ᠳᠡᠭᠡᠭᠰᠢ ᠶᠢᠰᠤᠠ ᠦᠶ᠎ᠠ ᠬᠢᠭᠡᠳ ᠳᠤᠷᠤᠭᠰᠢ ᠶᠢᠰᠤᠠ ᠦᠶ᠎ᠠ ᠶᠢᠨ ᠳᠠᠭᠤᠳᠠᠯᠭ᠎ᠠ
ᠨᠡᠶᠢᠲᠡᠯᠡᠭᠰᠡᠨ ᠴᠠᠭ᠄
2024/11/7
      ᠳᠡᠭᠡᠭᠰᠢ ᠶᠢᠰᠤᠠ ᠦᠶ᠎ᠠ ᠬᠢᠭᠡᠳ ᠳᠤᠷᠤᠭᠰᠢ ᠶᠢᠰᠤᠠ ᠦᠶ᠎ᠠ ᠶᠢᠨ ᠳᠠᠭᠤᠳᠠᠯᠭ᠎ᠠ                    ᠮᠤᠩᠭᠤᠯᠴᠤᠳ ᠡᠴᠢᠭᠡ ᠶᠢᠨ ᠤᠳᠤᠮ ᠤᠭᠰᠠᠭᠠᠨ ᠤ ᠬᠢ ᠪᠠᠨ ᠶᠠᠰᠤᠨ ᠲᠦᠷᠦᠯ ᠭᠡᠵᠤ᠂ ᠡᠬᠡ ᠶᠢᠨ ᠤᠳᠤᠮ ᠤᠭᠰᠠᠭᠠᠨ ᠤ ᠬᠢ ᠪᠠᠨ ᠴᠢᠰᠤᠨ ᠲᠦᠷᠦᠯ ᠭᠡᠳᠡᠭ᠃         ᠦᠶ᠎ᠡ ᠲᠦᠷᠦᠯ ᠢᠶᠠᠨ ᠦᠪᠡᠷ ᠠᠴᠠ ᠪᠠᠨ ᠲᠡᠭᠡᠭᠰᠢ ᠶᠢᠰᠤᠨ ᠦᠶ᠎ᠡ ᠪᠠᠨ ᠡᠴᠢᠭᠡ᠂ ᠡᠪᠦᠭᠡ᠂ ᠡᠯᠤᠨᠴᠡ ᠡᠪᠦᠭᠡ᠂ ᠬᠤᠯᠤᠨᠴᠠ ᠡᠪᠦᠭᠡ᠂ ᠡᠯᠤᠨ ᠡᠪᠦᠭᠡ᠂ ᠬᠤᠯᠤᠨ ᠡᠪᠦᠭᠡ᠂ ᠬᠤᠯᠪᠤᠭ᠎ᠠ ᠡᠪᠦᠭᠡ᠂ ᠦᠨᠳᠦᠷ ᠡᠪᠦᠭᠡ᠂ ᠪᠠᠯᠡᠳᠡᠩ ᠡᠪᠦᠭᠡ ᠭᠡᠵᠤ ᠨᠡᠷᠡᠯᠡᠵᠤ᠂ ᠴᠠᠭᠠᠰᠢ ᠪᠠᠨ ᠪᠤᠯ ᠡᠪᠦᠭᠡ ᠲᠡᠭᠡᠳᠦᠰ ᠭᠡᠳᠡᠭ᠃         ᠦᠪᠡᠷ ᠠᠴᠠ ᠪᠠᠨ ᠲᠤᠭᠤᠭᠰᠢ ᠶᠢᠰᠤᠨ ᠦᠶ᠎ᠡ ᠪᠠᠨ ᠬᠦᠦ᠂ ᠤᠮᠪᠤᠯᠤ᠂ ᠲᠤᠮᠪᠤᠯᠤ ︵ᠵᠢᠴᠢ︶᠂ ᠵᠢᠴᠢᠨᠴᠢᠷ ᠂ ᠭᠤᠴᠢ᠂ ᠭᠤᠴᠢᠨᠴᠢᠷ᠂ ᠵᠢᠬᠦ᠂ ᠵᠢᠯᠢᠢᠭᠦᠢ᠂ ᠲᠡᠯᠢᠢᠭᠦᠢ ᠭᠡᠵᠤ ᠨᠡᠷᠡᠯᠡᠨ ᠲᠠᠭᠤᠳᠠᠳᠠᠭ᠃              