ᠮᠤᠩᠭᠤᠯᠴᠤᠳ ᠤᠨ ᠠᠳᠤᠭᠤ ᠲᠠᠮᠠᠭᠠᠯᠠᠬᠤ ᠶᠤᠰᠤᠠ | | | ᠮᠤᠩᠭᠤᠯᠴᠤᠳ ᠡᠷᠳᠡ ᠲᠡᠭᠡᠳᠦ ᠠᠴᠠ ᠪᠠᠨ ᠠᠪᠤᠭᠠᠳ ᠦᠪᠡᠷ ᠤᠨ ᠡᠷᠬᠢᠯᠡᠨ ᠡᠵᠡᠮᠰᠢᠭᠰᠡᠨ ᠮᠠᠯ | ᠰᠦᠷᠦᠭ ᠢᠶᠠᠨ ᠲᠠᠨᠢᠨ ᠪᠦᠷᠢᠳᠭᠡᠬᠦ ᠳᠡᠭᠡᠨ ᠮᠠᠯ ᠤᠨ ᠦᠩᠭᠡ ᠵᠢᠰᠦᠮ᠂ ᠨᠠᠰᠦ ᠰᠢᠳᠦ᠂ ᠲᠦᠷᠰᠦ ᠶᠠᠩᠵᠦ ᠪᠠᠶᠢᠳᠠᠯ | ᠵᠡᠷᠭᠡ ᠪᠠᠷ ᠨᠢ ᠵᠢᠰᠤᠯᠠᠨ ᠢᠯᠭᠠᠪᠤᠷᠢᠯᠠᠬᠤ ᠠᠷᠭ᠎ᠠ ᠴᠢᠳᠠᠪᠤᠷᠢ ᠶᠢ ᠪᠤᠯᠪᠠᠰᠤᠷᠠᠭᠤᠯᠤᠭᠰᠠᠨ ᠠᠴᠠ ᠭᠠᠳᠠᠨ᠎ᠠ ᠪᠠᠰᠠ ᠨᠢᠭᠡ | ᠴᠢᠬᠤᠯᠠ ᠪᠠᠷᠢᠮᠳᠠ ᠲᠡᠮᠳᠡᠭ ᠊᠊᠊᠊ ᠲᠠᠮᠠᠭ᠎ᠠ ᠶᠢ ᠡᠭᠦᠳᠦᠨ ᠪᠦᠳᠦᠭᠡᠭᠰᠡᠨ ᠶᠤᠮ᠃ ᠵᠢᠯ ᠪᠦᠷᠢ ᠶᠢᠨ ᠬᠠᠪᠤᠷ ᠤᠨ | ᠰᠡᠬᠦᠯᠴᠢ ᠵᠤᠨ ᠤ ᠡᠬᠢ ᠪᠠᠷ ᠵᠠᠷᠤᠳ ᠬᠤᠰᠢᠭᠤᠨ ᠤ ᠮᠠᠯᠵᠢᠬᠤ ᠰᠤᠮᠤ ᠨᠢ ᠭᠠᠴᠠᠭ᠎ᠠ ᠪᠠᠷ ᠨᠢᠭᠡᠴᠢ ᠪᠣᠯᠭᠠᠨ | ᠠᠳᠤᠭᠤᠨ ᠰᠤᠶᠤᠯ ᠤᠨ ᠦᠪᠡᠳᠡᠭᠰᠢ ᠴᠤᠭᠯᠠᠭᠠᠨ ᠬᠢᠳᠡᠭ᠃ ᠡᠶᠢᠮᠦᠷᠬᠦᠤ ᠰᠠᠶᠢᠬᠠᠨ ᠪᠤᠶᠠᠨ ᠬᠡᠰᠢᠭ ᠲᠡᠯᠭᠡᠷᠡᠵᠦ᠂ | ᠢᠷᠦᠬᠡᠯ ᠵᠦᠩᠨᠡᠯ ᠤᠨᠳᠤᠷᠤᠭᠰᠠᠨ ᠠᠳᠤᠭᠤᠨ ᠰᠤᠶᠤᠯ ᠤᠨ ᠴᠤᠭᠯᠠᠭᠠᠨ ᠳᠤ ᠭᠤᠣᠯᠳᠠᠭᠤ ᠦᠷᠢᠶ᠎ᠡ ᠬᠠᠭᠠᠷᠢᠬᠤ᠂ | ᠠᠳᠤᠭᠤ ᠲᠠᠮᠠᠭᠠᠯᠠᠬᠤ᠂ ᠠᠳᠤᠭᠤ ᠲᠡᠯᠯᠡᠬᠦ᠂ ᠡᠮᠨᠢᠭ ᠰᠤᠷᠭᠠᠬᠤ᠂ ᠮᠤᠷᠢᠨ ᠮᠡᠷᠭᠡᠵᠢᠯ ᠤᠨ ᠦᠵᠡᠬᠦᠯᠬᠡ ᠵᠡᠷᠬᠡ | ᠠᠵᠢᠯᠯᠠᠭ᠎ᠠ ᠶᠠᠪᠤᠭᠳᠠᠭᠤᠯᠳᠠᠭ᠃ ᠡᠬᠦᠨ ᠢᠶᠠᠷ ᠳᠠᠮᠵᠢᠵᠦ ᠵᠠᠯᠠᠭᠤ ᠬᠥᠮᠦᠨ ᠤ ᠮᠤᠷᠢ ᠤᠷᠭᠠᠯᠠᠬᠤ ᠮᠡᠷᠭᠡᠵᠢᠯ ᠪᠠ ᠡᠮᠨᠢᠭ | ᠰᠤᠷᠭᠠᠬᠤ ᠴᠢᠳᠠᠪᠤᠷᠢ ᠶᠢ ᠪᠤᠯᠪᠠᠰᠤᠷᠠᠭᠤᠯᠳᠠᠭ ᠢᠶᠠᠷ ᠪᠠᠷᠠᠬᠤ ᠦᠭᠡᠢ᠂ ᠮᠠᠯᠴᠢᠳ ᠥᠪᠡᠷ ᠥᠪᠡᠷ ᠤᠨ ᠮᠤᠷᠢᠨ ᠤ | ᠡᠳ᠋ᠯᠡᠯ ᠪᠠ ᠤᠷᠭ᠎ᠠ ᠶᠢᠨ ᠢᠶᠠᠨ ᠤᠷᠳᠤ ᠤᠬᠤᠷ ᠤᠶᠠᠨ ᠵᠦᠭᠡᠯᠡᠨ ᠢ ᠭᠠᠶᠢᠬᠠᠭᠤᠯᠳᠠᠭ᠃ ᠮᠤᠩᠭᠤᠯᠴᠤᠳ ᠤᠨ | ᠠᠳᠤᠭᠤᠨ ᠰᠣᠶᠣᠯ ᠤᠨ ᠨᠠᠭᠠᠳᠤᠮ ᠨᠢ ᠲᠠᠯ᠎ᠠ ᠨᠤᠲᠤᠭ ᠤᠨ ᠡᠷᠡᠭᠲᠡᠶᠢᠴᠦᠳ ᠤᠨ ᠡᠷ᠎ᠡ ᠬᠦᠴᠦ ᠪᠤᠯᠤᠨ ᠡᠷᠡᠮᠡᠭ | ᠤᠬᠠᠭᠠᠨ ᠢ ᠰᠢᠯᠭᠠᠬᠤ ᠮᠥᠷᠦ᠋ᠢᠴᠡᠭᠡᠨ ᠶᠤᠮ᠂ ᠮᠥᠨ ᠴᠦ ᠲᠠᠯ᠎ᠠ ᠨᠤᠲᠤᠭ ᠤᠨ ᠡᠮᠡᠭᠲᠡᠶᠢᠴᠦᠳ ᠤᠨ ᠭᠠᠷ ᠤᠷᠠᠨ ᠢ | ᠭᠠᠶᠢᠬᠠᠭᠤᠯᠬᠤ ᠲᠠᠪᠴᠠᠩ ᠪᠤᠯᠬᠤ ᠶᠤᠮ᠃ ᠡᠷᠳᠡᠨᠢᠰᠠᠩ ᠤᠨ ᠬᠢᠨ ᠪᠣᠯ ᠵᠠᠷᠤᠳ ᠬᠤᠰᠢᠭᠤᠨ ᠤ | ᠤᠯᠠᠭᠠᠨᠬᠠᠳᠠ ᠰᠤᠮᠤᠨ ᠤ ᠬᠤᠩᠬᠠᠳᠦ ᠭᠠᠴᠠᠭ᠎ᠠ ᠶᠢᠨ ᠠᠳᠤᠭᠤ ᠲᠡᠵᠢᠬᠡᠬᠦ ᠲᠣᠮᠣ ᠡᠷᠦᠬᠡ ᠪᠣᠯᠤᠨ᠎ᠠ᠃ | ᠳᠡᠳᠡᠨ ᠤ ᠬᠢᠨ 100 ᠭᠠᠷᠤᠶ ᠮᠣᠩᠭᠤᠯ ᠮᠣᠷᠢ ᠲᠡᠵᠢᠬᠡᠨ᠂ ᠬᠡᠬᠦᠤ ᠰᠠᠭᠠᠵᠦ ᠴᠡᠭᠡ ᠪᠤᠷᠤᠯᠠᠭᠤᠯᠬᠤ ᠪᠠ ᠤᠨᠠᠭ᠎ᠠ | ᠬᠤᠳᠠᠯᠳᠤᠵᠦ ᠵᠢᠯ ᠳᠤ 20 ᠲᠦᠮᠡᠨ ᠲᠥᠭᠦᠷᠢᠭ ᠤᠨ ᠤᠷᠤᠯᠭ᠎ᠠ ᠤᠯᠳᠠᠭ ᠪᠠᠶᠢᠨ᠎ᠠ᠃ ᠡᠷᠳᠡᠨᠢᠰᠠᠩ ᠪᠠᠰᠠ | ᠤᠯᠠᠮᠵᠢᠯᠠᠯᠲᠤ ᠠᠳᠤᠭᠤᠨ ᠰᠣᠶᠣᠯ ᠤᠨ ᠲᠤᠭᠤᠷᠢᠨ ᠳᠤ ᠴᠡᠭᠡ ᠪᠠ ᠰᠠᠭᠠᠯᠢ ᠶᠢᠨ ᠠᠷᠢᠬᠢ ᠬᠢᠬᠦ ᠤᠯᠠᠮᠵᠢᠯᠠᠯᠳᠦ ᠤᠷ᠎ᠠ | ᠮᠡᠷᠭᠡᠵᠢᠯ ᠢ ᠦᠪᠯᠡᠨ ᠵᠠᠯᠭᠠᠮᠵᠢᠯᠠᠵᠦ᠂ ᠠᠳᠤᠭᠤᠨ ᠤ ᠠᠵᠤ ᠦᠢᠯᠡᠰ ᠢᠶᠠᠨ ᠪᠤᠵᠠᠭᠠᠶᠢᠷᠠᠭᠤᠯᠤᠨ ᠬᠦᠴᠦᠷᠬᠡᠭᠵᠢᠭᠦᠯᠵᠦ᠂ | ᠠᠳᠤᠭᠤᠨ ᠰᠣᠶᠣᠯ ᠤᠨ ᠬᠥᠭᠵᠢᠯᠲᠡ ᠶᠢ ᠠᠬᠢᠭᠤᠯᠵᠦ ᠪᠤᠢ᠃ 7 ᠰᠠᠷ᠎ᠠ ᠶᠢᠨ 1 ᠤ ᠡᠳᠦᠷ᠂ ᠡᠷᠳᠡᠨᠢᠰᠠᠩ ᠤᠶᠢᠷ᠎ᠠ | ᠬᠠᠪᠢ ᠶᠢᠨ ᠮᠠᠯᠴᠢᠳ ᠢᠶᠠᠨ ᠵᠣᠬᠢᠶᠠᠨ ᠪᠠᠶᠢᠭᠤᠯᠤᠨ ᠠᠳᠤᠭᠤ ᠳᠠᠮᠠᠭᠠᠯᠠᠬᠤ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃ | ᠬᠦᠯᠦᠭ ᠤᠨ ᠨᠢᠷᠦᠭᠤᠨ ᠳᠤ ᠬᠡᠶᠢᠮᠦᠷᠢ ᠰᠡᠷᠬᠦᠭᠡᠵᠦ ᠶᠠᠪᠤᠭᠰᠠᠨ ᠬᠠᠰᠢᠷ ᠠᠳᠤᠭᠤᠴᠢᠳ ᠤᠷᠭ᠎ᠠ ᠰᠤᠭᠰᠤᠯᠵᠠᠭᠤᠯᠤᠨ | ᠠᠳᠤᠭᠤ ᠤᠷᠭᠠᠯᠠᠨ᠂ ᠠᠳᠤᠭᠤ ᠤᠨᠠᠭᠠᠵᠦ ᠡᠷ᠎ᠠ ᠬᠦᠴᠦ ᠪᠠᠨ ᠰᠢᠯᠭᠠᠯᠴᠠᠨ᠂ ᠬᠦᠮᠦᠰ ᠤᠨ ᠬᠠᠰᠬᠢᠷᠤᠯᠳᠤᠬᠤ | ᠳᠠᠭᠤᠨ᠂ ᠠᠳᠤᠭᠤ ᠢᠨᠴᠠᠭᠠᠬᠤ ᠳᠠᠭᠤᠨ᠂ ᠮᠤᠷᠢᠨ ᠳᠤᠭᠤᠷᠠᠢ ᠶᠢᠨ ᠳᠦᠪᠡᠷᠬᠡᠨ ᠠᠭᠱᠠᠨ ᠵᠠᠭᠤᠷ᠎ᠠ ᠳᠡᠯ᠎ᠠ ᠨᠤᠳᠤᠭ ᠢ | ᠬᠦᠷ ᠬᠦᠭᠵᠢᠶᠡᠨ ᠢᠶᠠᠷ ᠪᠢᠯᠬᠠᠭᠤᠯᠪᠠ᠂ ᠬᠡᠳᠦᠨ ᠵᠠᠯᠠᠭᠤ ᠤᠷᠭᠠᠯᠠᠭᠰᠠᠨ ᠮᠣᠷᠢ ᠪᠠᠨ ᠭᠠᠵᠠᠷ ᠤᠨᠠᠭᠠᠵᠦ᠂ | ᠤᠯᠠᠶᠢᠭᠰᠠᠨ ᠲᠠᠮᠠᠭ᠎ᠠ ᠪᠠᠨ ᠪᠠᠷᠢᠵᠦ ᠠᠳᠤᠭᠤᠨ ᠲᠠᠰᠢᠶ᠎ᠠ ᠳᠤ ᠲᠠᠮᠠᠭᠠᠯᠠᠨ᠎ᠠ᠃ | | ᠢᠷᠡᠯᠲᠡ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ |