ᠠᠷᠢᠬᠢ ᠶᠢᠨ ᠰᠠᠴᠤᠯ ᠤᠨ ᠢᠷᠦᠭᠡᠯ
ᠨᠡᠶᠢᠲᠡᠯᠡᠭᠰᠡᠨ ᠴᠠᠭ᠄
2024/11/7
      ᠠᠷᠢᠬᠢ ᠶᠢᠨ ᠰᠠᠴᠤᠯ ᠤᠨ ᠢᠷᠦᠭᠡᠯ   ᠪᠠᠷᠢᠭᠰᠠᠨ ᠴᠢᠨᠢ  ᠪᠠᠲᠤ ᠮᠥᠩᠬᠡ ᠶᠢᠨ ᠷᠠᠰᠢᠶᠠᠨ ᠪᠣᠯᠵᠤ  ᠪᠠᠶᠢᠭᠰᠠᠨ ᠪᠡᠶ᠎ᠡ ᠴᠢᠨᠢ ᠮᠥᠩᠬᠡ ᠪᠣᠯᠵᠤ  ᠲᠥᠷᠥ ᠶᠢᠨ ᠬᠡᠷᠡᠭ ᠲᠦᠪᠰᠢᠨ ᠪᠣᠯᠵᠤ  ᠲᠥᠷᠦᠯ ᠡᠯᠢᠭᠡ ᠪᠠᠷ ᠢᠶᠠᠨ ᠵᠠᠭᠤ ᠬᠦᠷᠴᠦ  ᠭᠠᠳᠠᠭᠠᠳᠤ ᠳᠠᠯᠠᠢ ᠰᠢᠩᠭᠢ   ᠳᠣᠲᠣᠷ᠎ᠠ ᠠᠴᠠ ᠪᠠᠨ ᠪᠤᠴᠠᠯᠵᠤ  ᠭᠠᠯᠪᠢᠷ ᠽᠠᠨᠳᠠᠨ ᠰᠢᠩᠭᠢ  ᠦᠵᠦᠭᠦᠷ ᠠᠴᠠ ᠪᠠᠨ ᠨᠠᠶᠢᠬᠤᠯᠠᠵᠤ  ᠪᠤᠯᠠᠭ ᠤᠨ ᠤᠰᠤᠨ ᠰᠢᠩᠭᠢ  ᠳᠤᠮᠳᠠ ᠠᠴᠠ ᠪᠠᠨ ᠣᠷᠭᠢᠯᠵᠤ  ᠪᠤᠷᠠᠭ᠎ᠠ ᠮᠣᠳᠣᠨ ᠰᠢᠩᠭᠢ  ᠪᠤᠲᠠᠯᠠᠨ ᠭᠠᠩᠬᠤᠵᠤ  ᠬᠦᠵᠢ ᠠᠳᠠᠯᠢ ᠦᠨᠦᠷ ᠲᠠᠢ ᠪᠣᠯᠵᠤ  ᠬᠦᠵᠦᠭᠦᠨ ᠠᠳᠠᠯᠢ ᠪᠥᠬᠡ ᠪᠣᠯᠵᠤ  ᠠᠯᠠᠭ ᠪᠤᠯᠠᠭ ᠠᠳᠤᠭᠤᠨ ᠴᠢᠨᠢ   ᠠᠳᠠᠷᠠᠭ ᠢᠶᠠᠷ ᠳᠦᠭᠦᠷᠴᠦ  ᠬᠥᠪᠥᠩ ᠴᠠᠭᠠᠨ ᠬᠤᠨᠢ ᠴᠢᠨᠢ  ᠬᠥᠳᠡᠭᠡ ᠪᠠᠷ ᠳᠦᠭᠦᠷᠴᠦ  ᠬᠠᠷ᠎ᠠ ᠠᠷᠢᠬᠢ ᠬᠠᠯᠢᠮ ᠥᠭᠡᠬᠦᠨ  ᠬᠠᠶᠢᠰᠤ ᠪᠠᠷ ᠴᠢᠨᠢ ᠪᠢᠯᠬᠠᠵᠤ  ᠪᠤᠭᠤᠷᠤᠯ ᠠᠪᠤ ᠶᠢᠨ ᠢᠶᠠᠨ ᠪᠠᠭᠤᠷᠢᠨ ᠳᠤ ᠪᠠᠭᠤᠵᠤ  ᠪᠤᠶᠠᠨ ᠲᠠᠢ ᠡᠵᠢ ᠶᠢᠨ ᠢᠶᠠᠨ ᠰᠠᠭᠤᠷᠢᠨ ᠳᠤ ᠰᠠᠭᠤᠵᠤ  ᠨᠠᠷᠠᠨ ᠰᠢᠩᠭᠢ ᠮᠠᠨᠳᠤᠯᠠᠵᠤ  ᠰᠠᠷᠠᠨ ᠰᠢᠩᠭᠢ ᠮᠡᠯᠲᠡᠭᠡᠯᠵᠡᠵᠦ  ᠰᠠᠭᠯᠠᠭᠠᠷ ᠽᠠᠨᠳᠠᠨ ᠮᠡᠲᠦ ᠰᠠᠭᠯᠠᠷᠴᠤ  ᠣᠷᠴᠢᠯᠠᠩ ᠳᠤ ᠤᠨᠴᠢᠲᠠᠢ  ᠨᠤᠲᠤᠭ ᠲᠠᠭᠠᠨ ᠨᠡᠷ᠎ᠡ ᠲᠠᠢ  ᠤᠷᠲᠤ ᠨᠠᠰᠤᠲᠠᠢ  ᠤᠳᠠᠭᠠᠨ ᠵᠢᠷᠭᠠᠯ ᠲᠠᠢ  ᠠᠮᠤᠭᠤᠯᠠᠩ ᠡᠳᠡᠯᠡᠬᠦ ᠶᠢᠨ ᠳᠡᠮᠪᠡᠷᠢᠯ ᠪᠣᠯᠲᠤᠭᠠᠢ︕ ᠢᠷᠡᠯᠲᠡ ᠄  ᠬᠤᠯᠪᠤᠭ᠎ᠠ  ᠪᠦᠷᠭᠡᠳᠡᠪᠰᠢᠭᠦᠯᠦᠭᠴᠢ᠄  ᠲᠡᠷᠭᠡᠯ   
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2