ᠬᠠᠵᠠᠭᠤ ᠶᠢᠨ ᠬᠥᠨᠳᠠᠯᠠᠨ ᠬᠡᠯᠬᠢᠶ᠎ᠠ ᠪᠠᠨ ᠢᠯᠭᠠᠬᠤ ᠲᠠᠯ᠎ᠠ ᠪᠠᠷ ᠨᠠᠢᠮᠠᠨ ᠬᠡᠯᠬᠢᠶ᠎ᠠ ᠪᠠᠨ ᠢᠯᠭᠠᠨ ᠲᠠᠭᠤᠳᠠᠵᠣ ᠴᠢᠳᠠᠨ᠎ᠠ᠄   ᠲᠥᠷᠥᠭᠰᠡᠨ ᠠᠬ᠎ᠠ ᠲᠡᠬᠦᠥ — ᠡᠴᠢᠬᠡ ᠨᠢᠬᠡᠳᠡᠢ ᠠᠬ᠎ᠠ ᠲᠡᠬᠦᠥ︔   ᠥᠶᠡᠯᠢᠳ ᠠᠬ᠎ᠠ ᠲᠡᠬᠦᠥ — ᠡᠪᠦᠭᠡ ᠨᠢᠬᠡᠳᠡᠢ ᠠᠬ᠎ᠠ ᠲᠡᠬᠦᠥ︔   ᠬᠠᠯᠢᠶᠠᠳ ᠠᠬ᠎ᠠ ᠲᠡᠬᠦᠥ — ᠡᠯᠣᠨᠴᠡ ᠡᠪᠦᠭᠡ ᠨᠢᠬᠡᠳᠡᠢ ᠠᠬ᠎ᠠ ᠲᠡᠬᠦᠥ︔   ᠥᠶ᠎ᠠ ᠠᠬ᠎ᠠ ᠲᠡᠬᠦᠥ — ᠬᠤᠯᠣᠨᠴᠠ ᠡᠪᠦᠭᠡ ᠨᠢᠬᠡᠳᠡᠢ ᠠᠬ᠎ᠠ ᠲᠡᠬᠦᠥ︔  ᠬᠠᠶ᠎ᠠ ᠠᠬ᠎ᠠ ᠲᠡᠬᠦᠥ — ᠡᠯᠥᠨ ᠡᠪᠦᠭᠡ ᠨᠢᠬᠡᠳᠡᠢ ᠠᠬ᠎ᠠ ᠲᠡᠬᠦᠥ︔   ᠥᠶᠡᠨᠴᠢᠷ ᠠᠬ᠎ᠠ ᠲᠡᠬᠦᠥ — ᠬᠤᠯᠣᠨ ᠡᠪᠦᠭᠡ ᠨᠢᠬᠡᠳᠡᠢ ᠠᠬ᠎ᠠ ᠲᠡᠬᠦᠥ︔   ᠬᠠᠶᠠᠨᠴᠢᠷ ᠠᠬ᠎ᠠ ᠲᠡᠬᠦᠥ — ᠬᠤᠯᠪᠣᠭ᠎ᠠ ᠡᠪᠦᠭᠡ ᠨᠢᠬᠡᠳᠡᠢ ᠠᠬ᠎ᠠ ᠲᠡᠬᠦᠥ︔   ᠲᠥᠷᠥᠯ ᠤᠨ ᠠᠬ᠎ᠠ ᠲᠡᠬᠦᠥ — ᠥᠨᠳᠥᠷ ᠡᠪᠦᠭᠡ ᠨᠢᠬᠡᠳᠡᠢ ᠪᠣᠶᠣ ᠲᠡᠬᠦᠨ ᠠᠴᠠ ᠲᠡᠬᠡᠭᠰᠢ ᠥᠶ᠎ᠠ ᠶᠢᠨ ᠡᠪᠦᠭᠡ ᠨᠢᠬᠡᠳᠡᠢ᠂ ᠨᠢᠬᠡ ᠤᠪᠣᠬ ᠶᠠᠰᠣᠨ ᠤ ᠬᠡᠯᠬᠢᠶ᠎ᠠ ᠬᠤᠯᠠᠳᠠᠬᠰᠠᠨ ᠠᠬ᠎ᠠ ᠲᠡᠬᠦᠥ᠃         ᠮᠣᠩᠭᠤᠯᠴᠣᠳ ᠲᠥᠷᠥᠯ ᠰᠡᠳᠥᠨ ᠢᠶᠠᠨ ᠲᠣᠯᠣᠭᠠᠨ ᠵᠥᠢᠯ ᠬᠤᠪᠢᠶᠠᠨ ᠲᠠᠭᠤᠳᠠᠨ᠎ᠠ᠃ ᠡᠨᠡ ᠨᠢ ᠠᠪᠤ ᠶᠢᠨ ᠲᠥᠷᠥᠯ ᠠᠪᠠᠭ᠎ᠠ ᠨᠠᠷ᠂ ᠡᠵᠢ ᠶᠢᠨ ᠲᠥᠷᠥᠯ ᠨᠠᠭᠠᠴᠢ ᠨᠠᠷ᠂ ᠬᠠᠳᠠᠮ᠂ ᠬᠤᠳᠠ ︵ᠬᠤᠳᠠᠭᠠᠢ︶᠂ ᠪᠥᠯᠥ᠂ ᠵᠢᠬᠡ᠂ ᠲᠠᠭᠤᠷ ︵ᠪᠥᠯᠥ︶ ᠵᠡᠷᠬᠡ ᠪᠤᠯᠤᠨ᠎ᠠ᠃          ᠦᠯᠢᠶᠡᠳ ᠠᠴᠠ ᠳᠤᠷᠤᠭᠰᠢ ᠢᠯᠭᠠᠠ ᠳᠠᠭᠤᠳᠠᠬᠤ ᠲᠠᠯ᠎ᠠ ᠪᠠᠷ᠄ ᠦᠯᠢᠶᠡᠳ— ᠲᠦᠷᠦᠭᠰᠡᠨ ᠠᠬ᠎ᠠ ᠲᠡᠭᠦᠣ ᠶᠢᠨ ᠬᠡᠣᠬᠡᠳ︔  ᠦᠯᠢᠶᠡᠳ ᠬᠦᠣ — ᠲᠦᠷᠦᠭᠰᠡᠨ ᠠᠬ᠎ᠠ ᠲᠡᠭᠦᠣ ᠶᠢᠨ ᠬᠦᠦ︔   ᠦᠯᠢᠶᠡᠳ ᠪᠡᠷᠢ — ᠦᠯᠢᠶᠡᠳ ᠬᠦᠣ ᠶᠢᠨ ᠬᠡᠷᠭᠡᠢ︔   ᠬᠠᠯᠢᠶᠠᠳ — ᠦᠯᠢᠶᠡᠳ ᠠᠬ᠎ᠠ ᠲᠡᠭᠦᠣ ᠶᠢᠨ ᠦᠷ᠎ᠡ ᠬᠡᠣᠬᠡᠳ︔   ᠦᠶᠡᠨᠴᠡᠷ ᠠᠬ᠎ᠠ ᠲᠡᠭᠦᠣ — ᠬᠠᠯᠢᠶᠠᠳ ᠠᠬ᠎ᠠ ᠲᠡᠭᠦᠣ ᠠᠴᠠ ᠲᠦᠷᠦᠭᠰᠡᠨ ᠬᠡᠣᠬᠡᠳ︔  ᠪ᠊‍ᠦ᠋ᠯᠦᠨᠴᠡᠷ — ᠬᠤᠶᠠᠷ ᠪᠦᠯᠦ ᠠᠴᠠ ᠲᠦᠷᠦᠭᠰᠡᠨ ᠬᠡᠣᠬᠡᠳ ᠬᠤᠭᠤᠷᠣᠨᠳᠦ ᠪᠠᠨ ᠪᠦᠯᠦᠨᠴᠡᠷ ᠪᠣᠯᠣᠨ᠎ᠠ︔   ᠵᠢᠭᠡᠨᠴᠡᠷ — ᠵᠢᠭᠡ ᠠᠴᠠ ᠲᠦᠷᠦᠭᠰᠡᠨ ᠬᠡᠣᠬᠡᠳ᠃  ᠪᠠᠵᠠ — ᠡᠭᠡᠴᠢ ᠲᠡᠭᠦᠣ ᠬᠤᠶᠠᠷ ᠤᠨ ᠬᠤᠶᠠᠷ ᠡᠷ᠎ᠡ ᠬᠤᠭᠤᠷᠣᠨᠳᠦ ᠪᠠᠨ ᠪᠠᠵᠠ ᠪᠣᠯᠣᠨ᠎ᠠ︔   ᠠᠪᠢᠰᠦᠨ ᠠᠵᠢᠨ — ᠠᠬ᠎ᠠ ᠶᠢᠨ ᠡᠬᠡᠨᠡᠷ ᠲᠡᠭᠦᠣ ᠶᠢᠨ ᠡᠬᠡᠨᠡᠷ ᠤᠨ ᠠᠪᠢᠰᠦᠨ᠂ ᠲᠡᠭᠦᠣ ᠶᠢᠨ ᠡᠬᠡᠨᠡᠷ ᠠᠬ᠎ᠠ ᠶᠢᠨ ᠡᠭᠡᠨᠡᠷ ᠤᠨ ᠠᠵᠢᠨ ᠪᠣᠯᠣᠨ᠎ᠠ︔  ᠠᠪᠠᠯᠢ — ᠠᠩᠬᠠᠨ ᠤ ᠬᠤᠯᠪᠣᠭᠰᠡᠨ ᠡᠷ᠎ᠡ ᠡᠮ᠎ᠠ︔  ᠲᠦᠷᠭᠦᠮ — ᠡᠬᠡᠨᠡᠷ ᠤᠨ ᠦᠪᠡᠷ ᠤᠨ ᠲᠦᠷᠦᠯ ᠰᠠᠳᠣᠨ ᠭᠡᠷ ᠭᠠᠵᠠᠷ᠃       ᠭᠦᠡᠳᠤᠳᠭᠡᠯ ᠳᠠᠭᠤᠳᠠᠯᠭ᠎ᠠ ᠶᠢᠨ ᠳᠤᠬᠠᠢ᠄  ᠠᠪᠣᠭᠠᠢ — ᠠᠬ᠎ᠠ ᠨᠠᠰᠣᠳᠠᠨ ᠢ ᠬᠦᠨᠳᠦᠳᠭᠡᠬᠦ ᠦᠭᠡ︔   ᠠᠪᠠᠭᠠᠢ — ᠨᠠᠰᠣᠳᠠᠢ ᠡᠬᠡᠨᠡᠷ᠂ ᠴᠢᠪᠠᠭᠠᠨᠴᠠ ᠪᠤᠶᠤ ᠭᠡᠷᠭᠡᠢ︔  ᠠᠪᠠᠭ᠋ᠠᠢ — ᠠᠯᠢᠪᠠ ᠢᠵᠠᠭᠤᠷᠳᠠᠨ ᠬᠦᠮᠦᠨ ᠤ ᠦᠬᠢᠨ᠂ ᠬᠠᠶᠠ ᠵᠠᠯᠠᠭᠤ ᠬᠡᠣᠬᠡᠨ ᠪᠤᠶᠤ ᠦᠬᠢᠨ ᠢ ᠶᠦᠭᠡᠭᠡᠬᠦ  ᠳᠤ ᠬᠡᠯᠡᠨ᠎ᠠ︔ ᠵᠢᠳᠦᠭᠡᠷ — ᠨᠢᠭᠡ ᠬᠦᠮᠦᠨ ᠤ ᠬᠤᠶᠠᠷ ᠡᠬᠡᠨᠡᠷ︔  ᠠᠵᠢᠶ᠎ᠠ — ᠯᠠᠮᠠ ᠡᠴᠢᠭᠡ ᠶᠢ ᠴᠡᠭᠡᠷᠯᠡᠨ ᠳᠠᠭᠤᠳᠠᠬᠤ ᠪᠤᠶᠤ ᠣᠷᠤᠭ ᠲᠦᠷᠦᠯ ᠤᠨ ᠳᠣᠳᠣᠷᠠᠬᠢ ᠠᠬ᠎ᠠ ᠬᠦᠮᠦᠨ ᠢ ᠬᠦᠨᠳᠦᠣᠭᠡᠨ ᠴᠡᠭᠡᠷᠯᠠᠨ ᠲᠠᠭᠤᠳᠠᠬᠤ ᠨᠡᠷ᠎ᠡ︔   ᠠᠮ᠎ᠠ — ᠣᠷᠤᠭ ᠲᠦᠷᠦᠯ ᠤᠨ ᠠᠬ᠎ᠠ ᠬᠦᠮᠦᠨ ᠢ ᠬᠦᠨᠳᠦᠳᠭᠡᠨ ᠡᠶᠢᠨᠬᠦ ᠳᠠᠭᠤᠳᠠᠨ᠎ᠠ︔  ᠠᠮᠪᠠ — ᠣᠷᠤᠭ ᠲᠦᠷᠦᠯ ᠤᠨ ᠵᠡᠷᠭᠡ ᠠᠬ᠎ᠠ ᠨᠠᠰᠦᠨ ᠤ ᠬᠦᠮᠦᠨ ᠢ ᠬᠦᠨᠳᠦᠳᠭᠡᠨ ᠵᠢᠩᠬᠢᠨᠢ ᠨᠡᠷ᠎ᠡ ᠶᠢ ᠴᠡᠭᠡᠷᠯᠡᠵᠦ ᠡᠶᠢᠨᠬᠦ ᠲᠠᠭᠤᠳᠠᠨ᠎ᠠ︔  ᠠᠭ᠎ᠠ — ᠣᠷᠤᠭ ᠲᠦᠷᠦᠯ ᠤᠨ ᠳᠣᠳᠣᠷᠠᠬᠢ ᠨᠠᠰᠦ ᠠᠬ᠎ᠠ ᠡᠷᠡᠭᠳᠡᠢ ᠬᠦᠮᠦᠨ ᠢ ᠬᠦᠨᠳᠦᠳᠭᠡᠨ ᠨᠡᠷ᠎ᠡ ᠶᠢ ᠴᠡᠭᠡᠷᠯᠡᠵᠦ ᠡᠶᠢᠨᠬᠦ ᠳᠠᠭᠤᠳᠠᠨ᠎ᠠ᠂ ᠪᠠᠰᠠ ᠣᠷᠢᠳᠦ ᠶᠢᠨ ᠴᠠᠭ ᠲᠤ ᠡᠮᠡᠭᠳᠡᠢ ᠬᠦᠮᠦᠨ ᠢ ᠬᠦᠨᠳᠦᠳᠭᠡᠨ ᠨᠡᠷ᠎ᠡ ᠶᠢ ᠴᠡᠭᠡᠷᠯᠡᠵᠦ ᠡᠶᠢᠨᠬᠦ ᠳᠠᠭᠤᠳᠠᠨ᠎ᠠ︔   ᠠᠨᠢᠶ᠎ᠠ — ᠲᠦᠷᠦᠯ ᠤᠨ ᠲᠣᠳᠣᠷᠠᠬᠢ ᠨᠠᠰᠦ ᠠᠬ᠎ᠠ ᠬᠦᠮᠦᠰ ᠤᠨ ᠨᠡᠷ᠎ᠡ ᠶᠢ ᠴᠡᠭᠡᠷᠯᠡᠵᠦ ᠡᠶᠢᠨᠬᠦ ᠳᠠᠭᠤᠳᠠᠨ᠎ᠠ᠃           ᠡᠬᠦᠨ ᠠᠴᠠ ᠭᠠᠳᠠᠨ᠎ᠠ ᠬᠠᠳᠠᠬ ᠲᠠᠯᠪᠢᠵᠣ ᠮᠥᠷᠬᠦᠭᠰᠡᠨ᠂ ᠲᠡᠭᠷᠢ ᠳᠤ ᠮᠥᠷᠬᠦᠭᠰᠡᠨ᠂ ᠡᠷᠬᠦᠵᠥ ᠥᠷᠡᠲᠡᠴᠢᠯᠡᠭᠰᠡᠨ᠂ ᠫᠤᠤ ᠶᠢᠨ ᠠᠮᠠ ᠲᠤᠯᠢᠶᠠᠯᠴᠠᠨ ᠴᠢᠰᠤ ᠪᠠᠨ ᠤᠤᠭᠤᠯᠴᠠᠨ ᠠᠬ᠎ᠠ ᠲᠡᠭᠦᠦ ᠪᠠᠷᠢᠯᠳᠤᠭᠰᠡᠳ ᠢ ᠲᠠᠩᠭᠠᠷᠢᠭ ᠲᠦᠷᠦᠯ ᠭᠡᠵᠤ ᠨᠡᠷᠡᠰᠢᠭᠦᠯᠳᠡᠭ ᠬᠡᠬᠦ ᠮᠡᠳᠥ ᠶᠢᠨ ᠲᠥᠷᠥᠯ ᠤᠨ ᠲᠠᠭᠤᠳᠠᠯᠭ᠎ᠠ ᠴᠥ ᠪᠠᠶᠢᠳᠠᠬ᠃  ᠢᠷᠡᠯᠲᠡ ᠄  ᠬᠤᠯᠪᠤᠭ᠎ᠠ  ᠪᠦᠷᠭᠡᠳᠡᠪᠰᠢᠭᠦᠯᠦᠭᠴᠢ ᠄  ᠲᠡᠷᠭᠡᠯ 
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2