ᠡᠶᠢᠮᠣᠷᠬᠦ ᠤᠮᠳᠠᠭᠠᠨ ᠢ ᠤᠤᠭᠤᠪᠠᠯ ᠲᠤᠯᠠᠢ ᠡᠪᠡᠳᠴᠢᠨ ᠢ ᠡᠭᠦᠰᠭᠡᠨ᠎ᠡ ᠭᠡᠨ᠎ᠡ ᠤᠤ︖
ᠨᠡᠶᠢᠲᠡᠯᠡᠭᠰᠡᠨ ᠴᠠᠭ᠄
2022/9/23
           ᠡᠶᠢᠮᠣᠷᠬᠦ ᠤᠮᠳᠠᠭᠠᠨ  ᠢ ᠤᠤᠭᠤᠪᠠᠯ ᠲᠤᠯᠠᠢ ᠡᠪᠡᠳᠴᠢᠨ ᠢ ᠡᠭᠦᠰᠭᠡᠨ᠎ᠡ ᠭᠡᠨ᠎ᠡ ᠤᠤ ︖                  ᠡᠮᠴᠢ  ᠶᠢᠨ ᠰᠠᠨᠠᠭᠤᠯᠤᠭᠰᠠᠨ ᠨᠢ᠂ ᠦᠷᠭᠦᠯᠵᠢ ᠨᠡᠭᠦᠷᠡᠰᠦᠬᠦ᠋ᠴᠢᠯ ᠤᠨ ᠤᠮᠳᠠᠭᠠᠨ ᠢ ᠶᠡᠭᠡ ᠬᠡᠮᠵᠢᠶ᠎ᠡ ᠪᠠᠷ  ᠤᠤᠭᠤᠪᠠᠯ‌ᠦᠨᠡᠬᠡᠷ ᠲᠤᠯᠠᠢ ᠡᠪᠡᠳᠴᠢᠨ ᠢ ᠡᠭᠦᠰᠭᠡᠵᠦ ᠮᠡᠳᠡᠨ᠎ᠡ᠂ ᠭᠤᠤᠯᠳᠠᠭᠤ ᠤᠮᠳᠠᠭᠠᠨ ᠤ ᠳᠣᠲᠣᠷᠠᠬᠢ ᠨᠡᠭᠦᠷᠡᠰᠦᠬᠦ᠋ᠴᠢᠯ ᠠᠴᠠ ᠪᠣᠯᠤᠭᠰᠠᠨ‌‍ᠪᠢᠰᠢ᠂ ᠬᠠᠷᠢᠨ ᠲᠡᠭᠦᠨ ᠤ ᠳᠣᠲᠣᠷᠠᠬᠢ ᠰᠢᠬᠢᠷ᠂ ᠢᠯᠠᠩᠭᠤᠶ᠎ᠠ ᠵᠢᠮᠢᠰ ᠤᠨ ᠰᠢᠬᠢᠷ ᠠᠴᠠ ᠪᠣᠯᠤᠭᠰᠠᠨ ᠶᠤᠮ᠃ ᠵᠢᠮᠢᠰ ᠤᠨ ᠰᠢᠬᠢᠷ ᠢ‌‍ᠶᠡᠭᠡ ᠬᠡᠮᠵᠢᠶ᠎ᠡ ᠪᠠᠷ ᠢᠳᠡᠭᠰᠡᠨ ᠤ  ᠳᠠᠷᠠᠭ᠎ᠠ᠂  ᠪᠢᠳᠡᠨ ᠤ  ᠪᠡᠶ᠎ᠡ  ᠳᠣᠲᠣᠷ  ᠫᠦᠷᠢᠨ ᠢ  ᠡᠭᠦᠰᠭᠡᠵᠦ᠂  ᠲᠡᠭᠦᠨ ᠢ  ᠰᠣᠯᠢᠯᠴᠠᠭ᠎ᠠ‌‍ᠬᠢᠭᠰᠡᠨ ᠤ ᠳᠠᠷᠠᠭ᠎ᠠ ᠰᠢᠭᠡᠰᠦᠨ ᠬᠦᠴᠢᠯ ᠢ ᠶᠡᠬᠡᠰᠭᠡᠵᠦ᠂ ᠲᠤᠯᠠᠢ ᠡᠪᠡᠳᠴᠢᠨ ᠡᠭᠦᠰᠭᠡᠨ᠎ᠡ᠃ ᠡᠶᠢᠮᠦ ᠠᠴᠠ ᠰᠢᠬᠢᠷᠯᠢᠭ ᠤᠮᠳᠠᠭᠠᠨ ᠢ‌‍ᠬᠡᠳᠦᠶ ᠠᠷᠪᠢᠨ ᠤᠤᠭᠤᠪᠠᠯ ᠲᠤᠯᠠᠢ ᠡᠪᠡᠳᠴᠢᠨ ᠡᠭᠦᠰᠬᠦ ᠲᠦᠭᠰᠢᠭᠦᠷᠢ ᠨᠢ ᠲᠡᠳᠦᠶ ᠶᠡᠭᠡ ᠪᠠᠶᠢᠳᠠᠭ᠃         ᠡᠮᠴᠢ ᠶᠢᠨ ᠲᠠᠨᠢᠯᠴᠠᠭᠤᠯᠤᠭᠰᠠᠨ ᠢᠶᠠᠷ᠂ ᠰᠢᠬᠢᠷ ᠦᠭᠡᠢ ᠤᠮᠳᠠᠭᠠᠨ ᠤ ᠰᠢᠬᠢᠷᠯᠢᠭ ᠠᠮᠲᠠ ᠨᠢ ᠭᠤᠤᠯᠳᠠᠭᠤ  ᠰᠢᠬᠢᠷᠯᠢᠭ‌ᠡᠳ᠋ ᠠᠴᠠ ᠢᠷᠡᠯᠲᠡ ᠲᠠᠢ᠂ ᠦᠨᠳᠦᠰᠦᠨ ᠳᠡᠭᠡᠨ ᠬᠥᠮᠦᠨ ᠤ ᠪᠡᠶ᠎ᠡ ᠳᠤ ᠰᠢᠩᠭᠡᠭᠡᠭᠳᠡᠬᠦ ᠦᠭᠡᠢ᠂ ᠶᠡᠷᠦᠩᠬᠡᠶ ᠳᠤᠨᠢ ᠠᠪᠴᠤ ᠬᠡᠯᠡᠪᠡᠯ‌‍ᠲ᠋ᠤᠯᠠᠢ ᠡᠪᠡᠳᠴᠢᠨ ᠳᠤ ᠳᠡᠮᠡᠶ ᠨᠥᠯᠥᠭᠡ ᠦᠭᠡᠢ᠃                  ᠲᠤᠯᠠᠢ ᠡᠪᠡᠳᠴᠢᠨ ᠢ ᠰᠡᠷᠭᠡᠶᠢᠯᠡᠬᠦ ᠳᠤ ᠡᠩ ᠲᠡᠷᠢᠭᠦᠨ ᠳᠤ  ᠠᠷᠢᠬᠢ ᠳᠤ  ᠪᠠᠭ᠎ᠠ  ᠤᠶᠢᠷᠡᠳ᠂  ᠰᠫᠢᠷᠲ   ᠨᠢ  ᠪᠡᠶ᠎ᠡ‌ᠮᠠᠬᠠᠪᠣᠳ ᠲᠤ ᠨᠡᠩ ᠠᠷᠪᠢᠨ ᠫᠦᠷᠢᠨ ᠡᠭᠦᠰᠭᠡᠳᠡᠭ ᠶᠤᠮ ᠪᠤᠯᠬᠤᠷ  ᠪᠠᠭ᠎ᠠ  ᠤᠤᠭᠤᠬᠤ  ᠪᠤᠶᠤ  ᠤᠤᠭᠤᠬᠤ  ᠦᠭᠡᠢ  ᠪᠠᠶᠢᠪᠠᠯ‌ᠵᠣᠬᠢᠨ᠎ᠠ᠃ ᠳᠠᠷᠠᠭ᠎ᠠ ᠳᠤᠨᠢ᠂ ᠠᠮᠢᠲᠠᠨ ᠤ ᠳᠣᠲᠣᠷ ᠡᠷᠬᠡᠲᠡᠨ᠂ ᠬᠠᠯᠠᠭᠤᠨ ᠲᠣᠭᠤᠭ᠎ᠠ᠂  ᠳᠠᠯᠠᠢ ᠶᠢᠨ  ᠢᠳᠡᠭᠡᠨ  ᠵᠡᠷᠭᠡ  ᠫᠦᠷᠢᠨ‌‍ᠶᠡᠬᠡᠲᠡᠢ ᠢᠳᠡᠭᠡᠨ ᠢ ᠪᠠᠭ᠎ᠠ  ᠢᠳᠡᠨ᠎ᠡ᠃  ᠭᠤᠷᠪᠠᠳᠤᠭᠠᠷ ᠲᠤ᠂  ᠤᠰᠤ  ᠨᠥᠬᠦᠪᠥᠷᠢᠯᠡᠬᠦ ᠶᠢ  ᠠᠩᠬᠠᠷᠴᠤ᠂  ᠢᠯᠡᠭᠦᠬᠡᠨ  ᠤᠰᠤ‌ᠤᠤᠭᠤᠬᠤ ᠬᠡᠷᠡᠭᠲᠡᠢ᠃ ᠨᠠᠮᠤᠷ ᠡᠪᠦᠯ ᠪᠣᠯᠤᠭᠰᠠᠨ ᠤ ᠳᠠᠷᠠᠭ᠎ᠠ᠂ ᠠᠭᠤᠷ  ᠠᠮᠢᠰᠬᠤᠯ  ᠰᠡᠷᠢᠭᠦᠨ᠂  ᠭᠠᠩ  ᠬᠠᠭᠤᠷᠠᠶ  ᠪᠠᠶᠢᠵᠤ᠂ᠪᠡᠶ᠎ᠡ ᠶᠢᠨ ᠭᠠᠳᠠᠷᠭᠤ ᠠᠴᠠ ᠠᠭᠤᠷᠰᠢᠬᠤ ᠤᠰᠤ ᠨᠡᠮᠡᠭᠳᠡᠵᠦ᠂ ᠴᠢᠰᠤᠨ ᠳᠣᠲᠣᠷᠠᠬᠢ ᠰᠢᠭᠡᠰᠦᠨ ᠬᠦᠴᠢᠯ ᠤᠨ ᠥᠳᠬᠡᠴᠡ  ᠪᠠᠰᠠ‌‍ᠲ᠋ᠡᠭᠡᠭᠰᠢᠯᠡᠭᠡᠳ᠂ ᠲᠤᠯᠠᠢ ᠡᠪᠡᠳᠴᠢᠨ ᠢ ᠡᠭᠦᠰᠭᠡᠨ᠎ᠡ᠃  ᠳᠥᠷᠪᠡᠳᠦᠭᠡᠷ ᠲᠤ᠂  ᠬᠥᠳᠡᠯᠭᠡᠭᠡᠨ ᠢ  ᠠᠩᠬᠠᠷ᠃  ᠠᠭᠤᠷ  ᠠᠮᠢᠰᠬᠤᠯ‌‍ᠬᠦ᠋ᠢᠲᠡᠷᠡᠭᠰᠡᠨ ᠤ ᠳᠠᠷᠠᠭ᠎ᠠ᠂ ᠡᠳᠦᠷ ᠪᠣᠭᠤᠨᠢᠰᠴᠤ᠂ ᠬᠥᠮᠦᠰ ᠤᠨ ᠬᠥᠳᠡᠯᠭᠡᠭᠡᠨ ᠤ ᠴᠠᠭ ᠨᠢ ᠴᠦ ᠬᠠᠷᠢᠴᠠᠩᠭᠤᠶ ᠪᠠᠷ ᠪᠠᠭᠠᠰᠤᠨ᠎ᠠ᠃ᠬᠡᠷᠪᠡ ᠤᠳᠠᠭᠠᠨ ᠰᠠᠭᠤᠭᠠᠳ ᠬᠥᠳᠡᠯᠭᠡᠭᠡᠨ ᠬᠢᠬᠦ ᠦᠭᠡᠢ ᠪᠣᠯ᠂  ᠪᠡᠶ᠎ᠡ ᠶᠢᠨ  ᠰᠢᠭᠡᠰᠦᠨ  ᠬᠦᠴᠢᠯ ᠢ  ᠰᠣᠯᠢᠯᠴᠠᠬᠤ  ᠴᠢᠳᠠᠪᠤᠷᠢ‌‍ᠲ᠋ᠣᠷᠣᠭᠰᠢᠯᠠᠵᠤ᠂ ᠲᠤᠯᠠᠢ ᠡᠪᠡᠳᠴᠢᠨ ᠢ ᠡᠭᠦᠰᠭᠡᠨ᠎ᠡ᠃  ᠢᠷᠡᠯᠲᠡ᠄  ᠠᠷᠠᠤᠨ ᠤᠨ ᠰᠦᠯᠵᠢᠶ᠎ᠡᠳᠡᠪᠰᠢᠭᠦᠯᠦᠭᠴᠢ᠄  ᠲᠡᠷᠭᠡᠯ   
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2