ᠲᠣᠭᠤᠭᠠᠨ ᠭᠡᠷ ᠲᠤ ᠡᠳᠡᠭᠡᠷ ᠶᠠᠪᠤᠳᠠᠯ  ᠢ ᠤᠬᠳᠦ ᠬᠢᠵᠤ ᠪᠤᠯᠬᠤ ᠦᠬᠡᠢ
ᠨᠡᠶᠢᠲᠡᠯᠡᠭᠰᠡᠨ ᠴᠠᠭ᠄
2021/12/15
          ᠲᠣᠭᠤᠭᠠᠨ ᠭᠡᠷ ᠲᠤ ᠡᠳᠡᠭᠡᠷ ᠶᠠᠪᠤᠳᠠᠯ  ᠢ ᠤᠬᠳᠦ ᠬᠢᠵᠤ ᠪᠤᠯᠬᠤ ᠦᠬᠡᠢ      ᠭᠠᠯ ᠲᠣᠭᠤᠭᠠᠨ ᠤ ᠦᠷᠦᠭᠡ ᠨᠢ ᠶᠡᠷᠦ ᠳᠡᠭᠡᠨ ᠠᠩᠬᠢᠯᠤᠮ᠎ᠠ ᠦᠨᠦᠷ᠂ ᠰᠤᠳᠤᠨ ᠠᠮᠳᠠ ᠲᠦᠬᠦᠷᠡᠩ ᠪᠠᠶᠢᠳᠠᠭ ᠴᠦ᠂ ᠵᠦᠢ ᠵᠣᠬᠢᠰ ᠥᠬᠡᠶ ᠦᠢᠯᠡ ᠬᠢᠳᠡᠯ ᠠᠴᠠ ᠪᠤᠯᠵᠤ ᠵᠠᠷᠢᠮ ᠲᠠᠭᠠᠨ ᠭᠤᠨᠢᠭᠲᠤ ᠶᠠᠪᠤᠳᠠᠯ ᠡᠭᠦᠰᠳᠡᠭ᠃ ᠲᠤᠤᠷᠠᠬᠢ ᠬᠡᠳᠦᠨ ᠠᠮᠢᠨ ᠳᠤ ᠬᠦᠷᠬᠦ ᠤᠴᠢᠷ ᠢ ᠭᠠᠯ ᠲᠤᠭᠤᠭᠠᠨ ᠤ ᠦᠷᠦᠭᠡᠨ ᠲᠡᠭᠡᠨ ᠶᠠᠭᠠᠬᠢᠭ᠍ᠰᠡᠨ ᠴᠦ ᠬᠢᠵᠤ ᠪᠤᠯᠬᠤ ᠦᠬᠡᠢ᠃      ᠨᠢᠭᠡ ᠳᠤ᠂ ᠰᠢᠲᠠᠮᠠᠬᠠᠶ ᠬᠡᠶ ᠶᠢᠨ ᠵᠤᠤᠬ᠎ᠠ ᠶᠢᠨ ᠬᠠᠵᠠᠭᠤ ᠳᠤ ᠭᠤᠯᠢᠷ  ᠢᠶᠠᠨ ᠠᠰᠬᠠᠬᠤ᠃ ᠰᠢᠶᠠᠮᠧᠨ ᠤ ᠡᠷ᠎ᠡ ᠡᠮ᠎ᠡ ᠬᠤᠶᠠᠭᠤᠯᠠ ᠲᠣᠭᠤᠭᠠᠨ ᠭᠡᠷ ᠲᠡᠭᠡᠨ ᠨᠣᠭᠤᠭ᠎ᠠ ᠬᠠᠭᠤᠷᠬᠤ ᠲᠠᠭᠠᠨ ᠬᠠᠵᠠᠭᠤ ᠲᠤᠨᠢ ᠰᠢᠨ᠎ᠡ ᠭᠤᠯᠢᠷ ᠭᠠᠷᠭᠠᠵᠤ ᠰᠢᠬᠢᠷᠯᠢᠭ ᠪᠣᠭᠤᠷᠰᠤᠭ ᠰᠢᠷᠠᠬᠤ ᠪᠠᠷ ᠪᠡᠯᠡᠳᠬᠡᠵᠦ ᠪᠠᠶᠢᠭᠰᠠᠨ ᠳᠤ ᠳᠡᠯᠪᠡᠷᠡᠯᠲᠡ ᠡᠭᠦᠰᠴᠦ᠂ 2 ᠬᠥᠮᠦᠨ  ᠤ ᠲᠦᠯᠡᠭᠳᠡᠭᠰᠡᠨ ᠬᠡᠮᠵᠢᠶ᠎ᠡ ᠨᠢ 50% ᠠᠴᠠ  ᠳᠡᠭᠡᠭᠰᠢ ᠬᠦᠷᠴᠦ᠂ ᠣᠨᠴᠠ ᠬᠦᠨᠳᠦ ᠲᠦᠯᠡᠭᠳᠡᠭᠰᠡᠨ ᠰᠢᠷᠬ᠎ᠠ  ᠳᠤ  ᠲᠣᠭᠠᠴᠠᠭᠳᠠᠵᠠᠢ᠃ ᠮᠦᠨ ᠴᠦ ᠲᠡᠯᠪᠡᠷᠡᠯᠳᠡ ᠳᠤ ᠭᠡᠷ ᠤᠨ ᠴᠣᠩᠬᠤ ᠪᠣᠯᠤᠨ ᠬᠤᠯᠠᠭᠠᠶ ᠶᠢ  ᠰᠡᠷᠭᠡᠶᠢᠯᠡᠬᠦ ᠴᠣᠩᠬᠤ ᠨᠢ ᠪᠦᠷ ᠠᠰᠠᠷ ᠠᠴᠠ ᠤᠨᠠᠭᠰᠠᠨ ᠪᠠᠶᠢᠪᠠ᠃ ᠨᠢᠭᠡᠨ ᠲᠧᠯᠸᠢᠰ ᠫᠧᠷᠥᠭᠷᠡᠮ ᠤᠨ ᠬᠢᠨ ᠭᠤᠯᠢᠷ ᠢᠶᠠᠷ ᠠᠳᠠᠯᠢᠪᠲᠤᠷ ᠲᠤᠷᠰᠢᠯᠲᠠ ᠬᠢᠵᠦ᠂ ᠨᠢᠭᠡ ᠲᠠᠯ᠎ᠠ ᠪᠠᠷ ᠭᠠᠯ ᠨᠣᠴᠣᠭᠠᠵᠤ ᠨᠢᠭᠡ ᠲᠠᠯ᠎ᠠ ᠪᠠᠷ ᠭᠤᠯᠢᠷ  ᠢᠶᠠᠨ ᠠᠰᠬᠠᠬᠤ  ᠳᠤ᠂ ᠭᠠᠯ  ᠤᠨ ᠣᠴᠢ ᠬᠤᠷᠣᠮᠬᠠᠨ ᠵᠠᠭᠤᠷ᠎ᠠ ᠲᠦᠷᠡᠯᠵᠡᠪᠡ᠃ ᠭᠤᠯᠢᠷ ᠪᠣᠯ ᠲᠦᠢᠯ ᠤᠨ ᠨᠠᠷᠢᠨ ᠵᠢᠵᠢᠭ ᠲᠣᠭᠤᠰᠣᠨ ᠮᠥᠬᠦᠯᠢᠭ ᠪᠠᠶᠢᠵᠤ᠂ ᠴᠢᠳᠬᠤᠬᠤ ᠦᠶ᠎ᠡ ᠳᠤ ᠠᠭᠠᠷ ᠳᠣᠲᠣᠷ᠎ᠠ ᠲᠠᠷᠬᠠᠵᠤ ᠵᠣᠬᠢᠬᠤ ᠥᠳᠬᠡᠴᠡ ᠳᠤ ᠬᠦᠷᠪᠡᠯ ᠶᠠᠯᠢᠮ ᠦᠬᠡᠢ ᠥᠴᠦᠬᠡᠨ ᠭᠠᠯ ᠲᠠᠢ ᠵᠤᠯᠭᠠᠮᠠᠭᠴᠠ ᠲᠡᠯᠪᠡᠷᠡᠬᠦ ᠠᠶᠤᠯ ᠲᠠᠢ᠃ ᠡᠶᠢᠮᠦ ᠠᠴᠠ ᠲᠣᠭᠤᠭᠠᠨ ᠭᠡᠷ ᠲᠤ ᠢᠯᠡ ᠭᠠᠯ  ᠤᠨ ᠲᠡᠷᠭᠡᠳᠡ ᠭᠤᠯᠢᠷ ᠴᠢᠳᠬᠤᠵᠤ ᠪᠤᠯᠬᠤ ᠦᠬᠡᠢ ᠭᠡᠳᠡᠭ ᠢ ᠴᠡᠭᠡᠵᠢᠯᠡᠵᠤ ᠠᠪᠤᠭᠠᠷᠠᠢ᠃      ᠬᠤᠶᠠᠷ ᠲᠤ᠂ ᠬᠦᠯᠳᠡᠭᠡᠭᠰᠡᠨ ᠢᠳᠡᠭᠡᠨ ᠢ ᠰᠢᠭᠤᠳ ᠲᠣᠰᠣ ᠲᠠᠢ ᠲᠣᠭᠤᠭᠠᠨ ᠳᠤ ᠬᠢᠬᠦ᠃ ᠰᠦᠵᠧᠦ ᠶᠢᠨ ᠨᠢᠭᠡᠨ ᠬᠤᠲᠠ ᠶᠢᠨ ᠠᠷᠠᠳ ᠪᠠᠩᠰᠢ ᠬᠠᠭᠠᠷᠢᠬᠤ ᠪᠠᠷ ᠶᠠᠭᠠᠷᠠᠵᠤ᠂ ᠲᠦᠷᠭᠡᠨ ᠬᠦᠯᠳᠡᠭᠡᠭᠰᠡᠨ ᠪᠠᠩᠰᠢ ᠶᠢ ᠭᠡᠰᠬᠡᠭᠦ  ᠠᠴᠠ ᠡᠮᠦᠨ᠎ᠡ ᠲᠤᠰᠤ ᠲᠠᠢ ᠲᠤᠭᠤᠭᠠᠨ ᠳᠤ ᠬᠢᠭᠰᠡᠨ ᠳᠤ᠂ ᠲᠣᠰᠤ ᠦᠰᠦᠷᠦᠭᠡᠳ ᠭᠠᠷ ᠢ ᠨᠢ ᠲᠦᠯᠡᠨ ᠰᠢᠷᠠᠭᠲᠠᠭᠤᠯᠵᠤ᠂ ᠬᠡᠳᠦᠨ ᠡᠳᠦᠷ ᠤᠨ ᠡᠮᠴᠢᠯᠡᠭᠡ ᠠᠪᠤᠭᠰᠠᠨ ᠪᠠᠶᠢᠨ᠎ᠠ᠃ ᠠᠮᠧᠷᠢᠺᠠ ᠶᠢᠨ ᠬᠡᠷᠡᠭᠯᠡᠭᠡᠨ ᠤ ᠪᠦᠲᠦᠭᠡᠭ᠌ᠳᠡᠬᠦᠨ ᠤ ᠠᠮᠤᠷ ᠲᠦᠪᠰᠢᠨ ᠤ ᠵᠥᠪᠯᠡᠯ ᠳᠠᠭᠤᠷᠢᠶᠠᠮᠠᠯ ᠲᠤᠷᠰᠢᠯᠲᠠ ᠬᠢᠵᠦ᠂ ᠨᠢᠭᠡ  ᠬᠦᠯᠳᠡᠭᠡᠭᠰᠡᠨ ᠴᠠᠴᠤᠭ᠍ᠲᠤ ᠬᠢᠷᠭᠤᠤᠯ ᠢ ᠬᠠᠯᠠᠭᠤᠨ ᠲᠣᠰᠣᠨ ᠲᠣᠭᠤᠭᠠᠨ ᠳᠤ ᠬᠢᠭᠰᠡᠨ ᠳᠤ᠂ ᠬᠤᠷᠤᠮᠬᠠᠨ ᠵᠠᠭᠤᠷ᠎ᠠ ᠶᠡᠭᠡ ᠭᠠᠯ ᠭᠠᠷᠴᠦ ᠲᠤᠷᠰᠢᠯᠳᠠ ᠶᠢᠨ ᠳᠠᠭᠤᠷᠢᠶᠠᠮᠠᠯ ᠪᠠᠶᠢᠰᠢᠩ ᠢ ᠬᠤᠪᠬᠤ ᠰᠢᠳᠠᠭᠠᠵᠠᠢ᠃ ᠬᠥᠯᠳᠡᠬᠡᠭᠰᠡᠨ ᠢᠳᠡᠭᠡᠨ ᠢ ᠰᠢᠭᠤᠳ ᠬᠠᠯᠠᠭᠤᠨ ᠲᠤᠰᠤᠨ ᠲᠣᠭᠤᠭᠠᠨ ᠳᠤ ᠬᠢᠪᠡᠯ᠂ ᠢᠳᠡᠭᠡᠨ ᠤ ᠭᠠᠳᠠᠷ ᠳᠠᠪᠬᠤᠷᠭ᠎ᠠ ᠶᠢᠨ ᠮᠥᠰᠥ ᠮᠠᠰᠢ ᠲᠦᠷᠭᠡᠨ ᠢᠶᠠᠷ ᠤᠰᠤᠨ ᠠᠭᠤᠷ ᠪᠣᠯᠤᠨ ᠬᠤᠪᠢᠷᠠᠵᠤ᠂ ᠲᠤᠰᠤᠨ ᠲᠣᠭᠤᠭ᠎ᠠ ᠳᠣᠣᠷ᠎ᠠ ᠪᠠᠨ ᠪᠤᠴᠠᠯᠵᠤ᠂ ᠲᠣᠭᠤᠭᠠᠨ ᠳᠣᠲᠣᠷᠠᠬᠢ ᠢᠳᠡᠭᠡᠨ ᠳᠡᠯᠪᠡᠷᠡᠭᠡᠳ ᠬᠥᠮᠦᠨ ᠶᠢ ᠰᠢᠷᠬᠠᠲᠤᠭᠤᠯᠬᠤ ᠪᠠᠷ ᠪᠠᠷᠠᠬᠤ ᠦᠭᠡᠢ ᠪᠤᠴᠠᠯᠤᠭᠰᠠᠨ ᠲᠤᠰᠤ ᠪᠢᠯᠬᠠᠷᠠᠨ ᠭᠠᠷᠴᠤ ᠢᠷᠡᠭᠡᠳ ᠰᠢᠲᠠᠮᠠᠬᠠᠢ ᠬᠡᠢ ᠶᠢᠨ ᠵᠤᠤᠬᠠᠨ ᠳᠡᠭᠡᠷ᠎ᠡ ᠲᠤᠰᠪᠠᠯ ᠭᠠᠯ ᠭᠠᠷᠬᠤ ᠠᠶᠤᠯ ᠲᠠᠢ᠃ ᠡᠶᠢᠮᠦ ᠠᠴᠠ ᠬᠦᠯᠳᠡᠭᠡᠭᠰᠡᠨ ᠢᠳᠡᠭᠡᠨ ᠢ ᠵᠠᠪᠠᠯ ᠭᠡᠰᠭᠡᠭᠰᠡᠨ ᠤ ᠳᠠᠷᠠᠭ᠎ᠠ ᠰᠠᠶ᠋ᠢ ᠲᠣᠰᠣᠨ ᠲᠣᠭᠤᠭᠠᠨ ᠳᠤ ᠬᠢᠵᠤ ᠪᠤᠯᠳᠠᠭ ᠶᠢ ᠴᠡᠭᠡᠵᠢᠯᠡᠬᠦ ᠬᠡᠷᠡᠭᠳᠡᠢ᠃      ᠭᠤᠷᠪᠠ ᠳᠤ᠂ ᠪᠢᠴᠢᠯ ᠳᠣᠯᠭᠢᠶᠠᠨ ᠤ ᠵᠤᠤᠬ᠎ᠠ ᠳᠤ ᠥᠨᠳᠡᠭᠡ ᠴᠢᠨᠠᠬᠤ᠃ ᠦᠬᠠᠨ ᠤ ᠵᠦ ᠠᠪᠤᠭᠠᠶ ᠰᠦᠯᠢᠶᠣᠣ ᠠᠶᠠᠭᠠᠨ ᠳᠤ ᠳᠦᠭᠦᠷᠲᠡᠯ᠎ᠡ ᠤᠰᠤ ᠬᠢᠵᠦ ᠲᠠᠬᠢᠶᠠᠨ ᠥᠨᠳᠡᠭᠡ ᠶᠢ ᠠᠶᠠᠭᠠᠨ ᠳᠤ ᠬᠢᠵᠦ᠂ ᠪᠢᠴᠢᠯ ᠳᠣᠯᠭᠢᠶᠠᠨ ᠤ ᠵᠤᠤᠬ᠎ᠠ ᠪᠠᠷ ᠬᠠᠯᠠᠭᠠᠵᠤ᠂ ᠬᠤᠶᠠᠷ ᠮᠢᠨᠦ᠋ᠲ  ᠤᠨ ᠳᠠᠷᠠᠭ᠎ᠠ ᠪᠢᠴᠢᠯ ᠳᠣᠯᠭᠢᠶᠠᠨ ᠤ ᠵᠤᠤᠬ᠎ᠠ ᠶᠢ ᠨᠡᠭᠡᠭᠡᠭᠰᠡᠨ ᠳᠤ ᠲᠠᠬᠢᠶᠠᠨ ᠥᠨᠳᠡᠭᠡ ᠳᠡᠯᠪᠡᠷᠡᠵᠦ᠂ ᠬᠠᠭᠠᠷᠠᠭᠰᠠᠨ ᠪᠣᠳᠠᠰ ᠭᠠᠵᠠᠷ ᠰᠠᠢ ᠦᠭᠡᠢ ᠪᠤᠳᠠᠷᠠᠵᠠᠢ᠃ ᠵᠦ ᠠᠪᠤᠭᠠᠢ ᠴᠦ ᠶᠠᠭ ᠪᠢᠴᠢᠯ ᠳᠣᠯᠭᠢᠶᠠᠨ ᠤ ᠵᠤᠤᠬ᠎ᠠ ᠦᠭᠡᠳᠡ ᠬᠠᠨᠳᠤᠵᠤ ᠪᠠᠶᠢᠭᠰᠠᠨ ᠠᠴᠠ ᠬᠤᠶᠠᠷ ᠨᠢᠳᠦᠨ ᠤ ᠠᠨᠢᠰᠬ᠎ᠠ ᠪᠠ ᠨᠢᠳᠦᠨ ᠴᠡᠴᠡᠭᠡᠶ ᠨᠢ ᠳᠡᠯᠪᠡᠷᠡᠵᠦ᠂ ᠬᠠᠷᠠᠭ᠎ᠠ ᠪᠠᠨ ᠠᠯᠳᠠᠭᠰᠠᠨ ᠬᠠᠷᠠᠰᠠᠯᠳᠦ ᠬᠡᠷᠡᠭ ᠭᠠᠷᠴᠠᠢ᠃ ᠲᠡᠭᠡᠪᠡᠯ ᠶᠠᠭᠠᠬᠢᠭᠠᠳ ᠲᠦᠭᠦᠬᠡᠶ ᠥᠨᠳᠡᠭᠡ ᠶᠢ ᠪᠢᠴᠢᠯ ᠳᠣᠯᠭᠢᠶᠠᠨ  ᠤ ᠵᠤᠤᠬ᠎ᠠ ᠳᠤ ᠬᠢᠵᠦ ᠴᠢᠨᠠᠵᠤ ᠪᠣᠯᠬᠤ ᠥᠬᠡᠶ ᠪᠣᠶ︖ ᠤᠴᠢᠷ ᠨᠢ ᠪᠢᠳᠡ ᠶᠡᠷᠦ ᠲᠡᠭᠡᠨ ᠲᠠᠬᠢᠶᠠᠨ ᠥᠨᠳᠡᠭᠡ ᠴᠢᠨᠠᠵᠤ ᠪᠠᠶᠢᠬᠤ ᠦᠶ᠎ᠡ ᠳᠤ ᠢᠯᠴᠢ ᠶᠢᠨ ᠬᠡᠮᠵᠢᠶ᠎ᠡ ᠨᠢ ᠭᠠᠳᠠᠨ᠎ᠠ ᠠᠴᠠ ᠳᠣᠲᠣᠭ᠍ᠰᠢ ᠳᠠᠮᠵᠢᠳᠠᠭ᠂ ᠪᠢᠴᠢᠯ ᠳᠣᠯᠭᠢᠶᠠᠨ ᠤ ᠵᠤᠤᠬ᠎ᠠ ᠪᠠᠷ ᠴᠢᠨᠠᠭᠰᠠᠨ ᠲᠠᠬᠢᠶᠠᠨ ᠥᠨᠳᠡᠭᠡ ᠬᠠᠷᠢᠨ ᠶᠠᠭ ᠡᠰᠡᠷᠭᠦ ᠪᠠᠶᠢᠵᠤ᠂ ᠲᠠᠬᠢᠶᠠᠨ ᠥᠨᠳᠡᠭᠡᠨ ᠤ ᠳᠣᠲᠣᠭᠠᠳᠤ ᠠᠴᠠ ᠬᠠᠯᠠᠭᠠᠨ ᠲᠡᠯᠡᠬᠦ ᠦᠶ᠎ᠡ ᠳᠤ᠂ ᠬᠠᠯᠢᠰᠤ ᠨᠢ ᠬᠡᠶ ᠪᠡᠶᠡᠲᠦ ᠶᠢᠨ ᠲᠡᠯᠡᠯᠲᠡ ᠶᠢ ᠬᠠᠷᠰᠢᠯᠠᠵᠤ ᠳᠡᠯᠪᠡᠷᠡᠯᠲᠡ ᠡᠭᠦᠰᠳᠡᠭ᠃ ᠬᠠᠲᠠᠭᠤ ᠬᠠᠯᠢᠰᠤ ᠲᠠᠢ ᠪᠤᠶᠤ ᠬᠠᠯᠢᠰᠤ ᠲᠠᠢ ᠨᠢᠭᠲᠠ ᠪ᠊ ᠪᠢᠲᠡᠭᠦᠮᠵᠢᠯᠡᠭᠰᠡᠨ ᠢᠳᠡᠭᠡᠨ  ᠢ ᠡᠷᠬᠡᠪᠰᠢ ᠵᠠᠳᠠᠯᠵᠤ ᠨᠡᠭᠡᠭᠡᠭᠰᠡᠨ ᠤ ᠲᠠᠷᠠᠭ᠎ᠠ ᠰᠠᠶ᠋ᠢ ᠪᠢᠴᠢᠯ ᠳᠣᠯᠭᠢᠶᠠᠨ ᠤ ᠵᠤᠤᠬ᠎ᠠ ᠪᠠᠷ ᠪᠣᠯᠪᠠᠰᠤᠷᠠᠭᠤᠯᠵᠤ ᠪᠣᠯᠤᠨ᠎ᠠ᠃ ᠲᠤᠰᠬᠠᠶ ᠮᠡᠷᠭᠡᠵᠢᠯᠲᠡᠨ  ᠤ ᠰᠠᠨᠠᠭᠤᠯᠤᠭᠰᠠᠨ ᠢᠶᠠᠷ᠂ ᠲᠠᠬᠢᠶᠠᠨ ᠥᠨᠳᠡᠭᠡ ᠶᠢ ᠬᠠᠮᠤᠭ ᠤᠨ ᠰᠠᠶᠢᠨ ᠨᠢ ᠪᠢᠴᠢᠯ ᠳᠣᠯᠭᠢᠶᠠᠨ ᠤ ᠵᠤᠤᠬ᠎ᠠ ᠪᠠᠷ ᠴᠢᠨᠠᠬᠤ ᠥᠬᠡᠶ ᠪᠠᠶᠢᠪᠠᠯ ᠵᠣᠬᠢᠨ᠎ᠠ᠂ ᠬᠡᠷᠪᠡ ᠵᠠᠪᠠᠯ ᠭ᠊ ᠬᠡᠷᠡᠭᠯᠡᠬᠦ ᠭᠡᠪᠡᠯ᠂ ᠤᠷᠢᠳ ᠢᠶᠠᠷ ᠬᠠᠯᠢᠰᠤ ᠶᠢ ᠨᠢ ᠠᠪᠴᠤ ᠰᠠᠪᠠᠨ ᠳᠤ ᠬᠢᠵᠦ ᠬᠠᠭᠠᠯᠤᠭᠠᠳ᠂ ᠥᠨᠳᠡᠭᠡᠨ ᠤ ᠡᠭᠡᠳᠡᠩ ᠰᠢᠭ ᠬᠢᠬᠦ ᠬᠡᠷᠡᠭᠳᠡᠢ᠃     ᠳᠥᠷᠪᠡ ᠳᠤ᠂ ᠭᠠᠯ ᠨᠤᠴᠤᠭᠠᠵᠤ ᠬᠤᠭᠤᠯᠠ ᠬᠢᠬᠦ ᠦᠶ᠎ᠡ ᠳᠤ ᠬᠤᠷᠣᠬᠠᠶ ᠠᠯᠠᠬᠤ ᠡᠮ ᠰᠦᠷᠴᠢᠬᠦ᠃ ᠨᠢᠭᠡ ᠡᠵᠡᠭᠲᠡᠢ ᠪᠤᠳᠠᠭ᠎ᠠ ᠴᠢᠨᠠᠬᠤ ᠬᠡᠳ ᠨᠡᠭᠦᠷᠡᠰᠦᠨ ᠬᠡᠶ ᠶᠢᠨ ᠵᠤᠤᠬ᠎ᠠ ᠶᠢᠨ ᠳᠤᠤᠷ᠎ᠠ ᠨᠢ ᠬᠤᠷᠤᠬᠠᠢ ᠪᠠᠶᠢᠬᠤ ᠶᠢ ᠣᠯᠵᠤ ᠬᠠᠷᠠᠵᠠᠢ᠂ ᠲᠡᠷᠡ ᠭᠠᠷ  ᠤᠨ ᠠᠶ᠎ᠠ ᠪᠠᠷ ᠬᠤᠷᠣᠬᠠᠶ ᠠᠯᠠᠬᠤ ᠡᠮ ᠢᠶᠠᠨ ᠠᠪᠴᠦ ᠭᠠᠯ ᠨᠣᠴᠣᠵᠤ ᠪᠠᠶᠢᠭ᠎ᠠ ᠨᠡᠭᠦᠷᠡᠰᠦᠨ ᠬᠡᠶ ᠶᠢᠨ ᠵᠤᠤᠬ᠎ᠠ ᠵᠦᠭ ᠰᠦᠷᠴᠢᠭᠰᠡᠨ ᠳᠤ ᠳᠡᠯᠪᠡᠷᠡᠯᠲᠡ ᠡᠭᠦᠰᠴᠦ᠂ ᠲᠣᠭᠤᠭᠠᠨ ᠬᠡᠷ ᠨᠢ ᠲᠡᠷᠡ ᠲᠤᠤᠷ᠎ᠠ ᠪᠠᠨ ᠶᠡᠭᠡ ᠭᠠᠯ ᠠᠪᠤᠯᠴᠠᠵᠤ᠂ ᠡᠵᠡᠭᠲᠡᠢ ᠶᠢᠨ ᠪᠦᠬᠦ ᠪᠡᠶ᠎ᠡ ᠶᠢᠨ 85% ᠨᠢ ᠲᠦᠯᠡᠭᠳᠡᠨ ᠰᠢᠷᠬᠠᠲᠤᠪᠠ᠃ ᠠᠯᠢᠪᠠ ᠬᠤᠷᠣᠬᠠᠶ ᠠᠯᠠᠬᠤ ᠰᠦᠷᠴᠢᠭᠦᠷ ᠨᠢ ᠴᠥᠮ ᠳᠡᠭᠡᠳᠦ ᠬᠡᠮᠵᠢᠶᠡᠨ ᠤ ᠳᠡᠭᠳᠡᠮᠡᠬᠡᠢ ᠴᠢᠨᠠᠷ ᠪᠠ ᠠᠭᠤᠰᠬᠠᠭᠴᠢ  ᠲᠠᠢ ᠪᠠᠶᠢᠵᠤ᠂ ᠰᠦᠷᠴᠢᠨ  ᠭᠠᠷᠭᠠᠭᠰᠠᠨ ᠮᠥᠬᠦᠯᠢᠭ  ᠤᠨ ᠲᠠᠷᠬᠠᠯᠲᠠ ᠨᠢ ᠲᠦᠢᠯ  ᠤᠨ ᠲᠦᠷᠭᠡᠨ ᠪᠠᠶᠢᠳᠠᠭ ᠠᠴᠠ᠂ ᠦᠴᠦᠬᠡᠨ ᠲᠡᠳᠦᠢ ᠭᠠᠯ ᠪᠠᠶᠢᠪᠠᠯ ᠬᠦᠴᠢᠯᠳᠦᠷᠦᠭᠴᠢ ᠠᠭᠤᠯᠤᠭᠰᠠᠨ ᠠᠭᠠᠷ ᠳᠣᠲᠣᠷ᠎ᠠ ᠲᠤᠤᠷ᠎ᠠ ᠪᠠᠨ ᠨᠣᠴᠣᠳᠠᠭ᠃ ᠡᠨᠡ ᠬᠦ ᠳᠡᠯᠪᠡᠷᠡᠯᠲᠡ ᠶᠢᠨ ᠴᠢᠨᠠᠷᠲᠠᠶ ᠬᠤᠯᠢᠮᠠᠭ ᠪᠣᠳᠠᠰ ᠨᠢ ᠢᠯᠡ ᠭᠠᠯ ᠪᠤᠶᠤ ᠥᠨᠳᠥᠷ ᠳᠤᠯᠠᠭᠠᠨ ᠲᠠᠢ ᠤᠴᠠᠷᠠᠪᠠᠯ ᠴᠥᠮ ᠮᠠᠰᠢ ᠠᠮᠠᠷᠬᠠᠨ ᠳᠡᠯᠪᠡᠷᠡᠯᠲᠡ ᠡᠭᠦᠰᠳᠡᠭ᠃ ᠭᠠᠯ ᠨᠣᠴᠤᠵᠤ ᠪᠠᠶᠢᠬᠤ ᠦᠶᠡᠰ ᠬᠤᠷᠣᠬᠠᠶ ᠠᠯᠠᠬᠤ ᠡᠮ ᠰᠦᠷᠴᠢᠵᠤ ᠤᠭᠳᠦ ᠪᠤᠯᠬᠤ ᠦᠬᠡᠢ᠃      ᠲᠠᠪᠤ ᠳᠤ᠂ ᠪᠤᠴᠠᠯᠭᠠᠭᠰᠠᠨ ᠱᠥᠯᠥ ᠪᠠᠨ ᠬᠠᠷᠠᠬᠤ ᠬᠥᠮᠦᠨ ᠦᠭᠡᠢ ᠭᠡᠷ ᠠᠴᠠ ᠭᠠᠷᠬᠤ᠃ ᠬᠤᠪᠧᠶ ᠶᠢᠨ ᠨᠢᠭᠡ ᠡᠮᠡᠭᠲᠡᠢ ᠵᠥᠭᠡᠯᠡᠨ ᠭᠠᠯ ᠢᠶᠠᠷ ᠵᠤᠤᠬᠠᠨ ᠳᠡᠭᠡᠷ᠎ᠡ ᠪᠠᠨ ᠱᠥᠯᠥ ᠪᠤᠴᠠᠯᠭᠠᠵᠤ᠂ ᠦᠪᠡᠷ ᠢᠶᠠᠨ ᠬᠠᠷᠢᠨ ᠭᠠᠳᠡᠭᠰᠢ ᠤᠴᠢᠷ ᠲᠠᠢ ᠭᠠᠷᠴᠠᠢ᠃ ᠬᠡᠳᠦᠨ ᠴᠠᠭ ᠤᠨ ᠳᠣᠲᠣᠷ᠎ᠠ ᠱᠥᠯᠥ ᠨᠢ ᠰᠢᠷᠭᠢᠵᠦ᠂ ᠲᠣᠭᠤᠭ᠎ᠠ ᠨᠢ ᠴᠤᠭᠤᠷᠠᠭᠠᠳ᠂ ᠲᠤᠰᠤᠨ ᠤᠲᠤᠭ᠎ᠠ ᠰᠣᠷᠣᠬᠤ ᠮᠠᠰᠢᠨ᠂ ᠨᠡᠭᠦᠷᠡᠰᠦᠨ ᠬᠡᠢ ᠶᠢᠨ ᠵᠤᠤᠬ᠎ᠠ ᠨᠢ ᠴᠥᠮ ᠰᠢᠲᠠᠭᠳᠠᠵᠤ᠂ ᠰᠢᠯ ᠨᠢ ᠭᠠᠵᠠᠷ ᠰᠠᠢ ᠦᠭᠡᠢ ᠬᠡᠮᠬᠡᠷᠡᠵᠡᠢ᠃ ᠠᠵᠠ ᠪᠠᠷ ᠵᠠᠮ ᠢᠶᠠᠷ ᠦᠩᠭᠡᠷᠡᠬᠦ ᠠᠷᠢᠭᠤᠨ ᠴᠡᠪᠡᠷ ᠤᠨ ᠠᠵᠢᠯᠴᠢᠨ ᠭᠠᠯ ᠢ ᠪᠠᠴᠢᠮ ᠤᠨᠲᠠᠭᠠᠷᠠᠭᠰᠠᠨ ᠢᠶᠠᠷ ᠶᠡᠭᠡ ᠭᠠᠯ ᠤᠨ ᠠᠶᠤᠯ ᠪᠤᠯᠤᠭᠰᠠᠨ ᠦᠬᠡᠢ᠃ ᠭᠡᠷ ᠠᠴᠠ ᠭᠠᠷᠬᠤ ᠲᠠᠭᠠᠨ ᠭᠠᠯ ᠢᠶᠠᠨ ᠵᠠᠪᠠᠯ ᠲᠠᠷᠤᠵᠤ᠂ ᠭᠡᠷ ᠲᠤ ᠬᠥᠮᠦᠨ ᠦᠭᠡᠢ ᠦᠶᠡᠰ ᠰᠢᠲᠠᠮᠠᠬᠠᠶ ᠬᠡᠢ ᠶᠢᠨ ᠵᠤᠤᠬ᠎ᠠ ᠪᠠᠨ ᠬᠠᠭᠠᠬᠤ ᠬᠡᠷᠡᠭᠳᠡᠢ᠃       ᠵᠢᠷᠭᠤᠭ᠎ᠠ ᠳᠤ᠂ ᠥᠨᠳᠥᠷ ᠳᠠᠷᠤᠯᠲᠠᠲᠤ ᠲᠣᠭᠤᠭᠠᠨ ᠳᠤ ᠰᠢᠩᠭᠡᠨ ᠪᠤᠳᠠᠭ᠎ᠠ ᠴᠢᠨᠠᠬᠤ᠃ ᠱᠠᠨᠳᠦ᠋ᠩ ᠤᠨ ᠨᠢᠭᠡᠨ ᠡᠮᠡᠭᠲᠡᠢ ᠥᠨᠳᠥᠷ ᠳᠠᠷᠤᠯᠲᠠᠲᠤ ᠲᠣᠭᠤᠭ᠎ᠠ ᠪᠠᠷ ᠰᠢᠩᠭᠡᠨ ᠪᠤᠳᠠᠭ᠎ᠠ ᠴᠢᠨᠠᠭᠠᠳ ᠬᠡᠶ ᠭᠠᠷᠭᠠᠬᠤ ᠨᠡᠭᠡᠭᠡᠯᠭᠡ ᠨᠢ ᠪᠤᠳᠠᠭᠠᠨ ᠤ ᠮᠦᠬᠦᠯᠢᠭ ᠲᠤ ᠪᠦᠭᠯᠡᠭᠳᠡᠭᠰᠡᠨ ᠳᠤ᠂ ᠲᠡᠷᠡ ᠭᠠᠷ  ᠢᠶᠠᠷ ᠬᠡᠶ ᠭᠠᠷᠭᠠᠬᠤ ᠶᠠᠪᠤᠴᠠ ᠳᠤ ᠥᠨᠳᠥᠷ ᠳᠠᠷᠤᠯᠲᠠᠲᠤ ᠲᠣᠭᠤᠭ᠎ᠠ ᠨᠢ ᠳᠡᠯᠪᠡᠷᠡᠵᠦ᠂ ᠨᠢᠭᠤᠷ ᠪᠠ ᠴᠡᠭᠡᠵᠢ ᠨᠢ ᠲᠦᠯᠡᠭᠳᠡᠨ ᠰᠢᠷᠬᠠᠲᠤᠵᠤ᠂ ᠪᠠᠴᠢᠮ ᠲᠦᠷᠭᠡᠨ ᠢᠶᠠᠷ ᠡᠮᠨᠡᠯᠭᠡ ᠳᠤ ᠬᠦᠷᠭᠡᠵᠦ ᠡᠮᠨᠡᠭᠦᠯᠪᠡ᠃ ᠥᠨᠳᠥᠷ ᠳᠠᠷᠤᠯᠲᠠᠲᠤ ᠲᠣᠭᠤᠭ᠎ᠠ ᠪᠠᠷ ᠪᠤᠷᠴᠠᠭ ᠤᠨ ᠲᠥᠷᠥᠯ᠂ ᠰᠢᠩᠭᠡᠨ ᠪᠤᠳᠠᠭ᠎ᠠ ᠴᠢᠨᠠᠵᠤ ᠪᠣᠯᠬᠤ ᠥᠬᠡᠶ᠂ ᠪᠠᠰᠠ ᠲᠥᠪ ᠨᠦᠬᠡ ᠵᠢᠴᠢ ᠠᠮᠤᠷ ᠲᠦᠪᠰᠢᠨ ᠤ ᠨᠡᠭᠡᠭᠡᠯᠬᠡ ᠶᠢᠨ ᠬᠡᠶ ᠳᠠᠮᠵᠢᠭᠤᠯᠬᠤ ᠰᠦᠪᠡ ᠶᠢ ᠠᠮᠠᠷᠬᠠᠨ ᠪᠦᠭᠯᠡᠬᠦ ᠢᠳᠡᠭᠡᠨ ᠬᠢᠵᠤ ᠪᠣᠯᠬᠤ ᠥᠬᠡᠶ᠃ ᠥᠨᠳᠥᠷ ᠳᠠᠷᠤᠯᠲᠠᠲᠤ ᠲᠣᠭᠤᠭ᠎ᠠ ᠶᠢ ᠬᠤᠭᠤᠴᠠᠭ᠎ᠠ ᠬᠡᠲᠦᠷᠡᠭᠦᠯᠦᠨ ᠬᠡᠷᠡᠭᠯᠡᠵᠦ ᠪᠣᠯᠬᠤ ᠥᠬᠡᠶ᠂ ᠨᠢᠭᠲᠠ  ᠪᠢᠲᠡᠭᠦᠮᠵᠢᠯᠡᠭᠰᠡᠨ ᠭᠤᠮ ᠴᠠᠭᠠᠷᠢᠭ ᠢ ᠬᠤᠶᠠᠷ ᠵᠢᠯ ᠠᠴᠠ ᠲᠡᠭᠡᠭᠰᠢ ᠬᠡᠷᠡᠭᠯᠡᠵᠤ ᠪᠣᠯᠬᠤ ᠥᠬᠡᠶ ᠪᠠᠶᠢᠵᠤ᠂ ᠲᠣᠭᠲᠠᠮᠠᠯ ᠬᠤᠭᠤᠴᠠᠭ᠎ᠠ  ᠲᠠᠢ ᠪᠠᠷ ᠪᠠᠶᠢᠴᠠᠭᠠᠬᠤ ᠪᠠ ᠰᠣᠯᠢᠬᠤ  ᠬᠡᠷᠡᠭᠲᠡᠢ᠃     ᠳᠣᠯᠤᠭ᠎ᠠ ᠳᠤ᠂ ᠰᠢᠲᠠᠮᠠᠬᠠᠶ ᠬᠡᠢ ᠯᠡᠪᠡᠷᠡᠬᠦ ᠶᠢ ᠦᠯᠦ ᠠᠩᠵᠠᠭᠠᠷᠠᠵᠤ ᠮᠡᠳᠡᠬᠦ᠃ ᠵᠧᠵᠢᠶᠠᠩ  ᠤᠨ ᠨᠢᠭᠡᠨ ᠨᠠᠰᠤᠲᠠᠨ ᠲᠣᠭᠤᠭᠠᠨ ᠭᠡᠷ ᠲᠡᠭᠡᠨ ᠶᠠᠭᠤᠮ᠎ᠠ ᠬᠡᠦᠮ᠎ᠡ ᠪᠠᠨ ᠲᠢᠭ᠌ᠯᠡᠵᠦ ᠪᠠᠶᠢᠲᠠᠯ᠎ᠠ ᠭᠠᠯ ᠨᠤᠴᠤᠭᠠᠭᠰᠠᠨ ᠦᠭᠡᠢ ᠪᠠᠷ ᠭᠡᠨᠡᠳᠲᠡ ᠫᠠᠩ ᠭᠡᠬᠦ ᠲᠠᠭᠤ ᠭᠠᠷᠴᠦ᠂ ᠡᠮᠦᠰᠴᠦ ᠪᠠᠶᠢᠭᠰᠠᠨ ᠥᠳᠥᠨ ᠬᠤᠪᠴᠠᠰᠤ ᠨᠢ ᠳᠡᠯᠪᠡᠷᠡᠵᠦ᠂ ᠬᠤᠪᠴᠠᠰᠤᠨ ᠤ ᠠᠷᠤ ᠡᠩᠭᠡᠷ ᠲᠠᠯ᠎ᠠ ᠲᠤᠨᠢ ᠬᠡᠳᠦ ᠬᠡᠳᠦᠨ ᠨᠦᠬᠡ ᠭᠠᠷᠴᠠᠢ᠃ ᠭᠠᠯ ᠰᠡᠷᠭᠡᠶᠢᠯᠡᠯᠲᠡ ᠶᠢᠨ ᠠᠵᠢᠯᠲᠠᠨ ᠤ ᠲᠠᠶᠢᠯᠪᠤᠷᠢᠯᠡᠭᠰᠠᠨ ᠢᠶᠠᠷ᠂ ᠨᠡᠭᠦᠷᠡᠰᠦᠨ ᠬᠡᠶ ᠶᠢᠨ ᠯᠡᠪᠡᠷᠡᠯᠲᠡ ᠨᠢ ᠵᠣᠬᠢᠬᠤ ᠥᠳᠬᠡᠴᠡ ᠳᠤ  ᠬᠦᠷᠦᠭᠰᠡᠨ ᠠᠴᠠ ᠪᠣᠯᠵᠣ ᠥᠲᠥᠨ ᠬᠤᠪᠴᠠᠰᠤ ᠨᠢ ᠲᠠᠶᠢᠪᠤᠩ ᠴᠠᠬᠢᠯᠭᠠᠨ ᠡᠭᠦᠰᠴᠦ ᠳᠡᠯᠪᠡᠷᠡᠯᠳᠡ ᠡᠬᠦᠰᠦᠭᠰᠡᠨ ᠪᠠᠶᠢᠨ᠎ᠠ᠃ ᠡᠪᠦᠯ ᠤᠨ ᠤᠯᠠᠷᠢᠯ ᠳᠤ ᠠᠭᠤᠷ ᠠᠮᠢᠰᠬᠤᠯ ᠬᠠᠭᠤᠷᠠᠶ ᠠᠴᠠ ᠪᠤᠯᠵᠤ᠂ ᠣᠯᠠᠩᠬᠢ ᠬᠤᠪᠴᠠᠰᠤ ᠬᠤᠨᠠᠷ  ᠲᠤ ᠲᠠᠶᠢᠪᠤᠩ ᠴᠠᠬᠢᠯᠭᠠᠨ ᠡᠭᠦᠰᠳᠡᠭ ᠠᠴᠠ ᠬᠡᠷᠪᠡ ᠨᠡᠭᠦᠷᠡᠰᠦᠨ ᠬᠡᠢ ᠯᠡᠪᠡᠷᠡᠪᠡᠯ ᠠᠮᠠᠷᠬᠠᠨ ᠳᠡᠯᠪᠡᠷᠡᠯᠲᠡ ᠡᠭᠦᠰᠳᠡᠭ᠃ ᠰᠢᠲᠠᠮᠠᠬᠠᠶ ᠬᠡᠶ ᠶᠢ ᠬᠡᠷᠡᠭᠯᠡᠭᠰᠡᠨ ᠤ ᠲᠠᠷᠠᠭ᠎ᠠ᠂ ᠴᠠᠭ ᠲᠤᠬᠠᠶ ᠲᠤᠨᠢ ᠴᠢᠩᠭ᠎ᠠ ᠬᠠᠭᠠᠵᠤ᠂ ᠵᠤᠤᠬᠠᠨ ᠳᠤ ᠵᠠᠯᠭᠠᠭᠰᠠᠨ ᠰᠢᠲᠠᠮᠠᠬᠠᠶ ᠬᠡᠶ ᠶᠢᠨ ᠲᠤᠰᠬᠠᠶ ᠭᠤᠮ ᠬᠤᠭᠤᠯᠠᠶ ᠶᠢ ᠴᠤ ᠴᠠᠭ ᠲᠤᠬᠠᠶ ᠲᠤᠨᠢ ᠰᠣᠯᠢᠬᠤ ᠬᠡᠷᠡᠭᠲᠡᠢ᠃ᠢᠷᠡᠯᠳᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡᠳᠡᠪᠰᠢᠭᠦᠯᠦᠭᠴᠢ᠄ ᠬᠠᠶᠢᠷ᠎ᠠ
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2