠤ ᠬᠠᠨᠢ — ︽110︾ | ︽ᠮᠢᠨᠤ ᠨᠠᠶᠢᠵᠢ ᠨᠠᠳᠠᠳᠤ ᠸᠢᠳᠢᠣ᠋ ᠢᠷᠡᠭᠦᠯᠦᠨ ᠪᠡᠶ᠎ᠡ ᠪᠠᠨ ᠬᠤᠤᠷᠯᠠᠬᠤ ᠬᠡᠵᠦ ᠪᠠᠶᠢᠭ᠎ᠠ ᠪᠠᠨ ᠬᠡᠯᠡᠵᠦ | ᠦᠭᠭᠦᠭᠰᠡᠨ᠂ ᠪᠢ ᠲᠡᠬᠦᠨ ᠤ ᠴᠢᠷᠠᠢ ᠪᠤᠯᠤᠨ ᠣᠷᠣ ᠲᠡᠭᠡᠷ᠎ᠡ ᠨᠢ ᠴᠢᠰᠤᠨ ᠣᠷᠣᠮ ᠪᠠᠶᠢᠬᠤ ᠶᠢ ᠤᠯᠵᠤ ᠬᠠᠷᠠᠭᠰᠠᠨ᠂ | ᠵᠣᠴᠢᠳ ᠤᠨ ᠪᠠᠭᠤᠳᠠᠯ ᠳᠤ ᠪᠠᠶᠢᠬᠤ ᠪᠤᠯᠤᠯᠳᠠᠢ᠂ ᠬᠡᠪᠡᠴᠦ ᠪᠠᠳᠤᠳᠠᠢ ᠪᠠᠶᠢᠷᠢ ᠶᠢ ᠮᠡᠳᠡᠬᠦ ᠦᠬᠡᠢ᠂ ᠲᠠᠨᠠᠷ ᠲᠡᠬᠦᠨ ᠢ | ᠠᠪᠤᠷᠠᠭᠠᠴᠢ ᠳ᠋ᠠ︕︾ 2020 ᠤᠨ ᠤ 12 ᠰᠠᠷ᠎ᠠ ᠶᠢᠨ 6 ᠤ ᠦᠷᠯᠦᠬᠡᠬᠦᠷ᠂ ᠬᠦᠬᠡᠬᠤᠳᠠ ᠶᠢᠨ | ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ 110 ᠬᠡᠷᠡᠭ ᠮᠡᠳᠡᠬᠦᠯᠬᠦ ᠦᠢᠯᠡᠴᠢᠯᠡᠬᠡᠨ ᠤ ᠲᠠᠪᠴᠠᠩ ᠤᠨ ᠬᠢᠨ | ᠡᠶᠢᠮᠦᠷᠬᠦ ᠲᠤᠰᠠᠯᠠᠮᠵᠢ ᠬᠦᠰᠡᠭᠰᠡᠨ ᠤᠳᠠᠰᠤ ᠶᠢ ᠲᠤᠰᠪᠠ᠃ ᠤᠳᠠᠰᠤ ᠲᠤᠰᠤᠬᠴᠢ ᠨᠢᠬᠡ ᠲᠠᠯ᠎ᠠ ᠪᠠᠷ ᠬᠡᠷᠡᠭ | ᠮᠡᠳᠡᠬᠦᠯᠦᠭᠴᠢ ᠶᠢᠨ ᠰᠡᠳᠬᠢᠯ ᠰᠠᠨᠠᠭ᠎ᠠ ᠶᠢ ᠲᠠᠶᠢᠳᠬᠤᠷᠠᠭᠤᠯᠵᠤ᠂ ᠨᠦᠬᠦᠬᠡ ᠲᠠᠯ᠎ᠠ ᠪᠠᠷ ᠪᠠᠷᠢᠨ ᠮᠡᠳᠡᠭᠡ ᠵᠠᠩᠬᠢ ᠶᠢ | ᠰᠤᠳᠤᠯᠤᠨ ᠮᠠᠭᠠᠳᠯᠬᠠᠤ ᠲᠤᠬᠳᠠᠴᠠ ᠶᠢ ᠬᠦᠳᠡᠯᠬᠡᠵᠦ᠂ ᠳᠠᠷᠣᠢ ᠲᠦᠷᠬᠡᠨ ᠨᠢᠭᠤᠴᠠ ᠮᠡᠳᠡᠭᠡ ᠶᠢ ᠰᠤᠳᠤᠯᠤᠨ | ᠮᠠᠭᠠᠳᠯᠠᠬᠤ ᠠᠵᠢᠯ ᠦᠷᠨᠢᠬᠦᠯᠪᠡ᠃ ᠨᠢᠭᠤᠴᠠ ᠮᠡᠳᠡᠬᠡᠨ ᠤ ᠲᠦᠪ ᠤᠨ ᠬᠢᠨ ᠳᠣᠰ ᠬᠡᠷᠡᠭ ᠢ ᠲᠡᠭᠡᠳᠦ ᠬᠡᠮᠵᠢᠶ᠎ᠡ ᠪᠠᠷ | ᠬᠦᠨᠳᠦᠳᠬᠡᠨ ᠦᠵᠡᠵᠦ᠂ ᠮᠡᠳᠡᠭᠡ ᠵᠠᠩᠬᠢ ᠶᠢ ᠰᠤᠳᠤᠯᠤᠨ ᠮᠠᠭᠠᠳᠯᠠᠬᠤ ᠪᠠ ᠲᠤᠭ᠎ᠠ ᠪᠠᠷᠢᠮᠳᠠ ᠶᠢᠨ ᠲᠠᠪᠴᠠᠩ ᠢᠶᠠᠷ | ᠲᠠᠮᠵᠢᠭᠤᠯᠤᠨ᠂ ᠸᠠᠩ ᠤᠪᠤᠬᠳᠤ ᠬᠦᠬᠡᠬᠤᠳᠠ ᠶᠢᠨ ᠰᠢᠨ᠎ᠠ ᠬᠤᠳᠠ ᠲᠤᠭᠤᠷᠢᠬ ᠤᠨ ᠨᠢᠬᠡᠨ ᠪᠠᠭᠤᠳᠠᠯ ᠳᠤ | ᠤᠷᠤᠬᠰᠠᠨ ᠢ ᠤᠯᠵᠤ ᠮᠡᠳᠡᠪᠡ᠃ ᠤᠳᠠᠰᠤ ᠲᠤᠰᠤᠬᠴᠢ ᠲᠠᠷᠦ᠋ᠢᠬᠠᠨ ᠴᠠᠬᠳᠠᠭ᠎ᠠ ᠳᠤ ᠮᠡᠳᠡᠭᠳᠡᠨ ᠡᠷᠢᠬᠦᠯᠵᠦ᠂ | ᠵᠡᠷᠬᠡ ᠪᠠᠷ 120 ᠲᠠᠢ ᠬᠠᠷᠢᠯᠴᠠᠨ ᠳᠣᠬᠠᠢ ᠶᠢᠨ ᠲᠠᠯᠠᠪᠠᠢ ᠳᠤ ᠤᠴᠢᠭᠤᠯᠣᠨ ᠠᠪᠤᠷᠠᠯᠳᠠ ᠬᠢᠯᠭᠡᠪᠡ᠃ ᠤᠳᠠᠯ ᠦᠬᠡᠢ | ᠂ ᠴᠠᠬᠳᠠᠭ᠎ᠠ ᠨᠠᠷ ᠪᠠᠭᠤᠳᠠᠯ ᠠᠴᠠ ᠪᠠᠭᠤᠤ ᠪᠠᠨ ᠤᠬᠳᠤᠯᠤᠬᠰᠠᠨ ᠸᠠᠩ ᠤᠪᠤᠬᠳᠤ ᠶᠢ ᠡᠷᠢᠨ ᠤᠯᠤᠬᠰᠠᠨ ᠪᠦᠬᠡᠳ | ᠲᠡᠬᠦᠨ ᠢ ᠡᠮᠨᠡᠯᠬᠡ ᠳᠤ ᠬᠦᠷᠬᠡᠪᠡ᠃ ᠵᠠᠪᠳᠤᠨ ᠠᠪᠤᠷᠠᠬᠰᠠᠨ ᠢᠶᠠᠷ᠂ ᠸᠠᠩ ᠤᠪᠤᠬᠳᠤ ᠠᠮᠢ ᠨᠠᠰᠤᠨ ᠤ ᠠᠶᠤᠯ ᠠᠴᠠ | ᠮᠤᠯᠳᠤᠷᠴᠤ᠂ ᠭᠤᠨᠢᠬᠳᠤ ᠵᠦᠴᠦᠬᠡ ᠡᠬᠦᠰᠬᠦ ᠠᠴᠠ ᠵᠠᠶᠢᠯᠠᠰᠬᠢᠪᠠ᠃ ᠮᠠᠨ ᠤ ᠣᠷᠣᠨ ᠤ ᠳᠣᠳᠣᠭᠠᠳᠣ ᠶᠢ | ᠬᠠᠮᠠᠭᠠᠯᠠᠬᠤ ᠪᠠᠶᠢᠭᠤᠯᠭ᠎ᠠ ᠶᠢᠨ 110 ᠬᠡᠷᠡᠭ ᠮᠡᠳᠡᠭᠦᠯᠬᠦ ᠦᠢᠯᠡᠴᠢᠯᠡᠭᠡᠨ ᠤ ᠲᠦᠪ ᠲᠤ ᠡᠶᠢᠮᠦᠷᠬᠦ ᠬᠡᠷᠡᠭ ᠤᠨ ᠵᠢᠱᠢᠶ᠎ᠠ | ᠮᠤᠩ ᠦᠬᠡᠢ ᠤᠯᠠᠨ᠃ ᠡᠳᠦᠷᠵᠢᠨ ᠰᠦᠨᠢᠵᠢᠨ 24 ᠴᠠᠬ ᠢᠶᠠᠷ ᠤᠯᠠᠨ ᠨᠡᠶᠢᠳᠡ ᠶᠢᠨ ᠬᠡᠷᠡᠭ ᠤᠨ ᠮᠡᠳᠡᠬᠦᠯᠦᠯᠳᠡ ᠶᠢ | ᠬᠦᠯᠢᠶᠡᠨ ᠠᠪᠴᠤ ᠰᠢᠢᠳᠪᠦᠷᠢᠯᠡᠬᠦ᠂ ᠪᠠᠴᠢᠮ ᠠᠪᠤᠷᠠᠨ ᠲᠤᠰᠠᠯᠠᠬᠤ ᠪᠤᠯᠤᠨ ᠲᠤᠳᠤᠭᠠᠳᠤ ᠶᠢ ᠬᠠᠮᠠᠭᠠᠯᠠᠬᠤ | ᠪᠠᠶᠢᠭᠤᠯᠭ᠎ᠠ ᠪᠤᠯᠤᠨ ᠴᠠᠬᠳᠠᠭ᠎ᠠ ᠶᠢᠨ ᠬᠠᠤᠯᠢ ᠰᠠᠬᠢᠯᠭ᠎ᠠ ᠠᠴᠠ ᠵᠦᠷᠢᠴᠡᠭᠰᠡᠨ ᠪᠠ ᠲᠤᠰᠢᠶᠠᠯ ᠢᠶᠠᠨ ᠭᠤᠳᠣᠭᠠᠭᠰᠠᠨ | ᠠᠵᠢᠯᠯᠠᠭ᠎ᠠ ᠶᠢᠨ ᠵᠠᠭᠠᠯᠳᠤᠯᠭ᠎ᠠ ᠶᠢ ᠬᠦᠯᠢᠶᠡᠨ ᠠᠪᠬᠤ ᠨᠢ 110 ᠤᠨ ᠠᠷᠢᠭᠤᠨ ᠲᠠᠷᠬᠠᠨ ᠡᠬᠦᠷᠬᠡ ᠬᠠᠷᠢᠭᠤᠴᠠᠯᠭ᠎ᠠ | ᠪᠢᠯᠡ᠃ | 2019 ᠤᠨ ᠤ 4 ᠰᠠᠷ᠎ᠠ ᠶᠢᠨ ᠨᠢᠬᠡᠨ ᠡᠳᠦᠷ᠂ ᠺᠠᠶᠢᠯᠤ ᠰᠢᠶᠠᠨ ᠤ ᠺᠠᠶᠢᠯᠤ ᠪᠠᠯᠭᠠᠰᠤᠨ ᠤ ᠵᠡᠬᠡᠯᠢ ᠲᠡᠭᠡᠷ᠎ᠡ | ᠳᠣᠭᠤᠷᠢᠨ ᠴᠠᠬᠳᠠᠵᠤ ᠪᠠᠶᠢᠬᠰᠠᠨ ᠤᠨᠴᠠ ᠴᠠᠬᠳᠠᠭ᠎ᠠ ᠳᠣᠪᠴᠢᠶ᠎ᠠ ᠶᠢᠨ 110 ᠵᠢᠯᠤᠭᠤᠳᠬᠤ ᠲᠦᠪ ᠤᠨ ᠢᠶᠠᠨ ︽ | ᠨᠢᠭᠡ ᠵᠢᠭᠠᠯ ᠬᠦᠦ ᠬᠡᠷ ᠢᠶᠠᠨ ᠡᠷᠢᠵᠦ ᠤᠯᠬᠤ ᠦᠬᠡᠢ᠂ ᠴᠠᠬᠳᠠᠭ᠎ᠠ ᠲᠤᠮᠢᠯᠠᠬᠤ ᠶᠢ ᠱᠠᠭᠠᠷᠳᠠᠵᠤ ᠪᠠᠶᠢᠨ᠎ᠠ︾ ᠬᠡᠰᠡᠨ | ᠵᠠᠷᠯᠢᠬ ᠢ ᠲᠤᠰᠪᠠ᠃ ᠲᠤᠬᠠᠢ ᠶᠢᠨ ᠦᠶ᠎ᠡ ᠳᠤ ᠴᠠᠬᠳᠠᠭ᠎ᠠ ᠨᠠᠷ ᠶᠠᠬ ᠵᠢᠭᠠᠯ ᠬᠦᠦ ᠶᠢᠨ ᠤᠢᠢᠷᠠᠯᠴᠠᠭᠤᠷ ᠵᠢᠵᠢᠬᠦᠷᠯᠡᠵᠦ | ᠪᠠᠶᠢᠬᠰᠠᠨ ᠪᠤᠯᠬᠤᠷ ᠨᠢᠭᠡ ᠯᠡ ᠮᠢᠨᠦ᠋ᠲ ᠲᠤ ᠳᠣᠬᠠᠢ ᠶᠢᠨ ᠲᠠᠯᠠᠪᠠᠢ ᠳᠤ ᠠᠮᠵᠢᠨ ᠬᠦᠷᠪᠡ᠃ ᠭᠡᠷ ᠢᠶᠠᠨ ᠣᠯᠬᠤ | ᠦᠭᠡᠢ ᠪᠠᠴᠢᠮᠳᠠᠬᠤ ᠳᠠᠭᠠᠨ ᠣᠬᠢᠯᠠᠨ ᠣᠨᠵᠢᠵᠣ ᠪᠠᠶᠢᠭᠰᠠᠨ ᠲᠦᠷᠪᠡ ᠲᠠᠪᠤᠨ ᠨᠠᠰᠤᠳᠠᠢ ᠵᠢᠭᠠᠯ ᠬᠦᠦ ᠠᠴᠠ | ᠬᠦᠯᠢᠴᠡᠩᠬᠦᠢ ᠪᠠᠷ ᠠᠰᠠᠭᠤᠬᠤ ᠪᠠᠷ ᠳᠠᠮᠵᠢᠨ᠂ ᠲᠡᠷᠡ ᠨᠠᠭᠠᠴᠤ ᠶᠢᠨ ᠳᠠᠭᠠᠨ ᠤᠴᠢᠬᠤ ᠬᠡᠳ ᠲᠦᠬᠡᠷᠢᠴᠢᠭᠡᠭᠰᠡᠨ | ᠪᠠᠶᠢᠬᠤ ᠶᠢ ᠣᠯᠵᠣ ᠮᠡᠳᠡᠪᠡ᠂ ᠲᠡᠬᠦᠨ ᠤ ᠶᠠᠷᠢᠬᠤ ᠶᠢ ᠦᠨᠳᠦᠰᠦᠯᠡᠨ ᠴᠠᠬᠳᠠᠭ᠎ᠠ ᠨᠠᠷ ᠨᠠᠭᠠᠴᠤ ᠶᠢᠨ ᠬᠢᠨᠢ ᠬᠡᠷ ᠢ | ᠡᠷᠢᠨ ᠤᠯᠵᠣ ᠬᠦᠷᠭᠡᠨ ᠦᠭᠪᠡ᠃ ᠲᠤᠰ ᠬᠡᠷᠡᠭ ᠨᠢ ᠬᠡᠷᠡᠭ ᠮᠡᠳᠡᠬᠦᠯᠬᠦ ᠠᠴᠠ ᠬᠡᠷᠡᠭ ᠢ ᠲᠠᠭᠤᠰᠬᠠᠳᠠᠯᠠ ᠵᠦᠪᠬᠡᠨ | 20 ᠮᠢᠨᠦ᠋ᠲ ᠯᠡ ᠬᠡᠷᠡᠭᠰᠡᠭᠰᠡᠨ ᠪᠠᠶᠢᠪᠠ᠃ ᠵᠢᠭᠠᠯ ᠬᠦᠦ ᠶᠢᠨ ᠬᠡᠷ ᠤᠨ ᠬᠦᠮᠦᠰ ᠨᠢ ︽ᠬᠡᠦᠬᠡᠳ ᠲᠦᠬᠡᠷᠢᠬᠡᠳ | ᠪᠦᠬᠦ ᠬᠡᠷ ᠢᠶᠠᠷ ᠢᠶᠠᠨ ᠰᠠᠨᠳᠤᠷᠬᠤ ᠳᠤ ᠴᠠᠬᠳᠠᠭ᠎ᠠ ᠨᠠᠷ ᠬᠦᠦ ᠶᠢ ᠬᠦᠷᠬᠡᠵᠦ ᠢᠷᠡᠯ᠎ᠡ︾ ᠬᠡᠮᠡᠬᠦ ᠬᠡᠮᠡᠷᠢᠯᠢᠭ ᠲᠤᠬ | ᠬᠦᠷᠬᠡᠵᠦ ᠲᠠᠯᠠᠷᠬᠠᠬᠰᠠᠨ ᠰᠡᠳᠬᠢᠯᠬᠡ ᠪᠠᠨ ᠢᠯᠡᠳᠬᠡᠪᠡ᠃ ᠠᠷᠠᠳ ᠤᠯᠠᠨ ᠤ ᠰᠡᠳᠬᠢᠯ ᠳᠤ ︽110︾ ᠨᠢᠭᠡᠨᠳᠡ | ᠲᠤᠳᠤᠨᠤ ᠬᠠᠨᠢ ᠨᠢ ᠪᠤᠯᠵᠠᠢ᠃ 2020 ᠤᠨ ᠳᠤ᠂ ᠪᠦᠬᠦ ᠤᠷᠤᠨ ᠤ ᠲᠤᠳᠤᠭᠠᠳᠤ ᠶᠢ ᠬᠠᠮᠠᠭᠠᠯᠠᠬᠤ | ᠪᠠᠶᠢᠭᠤᠯᠭ᠎ᠠ ᠶᠢᠨ 110 ᠬᠡᠷᠡᠭ ᠮᠡᠳᠡᠬᠦᠯᠬᠦ ᠦᠢᠯᠡᠴᠢᠯᠡᠬᠡᠨ ᠤ ᠲᠠᠪᠴᠠᠩ ᠤᠯᠠᠨ ᠲᠦᠮᠡᠨ ᠤ ᠬᠡᠷᠡᠭ ᠤᠨ | ᠮᠡᠳᠡᠬᠦᠯᠦᠯᠳᠡ ᠶᠢ 521.47 ᠲᠦᠮᠡ ᠤᠳᠠᠭ᠎ᠠ ᠲᠤᠰᠴᠤ᠂ ᠠᠳᠠᠯᠢ ᠬᠤᠭᠤᠴᠠᠭᠠᠨ ᠤ ᠬᠢ ᠠᠴᠠ ᠪᠠᠨ 10.27% | ᠲᠡᠭᠡᠭᠰᠢᠯᠡᠪᠡ᠃ | ᠢᠷᠡᠯᠳᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ | ᠳᠡᠪᠰᠢᠭᠦᠯᠦᠭᠴᠢ᠄ ᠬᠠᠶᠢᠷ᠎ᠠ |