ᠮᠣᠩᠭᠤᠯ ᠤᠬᠠᠭᠠᠨ ᠤ ᠡᠷᠢᠬᠡᠨ ᠬᠡᠯᠬᠢᠶ᠎ᠡ
ᠨᠡᠶᠢᠲᠡᠯᠡᠭᠰᠡᠨ ᠴᠠᠭ᠄
2023/11/24
    ᠮᠣᠩᠭᠤᠯ ᠤᠬᠠᠭᠠᠨ ᠤ ᠡᠷᠢᠬᠡᠨ ᠬᠡᠯᠬᠢᠶ᠎ᠡ                 1. ᠬᠠᠭᠠᠯᠭ᠎ᠠ ᠠᠯᠳᠠᠯᠠᠵᠤ ᠵᠣᠭᠰᠣᠳᠠᠭ ᠦᠭᠡᠢ    ᠬᠠᠷ᠎ᠠ ᠤᠰᠤ ᠰᠠᠮᠤᠷᠳᠠᠭ ᠦᠭᠡᠢ    ᠬᠠᠶᠢᠴᠢ ᠠᠩᠭᠠᠶᠢᠯᠭᠠᠵᠤ ᠲᠠᠯᠪᠢᠳᠠᠭ ᠦᠭᠡᠢ   ᠬᠠᠮᠤᠭ ᠮᠣᠩᠭᠤᠯ ᠤᠬᠠᠭᠠᠨ᠃         2. ᠰᠠᠪᠠ ᠬᠤᠭᠤᠰᠤᠨ ᠪᠤᠴᠠᠭᠠᠳᠠᠭ ᠦᠭᠡᠢ    ᠰᠠᠨᠠᠭᠰᠠᠨ ᠢᠶᠠᠨ ᠪᠡᠶᠡᠯᠡᠭᠰᠡᠨ ᠳᠤ ᠲᠣᠭᠠᠴᠢᠳᠠᠭ ᠦᠭᠡᠢ    ᠰᠠᠷ᠎ᠠ ᠡᠳᠦᠷ ᠢ ᠲᠣᠪᠯᠠᠳᠠᠭ ᠦᠭᠡᠢ    ᠰᠠᠷᠠᠭᠤᠯ ᠮᠣᠩᠭᠤᠯ ᠤᠬᠠᠭᠠᠨ᠃         3. ᠤᠷᠭ᠎ᠠ ᠳᠡᠭᠡᠭᠦᠷ ᠠᠯᠬᠤᠳᠠᠭ ᠦᠭᠡᠢ    ᠤᠰᠤᠨ ᠳᠤ ᠠᠮᠠ ᠭᠠᠷᠳᠠᠭ ᠦᠭᠡᠢ    ᠤᠲᠠᠰᠤ ᠵᠠᠩᠭᠢᠳᠴᠤ ᠦᠭᠳᠡᠭ ᠦᠭᠡᠢ    ᠠᠭᠤᠵᠢᠮ ᠮᠣᠩᠭᠤᠯ ᠤᠬᠠᠭᠠᠨ᠃        4. ᠰᠤᠪᠤᠷᠭᠠᠨ ᠤ ᠰᠡᠭᠦᠳᠡᠷ ᠭᠢᠰᠭᠢᠳᠡᠭ ᠦᠭᠡᠢ    ᠰᠠᠭᠤᠬᠤ ᠳᠤ ᠪᠠᠨ ᠲᠠᠰᠢᠭᠤᠷ ᠲᠤᠯᠳᠠᠭ ᠦᠭᠡᠢ    ᠰᠤᠤᠲᠤ ᠮᠤᠩᠭᠤᠯ ᠤᠬᠠᠭᠠᠨ᠃         5. ᠵᠦᠭᠡᠬᠡᠢ ᠰᠦᠨ ᠢᠶᠠᠨ ᠳᠡᠭᠡᠵᠢᠯᠡᠳᠡᠭ    ᠵᠦᠩ ᠪᠢᠯᠢᠭ ᠲᠤ ᠢᠲᠡᠭᠡᠳᠡᠭ    ᠵᠦᠪ ᠡᠷᠭᠢᠵᠦ ᠲᠣᠭᠤᠷᠢᠳᠠᠭ    ᠵᠦᠭᠡᠯᠡᠨ ᠮᠣᠩᠭᠤᠯ ᠤᠠᠬᠠᠭᠠᠨ᠃        6. ᠭᠠᠵᠠᠷ ᠬᠦᠨᠳᠡᠬᠦ ᠳᠤ ᠪᠠᠨ ᠠᠷᠭᠠᠳᠠᠳᠠᠭ    ᠭᠠᠯ ᠭᠤᠯᠤᠮᠲᠠ ᠪᠠᠨ ᠲᠠᠬᠢᠳᠠᠭ    ᠭᠠᠷ ᠦᠭᠴᠦ ᠵᠣᠯᠭᠠᠳᠠᠭ ᠭᠠᠶᠢᠬᠠᠮ᠎ᠠ ᠮᠣᠩᠭᠤᠯ ᠤᠬᠠᠭᠠᠨ᠃         7. ᠨᠠᠶᠢᠷ ᠬᠢᠪᠡᠰᠦ ᠢᠷᠦᠭᠡᠳᠡᠭ    ᠨᠠᠭᠠᠳᠤᠮ ᠪᠣᠯᠪᠠᠯ ᠤᠷᠤᠯᠳᠤᠳᠠᠭ    ᠨᠠᠰᠤ ᠠᠬᠢᠪᠠᠯ ᠲᠣᠮᠣᠭᠠᠵᠢᠳᠠᠭ    ᠨᠠᠨᠳᠢᠨ ᠮᠣᠩᠭᠤᠯ ᠤᠬᠠᠭᠠᠨ᠃        8. ᠴᠢᠮᠠᠯᠠᠪᠠᠰᠤ ᠨᠡᠮᠡᠵᠦ ᠦᠭᠳᠡᠭ    ᠴᠢᠰ ᠭᠠᠷᠠᠭ ᠢᠶᠠᠨ ᠳᠣᠮᠨᠠᠳᠠᠭ    ᠴᠢᠭᠲᠠᠭ᠎ᠠ ᠭᠤᠯᠤᠮᠲᠠ ᠪᠠᠨ ᠦᠪᠯᠡᠭᠦᠯᠳᠡᠭ    ᠴᠢᠳᠠᠯᠲᠠᠢ ᠮᠣᠩᠭᠤᠯ ᠤᠬᠠᠭᠠᠨ᠃        9. ᠠᠪᠤ ᠶᠢᠨ ᠢᠶᠠᠨ ᠳᠡᠷᠭᠡᠳᠡ ᠵᠠᠪᠢᠯᠠᠳᠠᠭ ᠦᠭᠡᠢ    ᠠᠬᠠᠮᠠᠳ ᠤᠨ ᠢᠶᠠᠨ ᠲᠦᠷᠦᠭᠦᠨ ᠳᠤ ᠳᠤᠤᠭᠠᠷᠳᠠᠭ ᠦᠭᠡᠢ    ᠠᠬ᠎ᠠ ᠶᠢᠨ ᠢᠶᠠᠨ ᠳᠡᠭᠡᠭᠦᠷ ᠵᠣᠯᠭᠠᠳᠠᠭ ᠦᠭᠡᠢ    ᠠᠴᠢᠯᠠᠯᠲᠤ ᠮᠣᠩᠭᠤᠯ ᠤᠬᠠᠭᠠᠨ᠃      10. ᠪᠣᠰᠤᠭ᠎ᠠ ᠭᠢᠰᠭᠢᠵᠦ ᠭᠠᠷᠳᠠᠭ ᠦᠭᠡᠢ    ᠪᠣᠯᠵᠤᠵᠤ ᠪᠠᠰᠤᠵᠤ ᠶᠠᠷᠢᠳᠠᠭ ᠦᠭᠡᠢ    ᠪᠣᠯᠣᠭᠰᠠᠨ ᠢᠳᠡᠭᠡᠨ ᠠᠴᠠ ᠵᠠᠶᠢᠯᠠᠳᠠᠭ ᠦᠭᠡᠢ   ᠪᠣᠳᠣᠯᠲᠠᠢ ᠮᠤᠩᠭᠤᠯ ᠤᠬᠠᠭᠠᠨ᠃     11. ᠪᠤᠷᠬᠠᠨ ᠢᠶᠠᠨ ᠳᠣᠣᠷ᠎ᠠ ᠲᠠᠬᠢᠳᠠᠭ ᠦᠭᠡᠢ   ᠪᠤᠯᠠᠭ ᠤᠨ ᠡᠬᠢᠨ ᠳᠤ ᠨᠤᠲᠤᠭᠯᠠᠳᠠᠭ ᠦᠭᠡᠢ    ᠪᠠᠭᠤᠷᠢ ᠪᠠᠨ ᠬᠤᠭ ᠲᠠᠢ ᠣᠷᠬᠢᠳᠠᠭ ᠦᠭᠡᠢ   ᠪᠤᠶᠠᠨᠲᠠᠢ ᠮᠣᠩᠭᠤᠯ ᠤᠬᠠᠭᠠᠨ᠃      12. ᠰᠦᠨ ᠳᠤ ᠬᠤᠷᠤᠭᠤ ᠳᠦᠷᠦᠳᠡᠭ ᠦᠭᠡᠢ   ᠰᠦᠷᠦᠭ ᠠᠯᠳᠠᠷᠠᠪᠠᠯ ᠪᠠᠷᠢᠳᠠᠭ ᠦᠭᠡᠢ    ᠰᠡᠭᠦᠵᠢᠨ ᠤ ᠶᠠᠰᠤ ᠬᠤᠨᠣᠭᠤᠯᠳᠠᠭ ᠦᠭᠡᠢ   ᠰᠦᠰᠦᠭᠲᠡᠢ ᠮᠣᠩᠭᠤᠯ ᠤᠬᠠᠭᠠᠨ᠃      13. ᠣᠪᠣᠭᠠᠨ ᠳᠤ ᠴᠢᠯᠠᠭᠤ ᠨᠡᠮᠡᠳᠡᠭ   ᠣᠯᠵᠠ ᠲᠠᠭᠠᠷᠠᠪᠠᠰᠤ ᠬᠤᠪᠢᠶᠠᠯᠴᠠᠳᠠᠭ    ᠣᠶᠣᠵᠤ ᠰᠢᠷᠢᠵᠦ ᠤᠷᠠᠯᠠᠳᠠᠭ   ᠤᠶᠤᠨᠯᠢᠭ ᠮᠣᠩᠭᠤᠯ ᠤᠬᠠᠭᠠᠨ᠃       14. ᠰᠢᠳᠡᠵᠦ ᠦᠭᠬᠦ ᠶᠢ ᠴᠡᠭᠡᠷᠯᠡᠳᠡᠭ   ᠰᠢᠪᠡᠨᠡᠭᠡ ᠦᠭᠡ ᠶᠢ ᠴᠠᠭᠠᠷᠠᠭᠤᠯᠳᠠᠭ   ᠰᠢᠷᠢ ᠪᠠᠷ ᠴᠠᠯᠮ᠎ᠠ ᠬᠢᠳᠡᠭ   ᠰᠢᠷᠭᠢᠰᠢ ᠦᠭᠡᠢ ᠮᠣᠩᠭᠤᠯ ᠤᠬᠠᠭᠠᠨ᠃      15. ᠴᠣᠭᠤᠷ ᠤᠨ ᠠᠶᠠᠯᠭᠤ ᠶᠢ ᠦᠪᠯᠡᠭᠦᠯᠳᠡᠭ    ᠴᠤᠯᠠ ᠴᠢᠮᠡᠭ ᠵᠡᠭᠦᠯᠭᠡᠳᠡᠭ    ᠴᠣᠣᠵᠢ ᠰᠡᠷᠪᠡᠭᠡ ᠶᠢ ᠤᠷᠠᠯᠠᠳᠠᠭ   ᠴᠣᠭᠴᠠᠯᠠᠭᠠᠬᠤ ᠮᠣᠩᠭᠤᠯ ᠤᠬᠠᠭᠠᠨ᠃       16. ᠤᠤᠵᠢ ᠡᠮᠦᠰᠭᠡᠯ ᠢᠶᠠᠨ ᠡᠰᠭᠡᠳᠡᠭ   ᠤᠭᠤᠷ ᠲᠤ ᠴᠠᠢ ᠪᠠᠨ ᠨᠦᠳᠦᠳᠡᠭ    ᠤᠷᠭ᠎ᠠ ᠶᠢᠨ ᠮᠣᠳᠣ ᠪᠠᠨ ᠲᠠᠩᠨᠠᠶᠢᠳᠠᠳᠠᠭ    ᠤᠯᠠ ᠲᠠᠢ ᠮᠣᠩᠭᠤᠯ ᠤᠬᠠᠭᠠᠨ᠃      17. ᠬᠠᠪᠤᠷ ᠱᠠᠭ᠎ᠠ ᠨᠠᠭᠠᠳᠳᠠᠭ ᠦᠭᠡᠢ   ᠬᠠᠵᠠᠭᠠᠷ ᠡᠭᠡᠯᠳᠦᠷᠭᠡᠯᠡᠵᠦ ᠵᠡᠭᠦᠳᠡᠭ ᠦᠭᠡᠢ   ᠬᠠᠵᠠᠭᠠᠢ ᠰᠠᠭᠤᠵᠤ ᠪᠣᠯᠳᠠᠭ ᠦᠭᠡᠢ   ᠬᠠᠲᠠᠭᠤ ᠮᠣᠩᠭᠤᠯ ᠤᠬᠠᠭᠠᠨ᠃       18. ᠰᠢᠨᠠ ᠲᠤᠯᠵᠤ ᠰᠠᠭᠤᠳᠠᠭ ᠦᠭᠡᠢ   ᠰᠢᠪᠬᠠᠷᠤᠤ ᠬᠦᠮᠦᠨ ᠳᠤ ᠦᠭᠳᠡᠭ ᠦᠭᠡᠢ    ᠰᠢᠨᠠᠭ᠎ᠠ ᠤᠭᠰᠠᠷᠠᠭ᠎ᠠ ᠲᠠᠢ ᠣᠷᠬᠢᠳᠠᠭ ᠦᠭᠡᠢ   ᠰᠢᠪᠬᠠᠭᠳᠠᠰᠢ ᠦᠭᠡᠢ ᠮᠣᠩᠭᠤᠯ ᠤᠬᠠᠭᠠᠨ᠃      19. ᠦᠳᠡ ᠶᠢᠨ ᠨᠠᠷᠠ ᠶᠢ ᠭᠤᠣᠯᠯᠠᠳᠠᠭ ᠦᠭᠡᠢ   ᠡᠭᠦᠳᠡ ᠪᠠᠷ ᠱᠠᠭᠠᠶᠢᠵᠤ ᠬᠠᠷᠠᠳᠠᠭ ᠦᠭᠡᠢ   ᠦᠳᠡᠰᠢ ᠪᠠᠷ ᠬᠤᠭ ᠢᠶᠠᠨ ᠭᠠᠷᠭᠠᠳᠠᠭ ᠦᠭᠡᠢ   ᠦᠨᠡᠨ ᠮᠣᠩᠭᠤᠯ ᠤᠬᠠᠭᠠᠨ᠃      20. ᠭᠡᠷ ᠲᠣᠲᠣᠷ᠎ᠠ ᠪᠠᠨ ᠢᠰᠭᠡᠷᠳᠡᠭ ᠦᠭᠡᠢ   ᠭᠡᠷᠭᠡᠢ ᠢᠨᠦ ᠬᠤᠶᠢᠮᠤᠷ ᠲᠤ ᠪᠠᠨ ᠰᠠᠭᠤᠳᠠᠭ ᠦᠭᠡᠢ   ᠭᠡᠵᠢᠭᠡᠨ ᠤ ᠪᠠᠨ ᠰᠡᠪᠡᠯᠭᠡ ᠪᠠᠨ ᠬᠡᠶᠢᠰᠭᠡᠳᠡᠭ ᠦᠭᠡᠢ   ᠭᠡᠭᠡᠯᠢᠭ ᠮᠣᠩᠭᠤᠯ ᠤᠬᠠᠭᠠᠨ᠃      21. ᠠᠪᠳᠠᠷ᠎ᠠ ᠳᠤᠤᠭᠠᠷᠬᠤ ᠳᠤ ᠪᠡᠯᠭᠡᠰᠢᠶᠡᠳᠡᠭ   ᠠᠮᠠᠨ ᠤ ᠪᠡᠯᠭᠡ ᠶᠢ ᠮᠢᠯᠢᠶᠠᠳᠠᠭ   ᠠᠷᠤᠭ ᠲᠦᠰᠢᠭᠦᠯᠵᠦ ᠲᠦᠷᠦᠭᠦᠯᠳᠡᠭ    ᠠᠮᠤᠷᠯᠢᠩᠭᠤᠢ ᠮᠣᠩᠭᠤᠯ ᠤᠬᠠᠭᠠᠨ᠃      22. ᠡᠮ᠎ᠡ ᠬᠤᠨᠢ ᠶᠢ ᠲᠤᠶᠢᠭᠯᠠᠳᠠᠭ   ᠡᠭᠡᠳᠡᠭ ᠭᠤᠲᠤᠯ ᠢᠶᠠᠨ ᠤᠷᠠᠯᠠᠳᠠᠭ    ᠡᠷᠡᠬᠡᠢ ᠬᠤᠷᠤᠭᠤᠨ ᠳᠤ ᠪᠠᠨ ᠢᠲᠡᠭᠡᠳᠡᠭ    ᠡᠪᠯᠢᠭ ᠮᠣᠩᠭᠤᠯ ᠤᠬᠠᠭᠠᠨ᠃      23. ᠢᠳᠡᠭᠡ ᠤᠮᠳᠠᠭ᠎ᠠ ᠪᠠᠨ ᠳᠡᠭᠡᠵᠢᠯᠡᠳᠡᠭ    ᠢᠲᠡᠭᠡᠭᠰᠡᠨ ᠨᠦᠬᠦᠷ ᠲᠤ ᠪᠠᠨ ᠬᠡᠯᠡᠳᠡᠭ    ᠢᠩᠭᠡᠨ ᠲᠡᠮᠡᠭᠡ ᠪᠠᠨ ᠬᠦᠭᠡᠰᠦᠯᠡᠳᠡᠭ    ᠢᠪᠢᠯᠦᠭᠳᠡᠳᠡᠭ ᠮᠤᠩᠭᠤᠯ ᠤᠬᠠᠭᠠᠨ᠃      24. ᠮᠣᠩᠭᠤᠯ ᠴᠢᠰᠤ ᠪᠠᠨ ᠬᠠᠮᠠᠭᠠᠯᠠᠳᠠᠭ   ᠮᠣᠷᠢ ᠰᠢᠯᠭᠡᠭᠡᠬᠦ ᠳᠤ ᠪᠠᠶᠠᠷᠯᠠᠳᠠᠭ    ᠮᠤᠯᠤᠷ ᠬᠦᠯᠦᠭ ᠢᠶᠠᠨ ᠰᠦᠯᠳᠡᠯᠡᠳᠡᠭ    ᠮᠣᠷᠢᠲᠠᠨ ᠮᠤᠩᠭᠤᠯ ᠤᠬᠠᠭᠠᠨ᠃      25. ᠭᠠᠷ ᠤᠨ ᠰᠠᠯᠠᠭ᠎ᠠ ᠪᠠᠷ ᠦᠭᠳᠡᠭ ᠦᠭᠡᠢ   ᠭᠠᠵᠠᠷ ᠲᠤᠯᠵᠤ ᠪᠣᠰᠳᠠᠭ ᠦᠭᠡᠢ    ᠭᠠᠯ ᠳᠤ ᠪᠠᠨ ᠶᠠᠰᠤ ᠲᠦᠯᠡᠳᠡᠭ ᠦᠭᠡᠢ    ᠭᠠᠷᠭᠠᠭᠤᠳ ᠮᠣᠩᠭᠤᠯ ᠤᠬᠠᠭᠠᠨ᠃      26. ᠦᠷᠯᠦᠭᠡ ᠳᠠᠭᠤᠯᠠᠵᠤ ᠭᠢᠩᠰᠢᠳᠡᠭ ᠦᠭᠡᠢ    ᠡᠳᠦᠷ ᠢᠶᠠᠷ ᠡᠷᠦᠬᠡ ᠪᠠᠨ ᠪᠦᠲᠡᠭᠡᠳᠡᠭ ᠦᠭᠡᠢ    ᠡᠪᠦᠭᠡᠳ ᠤᠨ ᠡᠮᠦᠨᠡᠭᠦᠷ ᠭᠠᠷᠳᠠᠭ ᠦᠭᠡᠢ   ᠦᠯᠵᠡᠶᠢᠲᠦ ᠮᠤᠩᠭᠤᠯ ᠤᠬᠠᠭᠠᠨ᠃      27. ᠪᠠᠭᠠᠨ᠎ᠠ ᠲᠡᠪᠡᠷᠢᠵᠦ ᠵᠣᠭᠰᠣᠳᠠᠭ ᠦᠭᠡᠢ   ᠪᠠᠷᠠᠭᠤᠨ ᠮᠦᠷᠦ ᠪᠠᠨ ᠲᠦᠰᠢᠭᠦᠯᠳᠡᠭ ᠦᠭᠡᠢ   ᠪᠠᠭᠯᠠᠵᠤ ᠪᠣᠭᠤᠵᠤ ᠵᠡᠬᠡᠳᠡᠭ ᠦᠭᠡᠢ   ᠪᠠᠶᠠᠯᠢᠭ ᠮᠤᠩᠭᠤᠯ ᠤᠬᠠᠭᠠᠨ᠃                                                                           — ﹇ᠮᠣᠩᠭᠤᠯ﹈ ᠴᠢᠯᠠᠭᠤᠨᠪᠠᠭᠠᠲᠤᠷ ᠤᠨ ᠡᠷᠳᠡᠨᠢᠪᠠᠭᠠᠲᠤᠷ        ᠨᠠᠭᠠᠴᠤ ᠶᠢᠨ ᠳᠡᠷᠭᠡᠳᠡ ᠳᠠᠯᠤ ᠪᠠᠷᠢᠳᠠᠭ ᠦᠭᠡᠢ   ᠨᠠᠰᠤᠲᠠᠨ ᠤ ᠳᠡᠷᠭᠡᠳᠡ ᠰᠠᠷᠬᠤᠳ ᠡᠷᠭᠦᠳᠡᠭ ᠦᠭᠡᠢ    ᠨᠠᠶᠢᠷ ᠤᠨ ᠬᠤᠶᠢᠮᠤᠷ ᠲᠤ ᠡᠩᠭᠡᠷ ᠵᠠᠳᠠᠭᠠᠶᠢᠯᠠᠳᠠᠭ ᠦᠭᠡᠢ   ᠨᠠᠭᠠᠳᠤᠮ ᠤᠨ ᠳᠠᠪᠠᠭᠠᠨ ᠳᠤ ᠲᠤᠭᠠᠴᠠᠭ᠎ᠠ ᠶᠠᠷᠢᠳᠠᠭ ᠦᠭᠡᠢ   ᠠᠪᠤ ᠶᠢᠨ ᠪᠤᠢ ᠳᠤ ᠰᠠᠬᠠᠯ ᠲᠠᠯᠪᠢᠳᠠᠭ ᠦᠭᠡᠢ   ᠠᠭᠲᠠ ᠶᠢᠨ ᠳᠠᠯᠠᠨ ᠳᠤ ᠬᠢᠲᠤᠭ᠎ᠠ ᠬᠦᠷᠭᠡᠳᠡᠭ ᠦᠭᠡᠢ    ᠠᠯᠤᠰ ᠤᠨ ᠵᠠᠮ ᠳᠤ ᠴᠠᠭ ᠲᠤᠪᠯᠠᠳᠠᠭ ᠦᠭᠡᠢ    ᠠᠮᠠᠷᠠᠭ ᠤᠨ ᠶᠠᠪᠤᠳᠠᠯ ᠳᠤ ᠬᠦᠨᠳᠡᠯᠡᠨ ᠠᠴᠠ ᠤᠷᠤᠳᠠᠭ ᠦᠭᠡᠢ    ᠮᠢᠬᠠᠨ ᠤ ᠬᠤᠯᠢᠴᠠ ᠳᠤ ᠰᠦ ᠤᠷᠤᠳᠠᠭ ᠦᠭᠡᠢ    ᠮᠠᠨᠳᠤᠬᠤ ᠨᠠᠷᠠᠨ ᠳᠤ ᠤᠰᠤ ᠡᠷᠭᠦᠳᠡᠭ ᠦᠭᠡᠢ   ᠪᠣᠴᠠᠬᠤ ᠰᠢᠪᠠᠭᠤᠳ ᠤᠨ ᠴᠣᠪᠣᠭ᠎ᠠ ᠶᠢ ᠲᠤᠭᠠᠯᠠᠳᠠᠭ ᠦᠭᠡᠢ   ᠪᠣᠷᠬᠠᠨ ᠤ ᠳᠡᠷᠭᠡᠳᠡ ᠬᠠᠷᠢᠶᠠᠯ ᠬᠡᠯᠡᠳᠡᠭ ᠦᠭᠡᠢ    ᠪᠣᠭᠤᠷᠣᠯ ᠡᠪᠦᠭᠡᠳ ᠤᠨ ᠳᠡᠭᠡᠷ᠎ᠡ ᠰᠠᠭᠤᠳᠠᠭ ᠦᠭᠡᠢ  ᠪᠣᠰᠣᠳ ᠤᠨ ᠬᠡᠷᠡᠭ ᠢ ᠭᠠᠭᠴᠠᠭᠠᠷ ᠰᠢᠢᠳᠳᠡᠭ ᠦᠭᠡᠢ    ᠶᠡᠬᠡᠳᠦᠭᠰᠡᠨ ᠵᠤᠪᠠᠯᠠᠩ ᠳᠤ ᠤᠷᠤᠨ ᠳᠤ ᠪᠠᠨ ᠤᠬᠢᠯᠠᠳᠠᠭ ᠦᠭᠡᠢ    ᠢᠯᠡᠭᠦᠳᠡᠭᠰᠡᠨ ᠵᠢᠷᠭᠠᠯ ᠳᠤ ᠤᠷᠤᠨ ᠳᠤ ᠪᠠᠨ ᠳᠠᠭᠤᠯᠠᠳᠠᠭ ᠦᠭᠡᠢ    ᠢᠳᠡᠭᠰᠡᠨ ᠬᠤᠭᠤᠯᠠ ᠪᠠᠨ ᠲᠤᠳᠠᠭᠤ ᠤᠷᠬᠢᠳᠠᠭ ᠦᠭᠡᠢ    ᠢᠷ ᠲᠠᠢ ᠲᠠᠯ᠎ᠠ ᠪᠠᠷ ᠬᠢᠲᠤᠭ᠎ᠠ ᠳᠠᠮᠵᠢᠭᠤᠯᠳᠠᠭ ᠦᠭᠡᠢ   ᠴᠠᠢ ᠶᠢᠨ ᠰᠢᠪᠬᠠᠷᠤ ᠶᠢ ᠭᠠᠯ ᠳᠤ ᠬᠢᠳᠡᠭ ᠦᠭᠡᠢ   ᠴᠠᠭᠠᠨ ᠢᠳᠡᠭᠡᠨ ᠳᠤ ᠴᠢᠰᠤ ᠬᠤᠯᠢᠳᠠᠭ ᠦᠭᠡᠢ   ᠰᠠᠴᠤᠯᠢ ᠶᠢᠨ ᠢᠳᠡᠭᠡ ᠶᠢ ᠳᠤᠷᠤᠭᠰᠢ ᠡᠷᠭᠦᠳᠡᠭ ᠦᠭᠡᠢ   ᠴᠠᠭ ᠭᠤᠤᠯᠯᠠᠬᠤ ᠳᠤ ᠵᠠᠮ ᠳᠤ ᠭᠠᠷᠳᠠᠭ ᠦᠭᠡᠢ    ᠠᠷᠠᠳ ᠤᠨ ᠰᠠᠶᠢᠬᠠᠨ ᠰᠣᠷᠭᠠᠯ ᠮᠢᠨᠢ    ᠠᠶᠠᠯᠭᠤ ᠲᠡᠭᠦᠰ ᠬᠦᠭᠵᠢᠮ ᠶᠤᠮ    ᠠᠰᠢᠳᠠ ᠶᠢᠨ ᠰᠠᠶᠢᠬᠠᠨ ᠢᠷᠦᠭᠡᠯ ᠨᠢ   ᠠᠮᠠᠨ ᠳᠤ ᠪᠠᠨ ᠤᠩᠰᠢᠬᠤ ᠲᠠᠷᠨᠢ ᠶᠤᠮ ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄   ᠲᠡᠷᠭᠡᠯ  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2