ᠨᠤᠮᠤᠭᠠᠨ ᠬᠠᠶᠢᠷᠬᠠᠨ ᠤ ᠠᠶᠢᠯᠠᠤᠨᠬᠠᠯ | -- ᠬᠦᠳᠡᠭᠡ ᠨᠤᠳᠤᠭ ᠢᠶᠠᠨ ᠮᠠᠨᠳᠤᠭᠤᠯᠬᠤ | ᠬᠦᠭᠵᠢᠯᠲᠡ ᠶᠢᠨ ᠪᠤᠳᠤᠯᠭ᠎ᠠ ᠳᠤ ᠤᠷᠠᠮᠰᠢᠭᠠᠤᠨ | ᠷᠢᠨ᠊᠂ ᠰᠤᠤᠨᠨᠠᠮ | | ᠬᠤᠭᠤᠷ ᠢᠶᠠᠨ ᠬᠦᠭᠯᠡᠭᠡᠦᠨ ᠢᠷᠡᠯ᠎ᠡ | ᠬᠤᠷᠤᠭᠤ ᠪᠠᠷ ᠢᠶᠠᠨ ᠳᠠᠷᠣᠭᠠᠣᠨ ᠡᠬᠢᠯᠡᠶ᠎ᠡ | ᠬᠤᠰᠢᠭᠤ ᠨᠤᠳᠤᠭ ᠲᠠᠭᠠᠨ ᠠᠯᠳᠠᠷ ᠲᠠᠢ | ᠨᠤᠮᠤᠭᠠᠨ ᠠᠭᠤᠯᠠ ᠲᠠᠢ ᠪᠠᠨ ᠵᠤᠭᠤᠭᠳᠠᠶ᠎ᠠ︕ | ᠬᠠᠩᠭᠠᠢ ᠬᠦᠨᠳᠡᠢ ᠲᠠᠯ᠎ᠠ ᠪᠠᠷ ᠢᠶᠠᠨ | ᠬᠠᠭᠠᠨ ᠲᠦᠩᠰᠦᠶᠢᠬᠦ ᠳᠦᠷᠢ ᠲᠠᠢ | ᠬᠠᠨᠠᠭᠠᠷ ᠠᠭᠤᠳᠠᠮ ᠭᠤᠪᠢ ᠪᠠᠷ ᠢᠶᠠᠨ | ᠰᠡᠬᠦᠶᠢᠨ ᠰᠦᠨᠳᠡᠷᠯᠡᠭᠰᠡᠨ ᠰᠦᠷ ᠲᠠᠢ | ᠤᠯᠠᠭᠠᠨᠴᠠᠪ ᠤᠨ ᠬᠤᠶᠢᠮᠤᠷ ᠲᠠᠭᠠᠨ | ᠤᠤᠭᠠᠨ ᠶᠡᠬᠡᠮᠰᠤᠭ᠌ ᠢᠶᠠᠨ ᠭᠠᠶᠢᠬᠠᠭᠤᠯᠤᠭᠠᠤᠨ | ᠤᠨᠠᠭᠠᠨ ᠨᠤᠳᠤᠭ ᠳᠦᠷᠪᠡᠦᠨ ᠤᠨ ᠢᠶᠠᠨ | ᠤᠮᠤᠭᠰᠢᠯ ᠪᠤᠯᠤᠨ ᠵᠦᠮᠪᠦᠷᠢᠯᠡᠭᠰᠡᠨ | ᠦᠷᠭᠡᠨ ᠠᠭᠤᠳᠠᠮ ᠪᠡᠯ ᠢᠶᠠᠷ ᠴᠢᠨᠢ | ᠶᠠᠮᠠᠷ ᠡᠷᠳᠡᠨᠢ ᠨᠢᠭᠤᠭᠳᠠᠨ᠎ᠠ ᠪᠤᠢ︖ | ᠦᠩ ᠲᠠᠢ ᠰᠢᠮᠡᠯᠢᠭ ᠬᠦᠷᠦᠰᠦᠨ ᠳᠤᠤᠷ᠎ᠠ ᠴᠢᠨᠢ | ᠪᠡᠨ᠎ᠡ ᠲᠠᠢ ᠳᠠᠷᠤᠮᠠᠯ ᠶᠠᠭᠤ ᠪᠠᠶᠢᠨ᠎ᠠ ᠪᠤᠢ︖ | ᠪᠤᠯᠤᠤᠨ ᠲᠡᠮᠤᠷ ᠤᠨ ᠬᠦᠳᠡᠷ ᠤᠤ︖ | ᠪᠤᠷᠬᠢᠯᠠᠬᠤ ᠨᠠᠨᠳᠢᠨ ᠲᠤᠰᠤ ᠤᠤ︖ | ᠦᠷᠳᠡᠭ ᠶᠡᠭᠡ ᠭᠠᠤᠯᠢ ᠤᠤ︖ | ᠦᠭᠡᠢ ᠪᠤᠯ ᠬᠦᠷᠡᠯ᠂ ᠵᠢᠰ ᠤᠤ︖ | ᠲᠦᠬᠦᠭᠡᠢ ᠲᠡᠮᠤᠷ ᠯᠡ ᠭᠡᠵᠡᠢ ᠤᠤ ᠳ᠋ᠠ | ᠲᠦᠨ᠎ᠡ ᠬᠠᠷ᠎ᠠ ᠨᠡᠭᠦᠷᠡᠰᠦ ᠲᠠᠢ ᠰᠢᠦ | ᠲᠡᠭᠦᠵᠦ ᠠᠮᠵᠢᠬᠤ ᠦᠭᠡᠢ ᠤᠷᠭᠤᠳᠠᠭ ᠠᠴᠠ | ᠭᠠᠵᠠᠷ ᠤᠨ ᠤᠰᠤ ※ ᠲᠠᠢ ᠴᠦ ᠪᠠᠶᠢᠭᠰᠠᠨ ᠳ᠋ᠠ | ᠴᠢᠯᠠᠭᠤᠨ ᠲᠤᠰᠤ ᠪᠠᠷ ᠯᠡ ᠪᠠᠷᠠᠨ᠎ᠠ ᠤᠤ ᠳ᠋ᠠ | ᠴᠣᠯ ᠰᠢᠷ᠎ᠠ ᠠᠯᠲᠠ ᠲᠠᠢ ᠰᠢᠦ | ᠴᠤᠬᠤᠮ ᠬᠠᠮᠢᠭ᠎ᠠ ᠨᠢ ᠬᠡᠳᠦᠢ ᠪᠠᠶᠢᠬᠤ | ᠴᠢᠬᠤᠯᠠ ᠨᠢᠭᠤᠴᠠ ᠪᠠᠨ ᠬᠡᠯᠡᠬᠦ ᠦᠭᠡᠢ ᠰᠢᠦ | ᠦᠭᠡᠷᠡᠴᠢᠯᠡᠵᠦ ᠪᠠᠶᠢᠭ᠎ᠠ ᠦᠢᠯᠡᠰ ᠲᠡᠭᠡᠨ | ᠦᠭᠡᠷ᠎ᠡ ᠰᠠᠨᠠᠭ᠎ᠠ ᠲᠦᠷᠦᠭᠡ ᠦᠭᠡᠢ ᠰᠢᠦ | ᠡᠪᠦᠷᠯᠡᠵᠦ ᠪᠠᠶᠢᠭ᠎ᠠ ᠡᠷᠳᠡᠨᠢ ᠶᠢᠨ ᠵᠦᠢᠯᠡᠰ ᠢᠶᠠᠨ | ᠦᠵᠡᠭᠦᠯᠬᠦ ᠳᠤᠷ᠎ᠠ ᠦᠭᠡᠢ ᠴᠤ ᠪᠢᠰᠢ ᠰᠢᠦ | ᠬᠦᠳᠡᠭᠡ ᠨᠤᠳᠤᠭ ᠢᠶᠠᠨ ᠬᠦᠭᠵᠢᠬᠦᠯᠬᠦ | ᠬᠦᠨᠳᠦᠳᠦ ᠨᠠᠮ ᠤᠨ ᠢᠶᠠᠨ ᠪᠤᠳᠤᠯᠭ᠎ᠠ ᠪᠠᠷ | ᠮᠠᠯᠳᠠᠵᠤ ᠰᠡᠭᠴᠢᠬᠦ ᠶᠢ ᠴᠠᠭᠠᠵᠠᠯᠠᠭᠤᠨ | ᠮᠠᠨᠳᠤᠭᠤᠯᠵᠤ ᠰᠡᠷᠭᠦᠭᠡᠵᠦ ᠡᠬᠢᠯᠡᠭᠰᠡᠨ ᠠᠴᠠ | ᠨᠢᠳᠤᠨ ᠡᠮᠦᠨᠡᠬᠢ ᠠᠰᠢᠭ ᠲᠤᠰᠠ ᠳᠤ | ᠨᠦᠬᠡ ᠮᠠᠯᠳᠠᠬᠤ ᠪᠠᠨ ᠵᠤᠭᠰᠤᠮᠠᠷ ᠡ | ᠨᠢᠴᠦᠭᠦᠨ ᠪᠤᠯᠲᠠᠯ᠎ᠠ ᠴᠦᠯᠪᠡᠳᠡᠭ | ᠨᠢᠭᠦᠯ ᠢ ᠴᠤ ᠬᠢᠬᠦ ᠪᠠᠨ ᠪᠠᠶᠢᠮᠠᠷ ᠡ | ᠮᠠᠰᠢᠨ ※ ᠮᠤᠲ᠋ᠤᠷ ᠲᠠᠭᠠᠨ ᠠᠳᠡᠯ ᠦᠭᠡᠢ | ᠮᠠᠵᠢᠶᠠᠩ -- ᠮᠦᠷᠦᠢ ᠳᠤ ᠴᠤ ᠰᠢᠨᠤᠯ ᠦᠭᠡᠢ | ᠡᠯᠡᠰᠦ ᠮᠠᠩᠬ᠎ᠠ ᠪᠠᠨ ᠤᠶᠢᠵᠢᠭᠤᠯᠤᠭᠠᠤᠨ | ᠠᠯᠤᠰ ᠤᠨ ᠵᠠᠮ ᠢᠶᠠᠨ ᠵᠠᠰᠠᠮᠠᠷ | ᠠᠷᠢᠬᠢ ᠲᠠᠮᠠᠬᠢᠨ ᠤ ᠬᠤᠤᠷ ᠢᠶᠠᠨ | ᠠᠯᠵᠠᠭᠤ ᠵᠠᠯᠬᠠᠭᠤ ᠵᠠᠩ ᠢᠶᠠᠨ | ᠪᠦᠯᠬᠦᠮ ᠮᠠᠭᠤᠲᠠᠢ ᠭᠡᠮ ᠢᠶᠠᠨ | ᠪᠦᠭᠦᠳᠡ ᠶᠢ ᠨᠢ ᠡᠬᠢᠯᠡᠭᠡᠦᠨ ᠵᠠᠰᠠᠮᠠᠷ ᠡ | ᠬᠦᠳᠡᠭᠡ ᠭᠠᠳᠠᠭ᠎ᠠ ᠦᠭᠡᠢ ᠬᠦᠯ ᠬᠤᠷᠢᠭᠰᠠᠨ | ᠬᠦᠷᠢᠶ᠎ᠡ ᠬᠠᠰᠢᠶ᠎ᠠ ᠪᠠᠨ ᠬᠠᠯᠠᠮᠠᠷ ᠡ | ᠨᠤᠳᠤᠭ ᠪᠡᠯᠴᠢᠭᠡᠷ ᠢᠶᠠᠨ ᠴᠢᠯᠦᠭᠡᠯᠡᠭᠡᠦᠨ | ᠬᠤᠤᠨᠳᠤᠭ ᠤᠰᠤ ᠪᠠᠨ ᠴᠤ ᠯᠠᠶᠢᠳᠠᠮᠠᠷ ᠡ | ᠠᠭᠠᠯᠵᠢ ᠶᠢᠨ ᠲᠤᠤᠷ ᠰᠢᠭ ᠵᠠᠮ ᠤᠳ ᠢᠶᠠᠨ | ᠠᠲᠠᠷᠰᠢᠭᠤᠯᠵᠤ ᠨᠤᠭᠤᠭᠠᠷᠠᠭᠤᠯᠵᠤ ᠠᠪᠤᠮᠠᠷ ᠡ | ᠤᠷᠴᠢᠨ ᠲᠤᠭᠤᠷᠢᠨ ᠢᠶᠠᠨ ᠵᠦᠭᠰᠢᠷᠡᠭᠦᠯᠦᠭᠡᠦᠨ | ᠤᠷᠤᠰᠢᠬᠤ ᠶᠤᠰᠤ ᠪᠠᠷ ᠨᠢ ᠠᠵᠢᠯᠯᠠᠮᠠᠷ ᠡ | ᠲᠠᠪᠤᠨ ᠬᠤᠰᠢᠭᠤ ᠮᠡᠯ ᠤᠨ ᠢᠶᠠᠨ | ᠲᠦᠷᠦᠯ ᠢ ᠨᠢ ᠪᠦᠷᠢᠨ ᠪᠤᠯᠭᠠᠮᠠᠷ ᠡ | ᠮᠠᠯ ᠪᠡᠯᠴᠢᠭᠡᠷ ᠢᠶᠠᠨ ᠲᠡᠩᠴᠡᠭᠦᠯᠦᠭᠡᠦᠨ | ᠲᠠᠯ᠎ᠠ ᠶᠢᠨ ᠢᠶᠠᠨ ᠵᠠᠢ ᠪᠠᠷ ᠨᠡᠭᠦᠮᠡᠷ ᠡ | ᠨᠢᠭᠡᠳᠦᠯ ᠬᠤᠷᠰᠢᠶ᠎ᠠ ᠪᠠᠶᠢᠭᠤᠯᠤᠭᠠᠤᠨ | ᠨᠡᠶᠢᠲᠡ ᠶᠢᠨ ᠬᠦᠴᠦ ᠪᠠᠷ ᠢᠶᠠᠨ ᠳᠡᠭᠵᠢᠷᠡᠮᠡᠷ ᠡ | ᠨᠢᠭᠡ ᠬᠦᠮᠦᠨ ᠢ ᠴᠤ ᠬᠤᠴᠤᠷᠭᠠᠬᠤ ᠦᠭᠡᠢ | ᠶᠠᠳᠠᠭᠤ ᠠᠴᠠ ᠪᠠᠨ ᠰᠠᠯᠤᠭᠠᠤᠨ ᠪᠠᠶᠠᠵᠢᠮᠠᠷ ᠡ | ᠦᠭᠡ ᠪᠠᠨ ᠡᠵᠡᠨ ᠳᠤᠨᠢ ᠬᠡᠯᠡᠮᠡᠷ ᠡ | ᠮᠤᠷᠢ ᠪᠠᠨ ᠢᠵᠢᠯᠢ ᠳᠤᠨᠢ ᠲᠠᠯᠪᠢᠮᠠᠷ ᠡ | ᠡᠪᠦᠭᠡ ᠳᠡᠭᠡᠲᠤ ᠶᠢᠨ ᠨᠤᠳᠤᠭ ᠤᠰᠤ ᠪᠠᠨ | ᠦᠢᠯᠡᠰ ᠤᠨ ᠴᠡᠴᠡᠷᠯᠢᠭ ᠪᠤᠯᠭᠠᠮᠠᠷ ᠡ | ᠨᠤᠮᠤᠭᠠᠨ ᠠᠭᠤᠯᠠ ᠶᠢᠨ ᠠᠶᠢᠯᠠᠤᠨᠬᠠᠯ | ᠨᠤᠳᠤᠭ ᠤᠰᠤᠨ ᠤ ᠮᠢᠨᠢ ᠭᠦᠦᠷᠨᠢᠯ ᠰᠢᠦ | ᠨᠡᠶᠢᠭᠡᠮ ᠵᠢᠷᠤᠮ ᠤᠨ ᠦᠵᠡᠯ ᠰᠠᠨᠠᠭᠠᠨ ᠳᠤ | ᠨᠡᠶᠢᠴᠡᠵᠦ ᠪᠠᠶᠢᠭ᠎ᠠ ᠦᠷᠨᠢᠯ ᠰᠢᠦ | ᠨᠡᠶᠢᠲᠡ ᠤᠯᠠᠨ ᠮᠠᠯᠴᠢᠦᠨ ᠤᠨ ᠮᠢᠨᠢ | ᠨᠠᠨᠳᠢᠨ ᠬᠦᠰᠡᠯ ᠤᠨ ᠵᠦᠩᠨᠡᠯ ᠰᠢᠦ | ᠨᠠᠶᠢᠷᠠᠭᠤᠯᠵᠤ ᠬᠤᠯᠪᠤᠵᠤ ᠰᠢᠯᠦᠭᠯᠡᠭᠰᠡᠨ | ᠮᠢᠨᠦ ᠰᠡᠦᠨᠬᠢᠯ ᠤᠨ ᠤᠶᠠᠩᠭ᠎ᠠ ᠰᠢᠦ | ※ ※ ※ | ᠬᠤᠷᠸ᠎ᠠ ᠶᠢᠨ ᠰᠤᠨᠤᠷ ᠲᠤ ᠲᠠᠭᠠᠰᠢᠶᠠᠯ ᠲᠠᠢ | ︿︿ᠬᠤᠪᠢᠯᠭᠠᠨ ᠬᠦᠯᠭᠡ﹀﹀ ᠶᠢᠨ ᠦᠯᠦᠭᠡᠢ | ᠬᠤᠪᠢ ᠲᠠᠢ ᠨᠤᠳᠤᠭ ᠳᠦᠷᠪᠡᠦᠨ ᠤᠨ ᠢᠶᠠᠨ | ᠬᠤᠶᠢᠲᠦ ᠬᠢᠯᠢ ᠪᠠᠷ ᠰᠦᠮᠪᠦᠷᠯᠡᠭᠰᠡᠨ | ᠤᠷᠠᠨ ᠳᠠᠷᠬᠠᠨ ᠤ ᠲᠦᠰᠢ ᠰᠢᠭ | ᠤᠷᠲᠤ ᠳᠦᠷᠪᠡᠯᠵᠢᠨ ᠴᠣᠭᠵᠢᠨ ᠳᠠᠭᠠᠨ | ᠤᠤᠠᠬ᠎ᠠ ᠰᠤᠶᠤᠯ ᠦᠯᠢᠭᠡᠷ ᠲᠡᠦᠬᠡ ᠲᠠᠢ | ᠠᠭᠤᠯᠠ ᠶᠢᠨ ᠰᠤᠳᠤ --- ᠨᠤᠮᠤᠭᠠᠨ ᠠᠭᠤᠯᠠ ᠡ︕ | ᠢᠷᠡᠯᠲᠡ᠄ ᠳᠦᠷᠪᠡᠦᠨ ᠬᠤᠰᠢᠭᠤᠨ ᠤ ᠬᠠᠮ ᠵᠠᠭᠤᠴᠢᠯᠠᠭᠤᠷ | ᠳᠡᠪᠰᠢᠭᠦᠯᠦᠭᠴᠢ᠄ ᠲᠡᠷᠭᠡᠯ | | | | | | | | |