ᠵᠠᠷᠢᠮ ᠣᠪᠣᠭ ᠠᠶᠢᠮᠠᠭ ᠤᠨ ᠲᠤᠬᠠᠢ | | ᠨᠢᠷᠤᠭᠤᠨ ᠣᠪᠣᠭ — ᠤᠯᠠᠮᠵᠢᠯᠠᠯ ᠶᠠᠷᠢᠶ᠎ᠠ ᠪᠠᠷ ᠲᠡᠮᠦᠵᠢᠨ ᠤ ᠠᠷᠪᠠᠨ ᠨᠢᠭᠡᠨ ᠦᠶ᠎ᠡ ᠶᠢᠨ ᠡᠮᠦᠨᠡᠬᠢ | ᠡᠮᠡᠭᠡ ᠠᠯᠤᠨ ᠭᠤᠸ᠎ᠠ ᠶᠢᠨ ᠬᠡᠪᠡᠯᠢ ᠳᠤ ᠨᠢ ᠭᠡᠷᠡᠯ ᠰᠢᠩᠭᠡᠭᠰᠡᠨ ᠠᠴᠠ ᠪᠣᠯᠵᠤ ᠵᠢᠷᠮᠤᠰᠤᠯᠠᠨ ᠭᠤᠷᠪᠠᠨ ᠬᠦᠦ ᠲᠠᠢ | ᠪᠣᠯᠵᠠᠢ᠃ ᠡᠨᠡ ᠭᠤᠷᠪᠠᠨ ᠬᠦᠦ ᠶᠢ ᠲᠡᠭᠷᠢ ᠰᠠᠬᠢᠭᠤᠯᠰᠤᠨ ᠶᠢᠷᠲᠢᠨᠴᠦ ᠳᠤ ᠲᠤᠮᠢᠯᠠᠨ ᠪᠠᠭᠤᠯᠭᠠᠯ᠎ᠠ ᠭᠡᠵᠦ ᠦᠵᠡᠵᠦ | ᠪᠠᠶᠢᠭᠰᠠᠨ ᠪᠣᠯᠬᠤᠷ ᠲᠡᠳᠡᠨ ᠢ ︽ᠨᠢᠷᠤᠭᠤᠳ︾᠂ ︽ᠨᠢᠷᠤᠭᠤᠨ︾ ᠭᠡᠵᠦ ᠳᠠᠭᠤᠳᠠᠵᠤ᠂ ᠬᠤᠵᠢᠮ ᠨᠢ ᠡᠳᠡ | ᠭᠤᠷᠪᠠᠭᠤᠯᠠ ᠶᠢᠨ ᠦᠷᠡᠰ ᠢ ︽ᠨᠢᠷᠤᠭᠤᠨ ᠮᠤᠩᠭᠤᠯ︾ ᠭᠡᠵᠦ ᠶᠡᠷᠦᠩᠬᠡᠶᠢᠯᠡᠨ ᠳᠠᠭᠤᠳᠠᠬᠤ ᠪᠣᠯᠵᠠᠢ᠃ | | ᠲᠠᠩᠭᠤᠳ ᠣᠪᠣᠭ — ᠨᠡᠶᠢᠲᠡ ᠶᠢᠨ ᠣᠨ ᠲᠤᠭᠠᠯᠠᠯ ᠤᠨ11 — 13 ᠵᠠᠭᠤᠨ ᠤ ᠡᠬᠢ ᠬᠦᠷᠲᠡᠯ᠎ᠡ᠂ | ᠡᠳᠦᠭᠡᠬᠢ ᠨᠢᠩᠰᠢᠶᠠ ᠤᠷᠴᠢᠮ ᠳᠤ ︽ᠶᠡᠭᠡ ᠰᠢᠶᠠ︾ ᠭᠡᠬᠦ ᠨᠢᠭᠡ ᠤᠯᠤᠰ ᠪᠠᠶᠢᠪᠠ᠃ ᠰᠦᠩ ᠤᠯᠤᠰ ᠤᠨ | ᠪᠠᠷᠠᠭᠤᠨ ᠵᠠᠬ᠎ᠠ ᠳᠤ ᠬᠦᠷᠰᠢᠯᠡᠵᠦ ᠪᠠᠶᠢᠭᠰᠠᠨ ᠪᠣᠯᠬᠤᠷ ᠪᠠᠷᠠᠭᠤᠨ ᠰᠢᠶᠠ ᠤᠯᠤᠰ ᠭᠡᠵᠦ ᠴᠦ ᠬᠡᠯᠡᠳᠡᠭ᠃ ᠮᠤᠩᠭᠤᠯ | ᠬᠠᠭᠠᠨᠲᠤ ᠤᠯᠤᠰ ᠪᠠᠶᠢᠭᠤᠯᠤᠭᠳᠠᠭᠰᠠᠨ ᠤ ᠰᠡᠭᠦᠯᠡᠷ1227 ᠤᠨ ᠳᠤ ᠲᠤᠰ ᠤᠯᠤᠰ ᠢ ᠳᠠᠶᠢᠯᠠᠨ ᠮᠦᠬᠦᠭᠡᠭᠰᠡᠨ | ᠶᠤᠮ᠃ ᠮᠤᠩᠭᠤᠯᠴᠤᠳ ᠲᠤᠬᠠᠢ ᠶᠢᠨ ᠦᠶ᠎ᠡ ᠶᠢᠨ ᠲᠠᠩᠬᠤ ᠶᠢᠨ ᠴᠢᠶᠠᠩ ᠦᠨᠳᠦᠰᠦᠲᠡᠨ ᠪᠠ ᠬᠦᠬᠡᠨᠠᠭᠤᠷ ᠤᠨ | ᠲᠦᠪᠡᠳ ᠢ ᠶᠡᠷᠦᠩᠬᠡᠢ ᠳᠤ ᠨᠢ ᠲᠠᠩᠭᠤᠳᠴᠤᠳ ᠭᠡᠳᠡᠭ ᠪᠠᠶᠢᠵᠠᠢ᠃ ᠲᠠᠩᠬᠤ ᠶᠢᠨ ᠴᠢᠶᠠᠩ ᠦᠨᠳᠦᠰᠦᠲᠡᠨ | ᠮᠤᠩᠭᠤᠯ ᠳᠤ ᠰᠢᠩᠭᠡᠭᠰᠡᠨ ᠤ ᠰᠡᠭᠦᠯᠡᠷ ᠤᠤᠯ ᠤᠨ ᠤᠯᠤᠰ ᠤᠨ ᠢᠶᠠᠨ ᠨᠡᠷ᠎ᠡ ᠪᠠᠷ ᠢᠶᠠᠨ ᠲᠠᠩᠭᠤᠳ ᠤᠪᠤᠭᠲᠠᠨ | ᠪᠣᠯᠪᠠ᠃ | ᠲᠦᠪᠡᠳ ᠣᠪᠣᠭ — ᠡᠷᠲᠡᠨ ᠤ ᠦᠶ᠎ᠡ ᠳᠤ ᠲᠦᠪᠡᠳ ᠤᠷᠤᠨ ᠳᠤ ᠨᠣᠲᠣᠭᠯᠠᠳᠠᠭ ᠲᠦᠪᠡᠳᠴᠣᠳ ᠢ | ᠮᠤᠩᠭᠤᠯᠴᠣᠳ ︽ᠲᠦᠪᠡᠳ︾ ᠭᠡᠵᠦ᠂ ᠬᠦᠬᠡᠨᠠᠭᠤᠷ ᠤᠷᠤᠨ ᠳᠤ ᠨᠤᠲᠤᠭᠯᠠᠳᠠᠭ ᠲᠦᠪᠡᠳᠴᠤᠳ ᠢ ᠨᠢ ︽ | ᠲᠠᠩᠭᠤᠳ︾ ᠭᠡᠳᠡᠭ᠃ ᠴᠢᠩ ᠤᠯᠤᠰ ᠠᠴᠠ ᠰᠡᠬᠦᠯᠴᠢ ᠪᠠᠷ ᠲᠦᠪᠡᠳᠴᠤᠳ ᠢ ᠪᠦᠬᠦᠨ ᠢᠶᠠᠷ ᠨᠢ ︽ᠲᠦᠪᠡᠳ︾ | ᠭᠡᠵᠦ ᠳᠠᠭᠤᠳᠠᠬᠤ ᠪᠣᠯᠪᠠ᠃ ᠮᠤᠩᠭᠤᠯᠴᠤᠳ ᠤᠨ ᠲᠤᠲᠤᠷᠠᠬᠢ ᠲᠦᠪᠡᠳ ᠣᠪᠣᠭ ᠪᠣᠯ ᠲᠦᠪᠡᠳ ᠦᠨᠳᠦᠰᠦᠲᠡᠨ ᠤ | ᠨᠡᠷ᠎ᠡ ᠠᠴᠠ ᠤᠯᠠᠷᠢᠵᠤ ᠢᠷᠡᠭᠰᠡᠨ ᠶᠤᠮ᠃ | ᠲᠠᠶᠢᠵᠢ ᠣᠪᠣᠭ — ︽ᠲᠠᠶᠢᠵᠢ︾ ᠭᠡᠭᠴᠢ ᠨᠢ ︽ᠲᠠᠶᠢᠽᠢ︾ ᠶᠢᠨ ᠤᠨᠳᠤᠤᠰᠢᠭᠰᠠᠨ ᠠᠪᠢᠶ᠎ᠠ ᠮᠦᠨ᠃ | ᠶᠤᠸᠠᠨ᠂ ᠮᠢᠩ᠂ ᠴᠢᠩ ᠭᠤᠷᠪᠠᠨ ᠲᠦᠷᠦ ᠶᠢᠨ ᠦᠶ᠎ᠡ ᠳᠤ᠂ ᠴᠢᠩᠬᠢᠰ ᠬᠠᠭᠠᠨ ᠤ ︽ᠠᠯᠲᠠᠨ ᠤᠷᠤᠭᠲᠠᠨ︾ — | ᠪᠣᠷᠵᠢᠬᠢᠨ ᠣᠪᠣᠭᠲᠠᠳ ᠢ ᠵᠠᠷᠢᠮ ᠭᠠᠵᠠᠷ ᠤᠳ ᠲᠤ ᠲᠠᠶᠢᠵᠢ ᠭᠡᠵᠦ ᠳᠠᠭᠤᠳᠠᠳᠠᠭ᠃ ᠡᠨᠡᠬᠦ ᠴᠤᠯᠠ ᠶᠢ ᠬᠦᠪᠡᠭᠦᠳ | ᠨᠢ ᠦᠶ᠎ᠡ ᠤᠯᠠᠷᠢᠨ ᠵᠠᠯᠭᠠᠮᠵᠢᠯᠠᠬᠤ ᠪᠣᠯᠪᠠᠴᠤ᠂ ᠬᠡᠦᠬᠡᠨ ᠨᠢ ᠪᠣᠰᠣᠳ ᠣᠪᠣᠭᠲᠠᠨ ᠳᠤ ᠮᠤᠷᠳᠠᠭᠰᠠᠨ ᠤ ᠰᠡᠭᠦᠯᠡᠷ | ᠦᠪᠡᠷ ᠢᠶᠠᠨ ᠬᠡᠷᠡᠭᠯᠡᠳᠡᠭ ᠠᠴᠠ ᠪᠢᠰᠢ᠂ ᠦᠷ᠎ᠡ ᠬᠡᠦᠬᠡᠳ ᠲᠤ ᠪᠠᠨ ᠵᠠᠯᠭᠠᠮᠵᠢᠯᠠᠳᠠᠭ ᠦᠭᠡᠢ᠂ ︽ᠲᠠᠶᠢᠵᠢ︾ | ᠣᠪᠣᠭᠲᠠᠳ ᠤᠨ ᠣᠯᠠᠩᠬᠢ ᠨᠢ ᠪᠣᠷᠵᠢᠬᠢᠳ ᠣᠪᠣᠭᠲᠠᠳ ᠪᠠᠶᠢᠳᠠᠭ ᠶᠤᠮ᠃ | ᠵᠦᠷᠴᠢᠳ ᠣᠪᠣᠭ — ᠵᠦᠷᠴᠢᠳ ᠣᠪᠣᠭ ︵女真︶ ᠶᠤᠸᠠᠨ ᠤᠯᠤᠰ ᠤᠨ ᠦᠶ᠎ᠡ ᠳᠤ ᠮᠠᠨᠵᠤ ᠶᠢᠨ | ᠳᠡᠭᠡᠳᠦᠰ ᠢ ᠵᠦᠷᠴᠢᠳ ᠭᠡᠳᠡᠭ᠃ ᠵᠦᠷᠴᠢᠳ ᠮᠤᠩᠭᠤᠯ ᠳᠤ ᠰᠢᠩᠭᠡᠭᠰᠡᠨ ᠤ ᠰᠡᠬᠦᠯᠡᠷ ᠮᠦᠨ ᠵᠦᠷᠴᠢᠳ ᠤᠪᠤᠭᠲᠠᠨ | ᠪᠣᠯᠵᠠᠢ᠃ ︽ᠮᠤᠩᠭᠤᠯ ᠬᠡᠪᠯᠡᠯ ᠤᠨ ᠲᠡᠦᠬᠡ︾ ᠠᠴᠠ | ᠢᠷᠡᠯᠲᠡ ᠄ ᠬᠤᠯᠪᠤᠭ᠎ᠠ ᠪᠦᠷᠭᠡ | ᠳᠡᠪᠰᠢᠭᠦᠯᠦᠭᠴᠢ᠄ ᠲᠡᠷᠭᠡᠯ | | | |